ᠬᠤᠳᠤᠭᠤᠳᠤ ᠳᠠᠯᠠᠯᠬᠤ ᠶᠤᠰᠤᠨ ᠤ ᠲᠤᠬᠠᠢ
ᠨᠡᠶᠢᠲᠡᠯᠡᠭᠰᠡᠨ ᠴᠠᠭ᠄
2018-12-06
       ᠡᠷᠳᠡ ᠳᠡᠭᠡᠳᠦᠰ ᠠᠴᠠ ᠮᠠᠨ ᠤ ᠮᠤᠩᠭᠤᠯ ᠬᠦᠮᠦᠨ ᠶᠡᠷᠦᠨᠢ ᠶᠠᠮᠠᠷᠪᠠ ᠶᠠᠪᠤᠳᠠᠯ ᠤᠴᠢᠷ ᠢ ᠪᠦᠷ ᠡᠮᠬᠢ ᠵᠠᠮᠪᠠᠷᠠᠭ᠎ᠠ ᠲᠠᠢ ᠬᠢᠳᠡᠭ ᠤᠯᠠᠮᠵᠢᠯᠠᠯᠳᠦ ᠰᠠᠶᠢᠬᠠᠨ ᠵᠠᠩ ᠶᠤᠰᠤᠨ ᠪᠠᠶᠢᠳᠠᠭ ᠪᠢᠯᠨ᠃        ᠬᠤᠳᠤᠭᠤᠳᠤ ᠳᠠᠯᠠᠯᠬᠤ ᠶᠤᠰᠤᠨ ᠭᠡᠳᠡᠭ ᠪᠤᠯ ᠳᠠᠯᠢᠢᠠᠠᠴᠢ᠂ ᠦᠡᠳᠦᠷ ᠨᠠᠰᠤᠳᠡᠨ ᠳᠤ ᠶᠠᠪᠤᠭᠤᠯᠬᠤ ᠨᠢᠭᠡᠨ ᠵᠦᠢᠯ ᠤᠨ ᠶᠤᠰᠤ ᠵᠠᠩᠰᠢᠯ ᠪᠤᠯᠤᠨ᠎ᠠ᠃ ᠡᠨᠡ ᠨᠢ ᠨᠠᠰᠤ ᠪᠠᠷᠬᠠᠰᠡᠨ ᠨᠠᠰᠤᠳᠡᠨ ᠢ ᠭᠡᠷ ᠠᠴᠠ ᠭᠠᠷᠭᠠᠬᠤ ︵ᠬᠠᠨᠠᠳᠦ ᠬᠡᠷ ᠠᠴᠠ ᠬᠠᠳᠠᠨ ᠭᠡᠷ ᠲᠤᠨᠢ ᠮᠤᠷᠳᠠᠭᠤᠯᠬᠤ︶ ᠠᠴᠠ ᠡᠮᠦᠨ᠎ᠠ ᠶᠠᠭ ᠭᠠᠷᠭᠠᠵᠦ ᠶᠠᠪᠤᠬᠤ ᠦᠶᠡᠰ ᠶᠠᠪᠤᠭᠳᠠᠭᠤᠯᠳᠠᠭ ᠨᠢᠭᠡᠨ ᠵᠦᠢᠯ ᠤᠨ ᠶᠤᠰᠤ ᠭᠤᠷᠢᠮ ᠶᠤᠮ᠃ ᠡᠭᠦᠨ ᠳᠤ ᠰᠢᠨ᠎ᠠ ᠵᠠᠷᠤᠭᠰᠡᠨ ᠬᠤᠨᠢᠨ ᠤ ᠬᠤᠳᠤᠭᠤᠳᠤᠨ ᠳᠤ ᠴᠢᠰᠦ ᠴᠢᠳᠬᠤᠨ ᠴᠢᠨᠠᠵᠦ ᠪᠤᠯᠭᠤᠵᠦ ᠳᠠᠪᠠᠭ ᠲᠤ ᠳᠠᠯᠪᠢᠵᠦ ᠨᠠᠰᠤᠳᠡᠨ ᠢ ᠭᠠᠳ᠋ᠬᠠᠰᠢᠯᠠᠭᠤᠯᠬᠤ ᠳᠡᠷᠭᠡ ᠬᠦᠳᠡᠯᠬᠦ ᠦᠶᠡᠰ ᠲᠤ ᠨᠠᠰᠤᠳᠡᠨ ᠤ ᠲᠦᠷᠦᠯ ᠲᠦᠷᠦᠭᠰᠡᠳ᠂ ᠳᠠᠷᠤᠢ ᠬᠦᠦ ᠪᠠᠶᠢᠪᠠᠯ ᠬᠦᠦ ᠨᠢ ᠦᠪᠡᠷ ᠤᠨ ᠪᠡᠶ ᠎ᠠ ᠪᠠᠷ ᠢᠶᠠᠨ ᠡᠨᠡ ᠶᠤᠰᠤ ᠵᠠᠩᠰᠢᠯ ᠢ ᠬᠦᠢᠴᠡᠳᠬᠡᠳᠡᠭ᠃ ᠬᠡᠷᠪᠡ ᠬᠦᠦ ᠦᠭᠡᠢ ᠪᠤᠯ ᠨᠠᠰᠤᠳᠡᠨ ᠤ ᠬᠡᠤᠬᠡᠨ ᠨᠢ ᠡᠨᠡᠬᠦ ᠶᠤᠰᠤ ᠵᠠᠩᠰᠢᠯ ᠢ ᠬᠦᠢᠴᠡᠳᠬᠡᠳᠡᠭ ᠪᠠᠶᠢᠨ᠎ᠠ᠃ ᠡᠩ ᠳᠠᠷᠢᠭᠦᠨ ᠳᠤ ᠳᠠᠪᠠᠭ ᠲᠤ ᠴᠢᠨᠠᠵᠦ ᠪᠡᠯᠡᠳᠬᠡᠭᠰᠡᠨ ᠬᠤᠨᠢᠨ ᠤ ᠬᠤᠳᠤᠭᠤᠳᠤ ᠪᠠᠨ ᠳᠠᠯᠪᠢᠵᠦ ᠳᠡᠷᠭᠡ ᠬᠦᠳᠡᠯᠬᠦ ᠦᠶᠡᠰ ᠬᠤᠶᠢᠨ᠎ᠠ ᠠᠴᠠ ᠨᠢ ᠵᠦᠪ ᠢᠶᠠᠷ ᠭᠤᠷᠪᠠ ᠡᠷᠬᠢᠬᠦᠯᠦᠨ ᠠᠮᠠᠨ ᠳᠠᠭᠠᠨ ︽ᠬᠤᠷᠤᠢ · · · · ᠬᠤᠷᠤᠢ · · · · ᠬᠤᠷᠤᠢ · · · ·︾ ᠭᠡᠵᠦ ᠭᠤᠷᠪᠠᠨᠳᠡ ᠳᠠᠭᠤᠳᠡᠨ ᠳᠠᠯᠠᠯᠭ᠎ᠠ ᠠᠪᠳᠠᠭ᠃ ᠡᠨᠡ ᠨᠢ ᠬᠡᠰᠢᠭ ᠪᠤᠶᠠᠨ ᠬᠤᠷᠦ᠋ᠢᠯᠠᠵᠦ ᠨᠠᠰᠤᠳᠡᠨ ᠤ ᠨᠠᠰᠤᠨ ᠲᠤᠷᠰᠢᠳᠠ ᠬᠤᠷᠠᠮᠳᠤᠭᠤᠯᠤᠭᠰᠡᠨ ᠡᠳ᠋ ᠠᠭᠤᠷᠠᠰᠤᠨ᠂ ᠬᠦᠷᠦᠩᠭᠡ ᠬᠤᠨ᠋ᠠᠰᠢᠯ᠂ ᠨᠠᠰᠤᠨ ᠬᠤᠳᠤᠭ ᠢ ᠨᠢ ᠦᠷ᠎ᠠ ᠬᠤᠶᠢᠴᠢᠰ ᠨᠢ ᠡᠨᠡ ᠭᠡᠷ᠂ ᠡᠨᠡ ᠨᠤᠳᠤᠭ ᠤᠰᠤᠨ ᠳᠠᠭᠠᠨ ᠦᠯᠡᠳᠡᠭᠡᠨ ᠬᠤᠴᠤᠷᠭᠠᠬᠤ ᠬᠡᠬᠦ ᠵᠤᠷᠢᠯᠳᠠ ᠲᠠᠢ ᠨᠢᠭᠡᠨ ᠵᠤᠶᠢᠯ  ᠤᠨ ᠶᠤᠰᠤᠯᠠᠯ ᠪᠠᠶᠢᠵᠦ ᠳᠠᠭᠠᠷᠠᠨ᠎ᠠ᠃         ᠨᠠᠰᠤᠳᠡᠨ ᠢᠶᠠᠨ ᠤᠷᠤᠰᠢᠭᠤᠯᠤᠭᠠᠳ ᠬᠠᠷᠢᠵᠦ ᠢᠷᠡᠬᠦ ᠳᠤ ᠤᠷᠤᠯᠴᠠᠭᠰᠡᠨ ᠠᠶᠢᠯ ᠠᠶᠢᠮᠠᠭ ᠤᠨ ᠲᠦᠷᠦᠯ ᠲᠦᠷᠦᠭᠰᠡᠳ᠂ ᠠᠬ ᠎ᠠ ᠳᠡᠭᠦᠦ ᠨᠠᠶᠢᠵᠠ ᠭᠡᠰᠡᠨ ᠦᠭᠡᠢ ᠰᠢᠷᠡᠭᠡ ᠵᠠᠰᠠᠵᠦ ᠰᠠᠭᠤᠯᠭᠠᠳᠠᠭ᠃ ᠬᠡᠬᠦ ᠳᠡᠭᠡᠨ ᠡᠨᠡ ᠨᠢ ᠶᠠᠮᠠᠷ ᠴᠦ ᠳᠠᠶᠢᠯᠠᠯᠭ᠎ᠠ ᠪᠢᠰᠢ᠂ ᠬᠠᠷᠢᠨ ᠨᠠᠰᠤᠳᠡᠨ ᠤ ᠬᠠᠮᠤᠭ ᠰᠡᠭᠦᠯᠴᠢ ᠶᠢᠨ ᠬᠤᠭᠤᠯᠨ ᠶᠢ ᠢᠳᠡᠬᠦᠯᠵᠦ ᠪᠠᠶᠢᠨ᠎ᠠ ᠭᠡᠳᠡᠭ᠃ ᠡᠨᠡᠬᠦ ᠶᠤᠰᠤ ᠵᠠᠩᠰᠢᠯ ᠢ ᠮᠠᠨ ᠤ ᠨᠤᠳᠤᠭ ᠲᠤ ᠡᠳᠦᠭᠡ ᠴᠦ ᠶᠠᠪᠤᠭᠳᠠᠭᠤᠯᠵᠦ ᠪᠤᠢ᠃ ᠮᠦᠨ ᠡᠭᠦᠨ ᠢ ᠪᠠᠨ ︵ᠬᠤᠳᠤᠭᠤᠳᠤ ᠢᠳᠡᠨ᠎ᠠ︶ ᠭᠡᠳᠡᠭ᠃ ᠳᠠᠯᠠᠯᠭ᠎ᠠ ᠠᠪᠤᠭᠰᠡᠨ ᠬᠤᠨᠢᠨ ᠤ ᠬᠤᠳᠤᠭᠤᠳᠤ ᠪᠠᠨ ᠤᠯᠠᠨ ᠳᠤ ᠳᠠᠯᠪᠢᠬᠤ ᠳᠤ ᠪᠦᠭᠦᠳᠡᠭᠡᠷ ᠠᠮᠳᠠᠬᠤ ᠶᠤᠰᠤᠨ ᠪᠠᠶᠢᠳᠠᠭ᠃ ᠡᠨᠡᠬᠦ ᠤᠯᠠᠮᠵᠢᠯᠠᠯᠳᠦ ᠰᠠᠶᠢᠬᠠᠨ ᠵᠠᠩ ᠵᠠᠩᠰᠢᠯ᠂ ᠶᠤᠰᠤ ᠭᠤᠷᠢᠮ ᠨᠢ ᠳᠡᠭᠡᠷ ᠎ᠠ ᠵᠠᠭᠤᠨ ᠤ  ᠳᠠᠪᠢ ᠵᠢᠷᠠᠭᠠᠳ ᠤᠨ ᠢᠶᠠᠷ ᠶᠠᠪᠤᠭᠳᠠᠵᠦ ᠪᠠᠶᠢᠠᠠᠰᠡᠨ ᠢᠶᠠᠨ ︽ᠰᠤᠶᠤᠯ ᠤᠨ ᠶᠡᠭᠡ ᠬᠤᠪᠢᠰᠬᠠᠯ︾ ᠤᠨ ᠦᠶ ᠎ᠠ ᠳᠤ ᠵᠤᠠᠠᠰᠤᠵᠦ ᠰᠡᠭᠦᠯᠡᠷ ᠨᠢ ᠳᠠᠯᠠᠨ ᠭᠡᠳᠦᠨ ᠤᠨ ᠤ ᠦᠶ ᠎ᠠ ᠪᠠᠷ ᠮᠠᠨ ᠤ ᠨᠤᠳᠤᠭ ᠢᠶᠠᠷ ᠶᠠᠪᠤᠭᠳᠠᠵᠦ ᠪᠠᠶᠢᠠᠠᠰᠡᠨ ᠢᠶᠠᠨ ᠤᠳᠤ ᠳᠠᠬᠢᠨ ᠦᠵᠡᠭᠳᠡᠬᠦ ᠪᠠᠨ ᠪᠤᠯᠢᠵᠦ ᠬᠠᠶ᠋ᠬᠠᠳᠠᠪᠠ᠃ ᠭᠡᠬᠦ ᠳᠤ ᠤᠳᠤ ᠪᠤᠯᠬᠤ ᠳᠤ ᠵᠠᠷᠢᠮ ᠭᠠᠵᠠᠷ ᠤᠷᠤᠨ ᠢᠶᠠᠷ ᠪᠠᠰᠠ ᠡᠬᠢᠯᠡᠨ ᠰᠡᠷᠭᠦᠭᠡᠵᠦ ᠪᠠᠶᠢᠨ᠎ᠠ᠃         ᠦᠡᠭᠭᠡᠷᠡᠬᠦ ᠵᠢᠯ ᠪᠢ ᠨᠢᠭᠡ ᠲᠧᠯᠸᠢᠰ ᠫᠷᠦᠭᠷᠠᠮ ᠦᠵᠡᠵᠦ ᠰᠤᠨᠢᠷᠬᠠᠨ ᠰᠠᠭᠤᠵᠦ ᠪᠠᠶᠢᠳᠠᠯ ᠎ᠠ ᠨᠢᠭᠡᠨ ᠭᠠᠵᠠᠷ ᠤᠨ ᠬᠡᠤᠬᠡᠨ ᠮᠤᠷᠳᠠᠭᠤᠯᠬᠤ ᠳᠠᠭᠠᠨ ᠬᠤᠶᠢᠨ᠎ᠠ ᠠᠴᠠ ᠨᠢ ᠬᠤᠳᠤᠭᠤᠳᠤ ᠳᠠᠯᠠᠯᠵᠦ ᠪᠠᠶᠢᠬᠤ ᠦᠵᠡᠭᠳᠡᠯ ᠭᠠᠷᠴᠦ ᠪᠠᠶᠢᠯ᠎ᠠ᠃ ᠡᠨᠡ ᠨᠢ ᠶᠤᠰᠤᠳᠠᠢ ︽ᠮᠡᠷᠭᠡᠨ ᠮᠡᠷᠭᠡᠨ ᠭᠡᠵᠦ ᠪᠠᠶᠢᠠᠠᠰᠠᠭᠠᠷ ᠮᠦᠬᠡᠷ ᠤᠨ ᠨᠦᠬᠡ ᠪᠠᠨ ᠲᠦᠷᠪᠡ ᠴᠤᠭᠤᠯᠤᠨ᠎ᠠ︾ ᠭᠡᠳᠡᠭ ᠢᠶᠠᠨ ᠪᠤᠯᠵᠦ ᠨᠡᠭᠡᠷᠡᠨ ᠰᠤᠨᠢᠨ ᠤᠴᠢᠷ ᠪᠤᠯᠤᠯ ᠎ᠠ᠃ ᠶᠠᠮᠠᠷ ᠮᠡᠷᠭᠡᠳ ᠨᠢ ︽ᠤᠯᠠᠮᠵᠢᠯᠠᠯ︾ ᠢᠶᠠᠨ ᠰᠡᠷᠭᠦᠭᠡᠵᠦ ᠪᠠᠶᠢᠨ᠎ᠠ ᠭᠡᠵᠦ ᠠᠭᠠᠰᠢᠯᠠᠭᠰᠡᠨ ᠢ ᠪᠤᠤ ᠮᠡᠳᠡ ᠡ᠂ ᠶᠤᠰᠤ ᠵᠠᠩᠰᠢᠯ ᠭᠡᠳᠡᠭ ᠪᠤᠯ ᠡᠷᠳᠡ ᠠᠴᠠ ᠬᠦᠮᠦᠨ ᠠᠷᠠᠳ ᠤᠨ ᠢᠶᠠᠨ ᠲᠤᠮᠳᠠ ᠦᠷᠭᠡᠨ ᠢᠶᠠᠷ ᠤᠯᠠᠮᠵᠢᠯᠬᠠᠳᠡᠨ ᠳᠡᠯᠭᠡᠷᠡᠵᠦ ᠶᠠᠪᠤᠳᠠᠭ ᠤᠴᠢᠷᠳᠠᠢ᠃ ᠬᠡᠬᠦ ᠳᠤ ᠳᠡᠭᠦᠨ ᠢ ᠦᠪᠡᠷ ᠤᠨ ᠦᠵᠡᠯᠳᠡ ᠪᠤᠳᠤᠯ᠂ ᠦᠪᠡᠷ ᠤᠨ ᠰᠠᠨᠠᠭᠠᠨ ᠳᠠᠪᠠ ᠪᠠᠷ ᠢᠶᠠᠨ ᠵᠤᠬᠢᠶᠠᠭᠠᠳ ᠬᠢᠬᠡᠳ ᠪᠠᠶᠢᠪᠠᠯ ᠤᠯᠠᠮᠵᠢᠯᠠᠯ ᠨᠢ ᠬᠠᠷᠢᠨ ᠤᠰᠠᠳᠴᠦ᠂ ᠰᠤᠨᠢᠨ ᠬᠠᠴᠢᠨ ᠶᠠᠭᠤᠮ ᠎ᠠ ᠭᠠᠷᠴᠦ ᠢᠷᠡᠭᠡᠳ ᠬᠤᠵᠢᠮ ᠤᠨ ᠬᠦᠮᠦᠰ᠂ ᠦᠷ᠎ᠠ ᠬᠤᠶᠢᠴᠢᠰ ᠲᠠᠭᠠᠨ ᠪᠤᠷᠤᠭᠤ ᠪᠠᠷ ᠤᠯᠠᠮᠵᠢᠯᠬᠠᠳᠠᠬᠤ ᠪᠤᠯᠤᠨ᠎ᠠ᠃         ᠡᠨᠡᠬᠦ ᠤᠯᠠᠮᠵᠢᠯᠠᠯ ᠢᠶᠠᠨ ᠰᠡᠷᠭᠦᠭᠡᠨ᠎ᠠ ᠭᠡᠵᠦ ᠤᠷᠤᠯᠳᠤᠯᠭ᠎ᠠ ᠭᠠᠷᠭᠠᠨ ᠴᠢᠷᠮᠠᠶᠢᠠᠠᠰᠡᠨ ᠨᠢ ᠵᠦᠢᠳᠠᠢ ᠶᠠᠪᠤᠳᠠᠯ ᠭᠡᠳᠡᠭ ᠪᠤᠯᠪᠠᠴᠦ ᠵᠦᠪ ᠢᠶᠠᠷ ᠤᠯᠠᠮᠵᠢᠯᠠᠬᠤ ᠨᠢ ᠨᠡᠩ ᠴᠢᠬᠤᠯᠨ ᠪᠠᠶᠢᠭ᠎ᠠ ᠭᠡᠳᠡᠭ ᠢ ᠬᠢᠴᠢᠶᠡᠩᠬᠦ᠋ᠢᠯᠡᠨ ᠰᠠᠨᠠᠭᠤᠯᠤᠶ ᠎ᠠ᠃ ᠡᠶᠢᠮᠦ ᠠᠴᠠ ᠬᠦᠮᠦᠰ ᠶᠡᠷᠤᠨᠢ ᠤᠳᠤ ᠠᠴᠠ ᠡᠬᠢᠯᠡᠨ ᠭᠡᠭᠡᠭᠳᠡᠨ ᠤᠷᠬᠢᠨ᠋ᠠᠳᠠᠵᠦ ᠪᠠᠶᠢᠭ᠎ᠠ ᠰᠤᠶᠤᠯ ᠲᠡᠤᠬᠡ᠂ ᠵᠠᠩ ᠵᠠᠩᠰᠢᠯ ᠢᠶᠠᠨ ᠵᠦᠪ ᠢᠶᠠᠷ ᠤᠯᠠᠮᠵᠢᠯᠠᠵᠦ ᠶᠠᠪᠤᠬᠤ ᠨᠢ ᠲᠡᠤᠬᠡᠳᠦ ᠶᠡᠭᠡ ᠠᠴᠢ ᠬᠤᠯᠪᠤᠭᠳᠠᠯ ᠲᠠᠢ ᠪᠤᠯᠤᠭᠠᠳ ᠪᠠᠶᠢᠭ᠎ᠠ  ᠭᠡᠵᠦ  ᠪᠢ ᠬᠤᠪᠢᠨ ᠳᠠᠭᠠᠨ ᠪᠤᠳᠤᠳᠠᠭ ᠶᠤᠮ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号