ᠤᠷᠳᠤ ᠤᠳᠠᠭᠠᠨ ᠲᠡᠤᠬᠡᠨ ᠶᠠᠪᠤᠴᠠ ᠳᠤ ᠮᠤᠩᠭᠤᠯ ᠥᠨᠳᠤᠰᠤᠳᠡᠨ ᠤ ᠠᠵᠤ ᠠᠮᠢᠳᠤᠷᠠᠯ ᠤᠨ ᠲᠤᠮᠳᠠ | ᠮᠠᠰᠢ ᠠᠷᠪᠢᠨ ᠶᠤᠰᠤ ᠵᠠᠩᠰᠢᠯ ᠪᠤᠢ ᠪᠤᠯᠵᠤ ᠪᠥᠷᠢᠯᠳᠦᠭᠰᠡᠨ ᠪᠢᠯᠡ᠃ ᠲᠡᠳᠡᠬᠡᠷ ᠶᠤᠰᠤ ᠵᠠᠩᠰᠢᠯ ᠤᠨ ᠲᠤᠳᠤᠷ᠎ᠠ ᠠᠴᠠ | ᠴᠡᠬᠡᠷ ᠶᠤᠰᠤᠨ ᠨᠢ ᠲᠦᠢᠯ ᠤᠨ ᠴᠢᠬᠤᠯᠠ ᠪᠥᠷᠢᠯᠳᠤᠬᠦᠨ ᠪᠤᠯᠬᠤ ᠨᠢ ᠲᠠᠮᠵᠢᠭ ᠥᠬᠡᠢ ᠶᠤᠮ᠃ ᠲᠤᠤᠷ᠎ᠠ | ᠮᠤᠩᠭᠤᠯᠴᠤᠤᠨ ᠤᠨ ᠴᠡᠬᠡᠷ ᠶᠤᠰᠤᠨ ᠤ ᠲᠤᠬᠠᠢ ᠲᠥᠬᠦᠮ ᠲᠠᠨᠢᠯᠴᠠᠭᠤᠯᠤᠶ᠎ᠠ᠃ | 1᠂ ᠭᠠᠯ ᠤᠨ ᠲᠤᠬᠠᠢ ᠴᠡᠬᠡᠷ ᠶᠤᠰᠤᠨ | ᠮᠤᠩᠭᠤᠯᠴᠤᠤᠨ ᠭᠠᠯ ᠤᠨ ᠪᠤᠷᠬᠠᠨ᠂ ᠭᠤᠯᠤᠮᠳᠠ ᠲᠤᠯᠭ᠎ᠠ ᠪᠠᠨ ᠲᠡᠬᠡᠳᠤᠯᠠᠨ ᠰᠢᠳᠤᠵᠤ᠂ ᠭᠠᠯ ᠢ ᠠᠯᠢᠪᠠ | ᠮᠠᠭᠤ ᠮᠠᠭᠤᠬᠠᠢ ᠶᠠᠭᠤᠮ᠎ᠠ ᠪᠤᠯᠤᠨ ᠭᠠᠢ ᠪᠠᠷᠴᠢᠤᠨ ᠢ ᠵᠠᠶᠢᠯᠠᠭᠤᠯᠳᠠᠭ ᠬᠡᠮᠡᠨ ᠥᠵᠡᠳᠡᠭ᠃ ᠡᠶᠢᠮᠤ ᠠᠴᠠ ᠮᠤᠩᠭᠤᠯ | ᠬᠡᠷ ᠲᠤ ᠤᠷᠤᠭᠰᠠᠨ ᠤ ᠲᠠᠷᠠᠭ᠎ᠠ ᠲᠤᠯᠭ᠎ᠠ ᠶᠢᠨ ᠲᠡᠬᠡᠷ᠎ᠡ ᠬᠥᠯ ᠢᠶᠠᠨ ᠰᠢᠷᠠᠬᠤ ᠶᠢ ᠴᠡᠬᠡᠷᠯᠡᠳᠡᠭ ᠮᠥᠷᠳᠡᠬᠡᠨ | ᠲᠤᠯᠭ᠎ᠠ ᠶᠢᠨ ᠬᠠᠵᠠᠭᠤ ᠳᠤ ᠨᠦᠢᠳᠠᠨ ᠭᠤᠳᠤᠯ ᠱᠠᠬᠠᠢ ᠪᠠᠨ ᠬᠠᠳᠠᠭᠠᠬᠤ ᠶᠢ ᠨᠡᠩ ᠶᠡᠭᠡ ᠴᠡᠬᠡᠷᠯᠡᠳᠡᠭ ᠶᠤᠮ᠃ ᠪᠠᠰᠠ | ᠲᠤᠯᠭ᠎ᠠ ᠶᠢᠨ ᠲᠡᠬᠡᠬᠦᠷ ᠠᠯᠬᠤᠬᠤ ᠪᠤᠶᠤ ᠲᠤᠯᠭ᠎ᠠ ᠶᠢᠨ ᠲᠡᠬᠡᠷ᠎ᠡ ᠬᠢᠰᠬᠢᠬᠦ᠂ ᠲᠠᠮᠠᠬᠢᠨ ᠭᠠᠨᠭ᠍ᠰᠠ ᠪᠠᠨ ᠲᠤᠯᠭ᠎ᠠ ᠶᠢᠨ | ᠲᠡᠬᠡᠷ᠎ᠡ ᠬᠥᠪᠢᠬᠦ᠂ ᠶᠠᠭᠤᠮ᠎ᠠ ᠴᠤᠬᠢᠬᠤ᠂ ᠪᠤᠵᠠᠷ ᠪᠤᠷᠳᠠᠭ ᠶᠠᠭᠤᠮ᠎ᠠ ᠬᠠᠶᠠᠬᠤ ᠶᠢ ᠴᠡᠬᠡᠷᠯᠡᠨ᠎ᠡ᠃ ᠬᠢᠳᠤᠭ᠎ᠠ ᠪᠠᠷ ᠭᠠᠯ | ᠭᠤᠴᠢᠯᠠᠬᠤ᠂ ᠭᠠᠯ ᠤᠨ ᠲᠤᠳᠤᠷ᠎ᠠ ᠬᠢᠳᠤᠭ᠎ᠠ ᠤᠷᠤᠭᠤᠯᠬᠤ ᠪᠤᠶᠤ ᠲᠤᠭᠤᠭᠠᠨ ᠠᠴᠠ ᠬᠢᠳᠤᠭ᠎ᠠ ᠪᠠᠷ ᠮᠢᠬ᠎ᠠ | ᠠᠪᠬᠤ ᠶᠢ ᠶᠡᠭᠡ ᠴᠡᠬᠡᠷᠯᠡᠳᠡᠭ᠃ | 2᠂ ᠤᠰᠤᠨ ᠤ ᠲᠤᠬᠠᠢ ᠴᠡᠬᠡᠷ ᠶᠤᠰᠤᠨ | ᠮᠤᠩᠭᠤᠯᠴᠤᠤᠨ ᠤᠰᠤ ᠶᠢ ᠷᠠᠰᠢᠶᠠᠨ ᠤ ᠲᠡᠬᠡᠳᠤ ᠬᠡᠵᠤ ᠲᠡᠬᠡᠳᠤᠯᠡᠳᠡᠭ᠃ ᠡᠶᠢᠮᠤ ᠠᠴᠠ ᠭᠤᠤᠯ | ᠮᠥᠷᠠᠨ ᠳᠤ ᠭᠠᠷ ᠢᠶᠠᠨ ᠤᠬᠢᠶᠠᠬᠤ ᠪᠤᠶᠤ ᠪᠡᠶ᠎ᠡ ᠪᠠᠨ ᠤᠬᠢᠶᠠᠳᠠᠭ ᠥᠬᠡᠢ᠃ ᠨᠡᠩ ᠴᠤ ᠭᠤᠤᠯ ᠮᠥᠷᠡᠨ ᠳᠤ ᠬᠤᠭ | ᠨᠤᠪᠰᠢ ᠬᠠᠶᠠᠬᠤ ᠶᠢ ᠴᠡᠬᠡᠷᠯᠡᠳᠡᠭ᠃ ᠮᠤᠩᠭᠤᠯ ᠨᠤᠳᠤᠭ ᠭᠠᠨᠭ᠌ ᠬᠠᠭᠤᠷᠠᠢ᠂ ᠤᠰᠤ ᠲᠤᠳᠠᠮᠠᠭ᠂ ᠤᠰᠤ ᠡᠪᠡᠰᠤ ᠪᠠᠨ | ᠲᠠᠭᠠᠵᠤ ᠨᠡᠬᠦᠳᠡᠯᠯᠡᠨ ᠮᠠᠯᠵᠢᠵᠤ ᠠᠵᠤ ᠲᠦᠷᠦᠳᠡᠭ ᠮᠤᠩᠭᠤᠯᠴᠤᠤᠨ ᠲᠤ ᠠᠪᠴᠤ ᠬᠡᠯᠡᠪᠡᠯ ᠤᠰᠤ ᠪᠤᠯ ᠠᠮᠢ | ᠨᠠᠰᠤᠨ ᠤ ᠡᠬᠢ ᠰᠤᠷᠪᠤᠯᠵᠢ ᠪᠤᠯᠬᠤ ᠤᠴᠢᠷᠳᠠᠢ᠃ ᠡᠶᠢᠮᠤ ᠠᠴᠠ ᠮᠤᠩᠭᠤᠯᠴᠤᠤᠨ ᠤᠰᠤᠨ ᠤ ᠴᠡᠪᠡᠷ ᠲᠤᠩᠭᠠᠯᠠᠭ ᠢ | ᠬᠠᠮᠠᠭᠠᠯᠠᠵᠤ᠂ ᠭᠠᠮᠨᠠᠨ ᠠᠷᠪᠢᠯᠠᠭᠰᠠᠭᠠᠷ ᠢᠷᠡᠭᠰᠡᠨ ᠪᠢᠯᠡ᠃ | 3᠂ ᠡᠪᠡᠳᠴᠢᠨ ᠤ ᠲᠤᠬᠠᠢ ᠴᠡᠬᠡᠷ ᠶᠤᠰᠤᠨ | ᠠᠶᠢᠯ ᠳᠤ ᠬᠡᠷᠪᠡ ᠬᠥᠨᠳᠤ ᠡᠪᠡᠳᠴᠢᠨ ᠲᠠᠢ ᠪᠤᠶᠤ ᠠᠶᠤᠯᠳᠤ ᠠᠷᠬᠠᠭ ᠲᠤ ᠨᠡᠷᠪᠡᠭᠳᠡᠭᠰᠡᠨ ᠬᠥᠮᠤᠨ | ᠪᠠᠶᠢᠬᠤ ᠳᠤ ᠬᠥᠷᠪᠡᠯ᠂ ᠬᠡᠷ ᠤᠨ ᠢᠶᠠᠨ ᠵᠡᠬᠦᠨ ᠲᠠᠯ᠎ᠠ ᠳᠤ ᠲᠡᠬᠡᠰᠤ ᠡᠯᠬᠦᠳᠡᠭ᠃ ᠡᠨᠡ ᠨᠢ ᠠᠶᠢᠯ ᠤᠨ ᠬᠡᠷ ᠲᠤ | ᠡᠪᠡᠳᠴᠢᠨ ᠲᠠᠢ ᠬᠥᠮᠤᠨ ᠪᠠᠶᠢᠭ᠎ᠠ᠂ ᠵᠤᠴᠢᠨ ᠵᠤᠴᠢᠯᠠᠬᠤ ᠳᠤ ᠲᠥᠬᠦᠮ ᠥᠬᠡᠢ ᠬᠡᠳᠡᠭ ᠢ ᠢᠯᠡᠳᠬᠡᠵᠤ ᠪᠠᠶᠢᠳᠠᠭ᠃ | 4᠂ ᠲᠥᠷᠤᠵᠤ ᠮᠡᠨᠳᠤᠯᠡᠬᠦ ᠶᠢᠨ ᠲᠤᠬᠠᠢ ᠴᠡᠬᠡᠷ ᠶᠤᠰᠤᠨ | ᠮᠤᠩᠭᠤᠯ ᠨᠤᠳᠤᠭ ᠠᠭᠤᠳᠠᠮ ᠪᠤᠯᠬᠤᠷ ᠭᠠᠵᠠᠷ ᠭᠠᠵᠠᠷ ᠤᠨ ᠵᠠᠩ ᠲᠠᠳᠬᠠᠯ ᠶᠠᠬᠡᠨᠭᠭᠢ ᠳᠡᠭᠡᠨ ᠠᠳᠠᠯᠢ | ᠪᠤᠯᠪᠠᠴᠤ ᠪᠠᠰᠠ ᠠᠳᠠᠯᠢ ᠥᠬᠡᠢ ᠲᠠᠯ᠎ᠠ ᠴᠤ ᠪᠤᠢ᠃ ᠮᠤᠩᠭᠤᠯ ᠪᠥᠰᠡᠬᠦ᠋ᠢᠴᠤᠤᠨ ᠬᠡᠤᠬᠡᠤᠨ ᠲᠥᠷᠤᠵᠤ᠂ ᠰᠠᠷ᠎ᠠ ᠳᠤ | ᠰᠠᠭᠤᠭᠰᠠᠨ ᠥᠶ᠎ᠡ ᠳᠤ ᠭᠠᠳᠠᠨ᠎ᠠ ᠶᠢᠨ ᠬᠥᠮᠤᠨ ᠢ ᠤᠷᠤᠭᠤᠯᠳᠠᠭ ᠥᠬᠡᠢ᠃ ᠡᠬᠦᠳᠡᠨ ᠤ ᠲᠡᠷᠬᠡᠳᠡ ᠢᠯᠡ | ᠬᠠᠷᠠᠭᠳᠠᠬᠤ ᠲᠡᠮᠳᠡᠭ ᠲᠠᠯᠪᠢᠳᠠᠭ᠃ ᠬᠡᠷᠪᠡ ᠬᠥᠪᠡᠬᠦᠨ ᠲᠦᠷᠦᠭᠰᠡᠨ ᠪᠤᠯ ᠨᠤᠮᠤ ᠰᠤᠮᠤ ᠡᠯᠬᠦᠬᠦ᠂ ᠥᠬᠢᠨ | ᠲᠦᠷᠦᠭᠰᠡᠨ ᠪᠤᠯ ᠤᠯᠠᠭᠠᠨ ᠪᠥᠰ ᠤᠶᠠᠳᠠᠭ᠃ ᠵᠤᠴᠢᠨ ᠡᠨᠡᠬᠦ ᠲᠡᠮᠳᠡᠭ ᠢ ᠬᠠᠷᠠᠪᠠᠯ ᠡᠨᠡ ᠠᠶᠢᠯ ᠤᠨ ᠪᠥᠰᠡᠬᠦᠢ ᠰᠠᠶ᠋ᠢ | ᠬᠡᠤᠬᠡᠤᠨ ᠲᠥᠷᠤᠵᠤ ᠰᠠᠷ᠎ᠠ ᠳᠤ ᠰᠠᠭᠤᠭᠰᠠᠨ ᠶᠤᠮ ᠪᠠᠶᠢᠨ᠎ᠠ ᠬᠡᠵᠤ ᠮᠡᠳᠡᠬᠡᠤᠨ ᠬᠡᠷ ᠲᠤᠨᠢ ᠤᠷᠤᠳᠠᠭ ᠥᠬᠡᠢ ᠪᠢᠯᠡ᠃ | 5᠂ ᠡᠬᠦᠳᠡᠨ ᠪᠤᠱᠤᠭᠠᠨ ᠤ ᠲᠤᠬᠠᠢ ᠴᠡᠬᠡᠷ ᠶᠤᠰᠤᠨ | ᠡᠬᠦᠳᠡᠨ ᠪᠤᠱᠤᠭ᠎ᠠ ᠲᠡᠬᠡᠷ᠎ᠡ ᠬᠢᠰᠬᠢᠳᠡᠭ ᠥᠬᠡᠢ᠂ ᠬᠡᠷ ᠲᠤ ᠤᠷᠤᠵᠤ ᠭᠠᠷᠬᠤ ᠥᠶᠡᠰ ᠡᠬᠦᠳᠡᠨ | ᠪᠤᠱᠤᠭ᠎ᠠ ᠶᠢ ᠶᠠᠭᠠᠬᠢᠭᠰᠠᠨ ᠴᠤ ᠬᠢᠰᠬᠢᠵᠤ ᠪᠤᠯᠳᠠᠭ ᠥᠬᠡᠢ ᠶᠤᠮ᠃ ᠲᠠᠷᠢᠶᠠᠯᠠᠬᠤ ᠤᠷᠤᠨ ᠤ ᠮᠤᠩᠭᠤᠯᠴᠤᠤᠨ ᠪᠤᠶᠤ | ᠬᠠᠭᠠᠰ ᠲᠠᠷᠢᠶᠠᠯᠠᠬᠤ᠂ ᠬᠠᠭᠠᠰ ᠮᠠᠯᠵᠢᠬᠤ ᠤᠷᠤᠨ ᠤ ᠮᠤᠩᠭᠤᠯᠴᠤᠤᠨ ᠴᠤ ᠡᠨᠡᠬᠦ ᠴᠡᠬᠡᠷ ᠢ ᠶᠡᠬᠡᠳᠡ ᠡᠷᠬᠢᠮᠯᠡᠳᠡᠭ᠃ | ᠡᠷᠳᠡᠨ ᠳᠤ ᠵᠠᠷᠢᠮ ᠬᠥᠮᠤᠨ ᠬᠢᠴᠢᠶᠡᠮᠵᠢ ᠥᠬᠡᠢ ᠠᠴᠠ ᠪᠤᠯᠵᠤ ᠮᠤᠩᠭᠤᠯ ᠤᠨ ᠬᠠᠭᠠᠨ ᠤ ᠤᠷᠳᠤᠨ ᠤ ᠪᠤᠱᠤᠭ᠎ᠠ ᠶᠢ | ᠬᠢᠰᠬᠢᠭᠰᠡᠨ ᠠᠴᠠ ᠪᠤᠯᠵᠤ ᠴᠠᠭᠠᠵᠠᠯᠠᠭᠤᠯᠤᠭᠰᠠᠨ ᠶᠠᠪᠤᠳᠠᠯ ᠴᠤ ᠪᠤᠢ᠃ ᠡᠨᠡᠬᠦ ᠴᠡᠬᠡᠷ ᠶᠤᠰᠤᠨ ᠨᠢ ᠤᠳᠤ | ᠪᠤᠯᠳᠠᠯ᠎ᠠ ᠪᠠᠨ ᠤᠯᠠᠮᠵᠢᠯᠠᠭᠳᠠᠭᠰᠠᠭᠠᠷ ᠶᠤᠮ᠃ | 6᠂ ᠲᠤᠯᠤᠭᠠᠢ ᠢᠯᠪᠢᠵᠤ ᠪᠤᠯᠳᠠᠭ ᠥᠬᠡᠢ ᠴᠡᠬᠡᠷ ᠶᠤᠰᠤᠨ | ᠮᠤᠩᠭᠤᠯᠴᠤᠤᠨ ᠤᠨ ᠲᠤᠮᠳᠠ ᠥᠯᠤ ᠲᠠᠨᠢᠬᠤ ᠬᠥᠮᠤᠨ ᠬᠡᠤᠬᠡᠤᠨ ᠤᠨ ᠲᠤᠯᠤᠭᠠᠢ ᠶᠢ ᠢᠯᠪᠢᠵᠤ ᠪᠤᠯᠳᠠᠭ | ᠥᠬᠡᠢ ᠴᠡᠬᠡᠷ ᠶᠤᠰᠤᠨ ᠪᠤᠢ᠃ ᠬᠠᠭᠤᠴᠢᠨ ᠤ ᠥᠵᠡᠯᠳᠡ ᠪᠠᠷ ᠪᠤᠯ ᠥᠯᠤ ᠲᠠᠨᠢᠬᠤ ᠬᠥᠮᠤᠨ ᠤ ᠭᠠᠷ ᠪᠤᠵᠠᠷ | ᠪᠠᠷᠴᠢᠤᠨ ᠲᠠᠢ ᠪᠠᠶᠢᠳᠠᠭ᠂ ᠡᠶᠢᠮᠤ ᠠᠴᠠ ᠬᠡᠷᠪᠡ ᠬᠡᠤᠬᠡᠤᠨ ᠤᠨ ᠲᠤᠯᠤᠭᠠᠢ ᠶᠢ ᠢᠯᠪᠢᠪᠠᠯ ᠬᠡᠤᠬᠡᠤᠨ ᠤᠨ ᠡᠷᠡᠬᠦᠯ | ᠮᠡᠨᠳᠤ ᠳᠤ ᠠᠰᠢᠭ ᠥᠬᠡᠢ ᠬᠡᠮᠡᠨ ᠥᠵᠡᠳᠡᠭ᠃ | 7᠂ ᠨᠤᠬᠠᠢ ᠴᠤᠬᠢᠳᠠᠭ ᠥᠬᠡᠢ ᠴᠡᠬᠡᠷ ᠶᠤᠰᠤᠨ | ᠮᠠᠯᠴᠢᠨ ᠠᠶᠢᠯ ᠳᠤ ᠵᠤᠴᠢᠯᠠᠬᠤ ᠥᠶᠡᠰ ᠬᠡᠷ ᠤᠨ ᠬᠢᠨᠢ ᠬᠠᠵᠠᠭᠤ ᠪᠠᠷ ᠠᠭᠠᠵᠢᠮ ᠮᠤᠷᠢᠯᠠᠵᠤ᠂ ᠬᠡᠷ ᠤᠨ ᠡᠵᠡᠨ | ᠭᠠᠷᠴᠤ ᠢᠷᠡᠨ ᠤᠭᠳᠤᠬᠤ ᠶᠢ ᠬᠥᠯᠢᠶᠡᠨ᠂ ᠨᠤᠬᠠᠢ ᠶᠢ ᠨᠢ ᠰᠠᠶᠢᠨ ᠠᠩᠬᠠᠷᠤᠭᠰᠠᠨ ᠤ ᠲᠠᠷᠠᠭ᠎ᠠ ᠰᠠᠶ᠋ᠢ | ᠮᠤᠷᠢᠨ ᠠᠴᠠ ᠪᠠᠨ ᠪᠠᠭᠤᠳᠠᠭ᠃ ᠡᠨᠡ ᠨᠢ ᠨᠤᠬᠠᠢ ᠳᠤᠨᠢ ᠬᠠᠵᠠᠭᠳᠠᠬᠤ ᠠᠴᠠ ᠰᠡᠷᠬᠡᠶᠢᠯᠡᠵᠤ ᠪᠠᠶᠢᠭ᠎ᠠ ᠶᠢᠨ ᠬᠡᠷᠡᠭ | ᠪᠢᠯᠡ᠃ ᠠᠶᠢᠯ ᠤᠨ ᠨᠤᠬᠠᠢ ᠶᠢ ᠵᠤᠳᠤᠵᠤ ᠴᠤᠬᠢᠬᠤ ᠪᠤᠶᠤ ᠬᠠᠷᠢᠶᠠᠵᠤ ᠵᠥᠬᠡᠬᠦ ᠶᠢ ᠴᠡᠬᠡᠷᠯᠡᠳᠡᠭ᠃ ᠶᠠᠭᠠᠬᠢᠭᠠᠤᠨ | ᠬᠡᠪᠡᠯ ᠮᠤᠩᠭᠤᠯᠴᠤᠤᠨ ᠨᠤᠬᠠᠢ ᠶᠢ ᠨᠥᠬᠦᠷ ᠢᠶᠠᠨ ᠬᠡᠵᠤ ᠥᠵᠡᠳᠡᠭ᠃ | 8᠂ ᠵᠤᠴᠢᠯᠠᠭᠤᠯᠬᠤ ᠴᠡᠬᠡᠷ ᠶᠤᠰᠤᠨ | ᠮᠠᠯᠴᠢᠤᠨ ᠬᠠᠯᠠᠭᠤᠨ ᠵᠤᠴᠢᠨᠰᠠᠭ ᠪᠤᠯᠪᠠᠴᠤ ᠵᠤᠴᠢᠯᠠᠭᠤᠯᠬᠤ ᠬᠥᠮᠤᠨ ᠳᠤ ᠠᠩᠬᠠᠷᠬᠤ ᠴᠢᠬᠤᠯᠠᠳᠠᠢ ᠴᠡᠬᠡᠷ | ᠶᠤᠰᠤᠨ ᠠᠷᠪᠢᠨ ᠪᠤᠢ᠃ ᠵᠤᠴᠢᠨ ᠬᠡᠷ ᠲᠤ ᠤᠷᠤᠬᠤ ᠥᠶ᠎ᠡ ᠳᠤ ᠲᠡᠪᠡᠯ ᠬᠤᠪᠴᠠᠰᠤ ᠪᠠᠨ ᠠᠩᠬᠠᠷᠬᠤ ᠬᠡᠷᠡᠭᠳᠡᠢ᠃ | ᠠᠶᠢᠯ ᠤᠨ ᠬᠡᠷ ᠲᠤ ᠲᠠᠰᠢᠭᠤᠷ ᠠᠪᠴᠤ ᠤᠷᠤᠳᠠᠭ ᠥᠬᠡᠢ ᠪᠢᠯᠡ᠃ ᠲᠠᠰᠢᠭᠤᠷ ᠢᠶᠠᠨ ᠮᠤᠩᠭᠤᠯ ᠬᠡᠷ ᠤᠨ ᠪᠠᠷᠠᠭᠤᠨ | ᠲᠠᠯ᠎ᠠ ᠳᠤᠨᠢ ᠵᠤᠭᠰᠤᠭ᠎ᠠ ᠲᠠᠯᠪᠢᠨ᠎ᠠ᠃ ᠬᠡᠷ ᠲᠤ ᠤᠷᠤᠭᠰᠠᠨ ᠤ ᠲᠠᠷᠠᠭ᠎ᠠ ᠪᠤᠷᠬᠠᠨ ᠤ ᠬᠢᠨᠢ ᠡᠮᠤᠨ᠎ᠡ ᠰᠠᠭᠤᠵᠤ ᠪᠤᠯᠬᠤ | ᠥᠬᠡᠢ ᠪᠢᠯᠡ᠃ ᠬᠡᠷᠪᠡ ᠴᠡᠬᠡᠷ ᠶᠤᠰᠤ ᠶᠢ ᠲᠠᠭᠠᠬᠤ ᠥᠬᠡᠢ ᠪᠤᠯ ᠠᠶᠢᠯ ᠤᠨ ᠡᠵᠡᠨ ᠢ ᠬᠥᠨᠳᠤᠳᠬᠡᠭᠰᠡᠨ ᠥᠬᠡᠢ᠂ | ᠲᠤᠤᠷ᠎ᠠ ᠥᠵᠡᠭᠰᠡᠨ ᠳᠤ ᠲᠤᠭᠠᠴᠠᠭᠳᠠᠵᠤ᠂ ᠶᠤᠰᠤ ᠴᠡᠬᠡᠷ ᠮᠡᠳᠡᠬᠦ ᠥᠬᠡᠢ᠂ ᠤᠬᠠᠭᠠᠨ ᠲᠤᠮᠤᠭ᠎ᠠ ᠥᠬᠡᠢ ᠬᠥᠮᠤᠨ | ᠬᠡᠵᠤ ᠤᠢᠢᠯᠠᠭᠠᠭᠳᠠᠬᠤ ᠪᠤᠯᠤᠨ᠎ᠠ᠃ | |