ᠮᠤᠩᠭᠤᠯᠴᠤᠳ ᠤᠨ ᠴᠠᠢ ᠵᠠᠰᠠᠬᠤ ᠶᠤᠰᠤᠨ
ᠨᠡᠶᠢᠲᠡᠯᠡᠭᠰᠡᠨ ᠴᠠᠭ᠄
2018-09-20
        ᠴᠠᠢ ᠪᠤᠯ ᠳᠡᠯᠡᠬᠡᠢ ᠶᠢᠨ ᠭᠤᠷᠪᠠᠨ ᠶᠡᠭᠡ ᠤᠮᠳᠠᠭᠠᠨ ᠤ ᠨᠢᠭᠡ ᠪᠤᠯᠬᠤ ᠶᠤᠮ᠃ ᠮᠤᠩᠭᠤᠯᠴᠤᠳ ᠤᠨ ᠡᠳᠤᠷ ᠳᠤᠳᠤᠮ ᠤᠨ ᠠᠮᠢᠳᠤᠷᠠᠯ ᠳᠤ ᠴᠠᠢ ᠪᠤᠯ ᠳᠤᠳᠠᠭᠳᠠᠵᠦ ᠪᠤᠯᠤᠰᠢ ᠦᠭᠡᠢ ᠤᠮᠳᠠᠭᠠᠨ ᠪᠤᠯᠤᠨ᠎ᠠ᠃ ᠮᠤᠩᠭᠤᠯᠴᠤᠳ ᠢᠷᠡᠭᠰᠡᠨ ᠵᠤᠴᠢᠨ ᠲᠠᠢ ᠪᠠᠨ ᠮᠡᠨᠳᠤᠴᠢᠯᠡᠬᠦ ᠶᠤᠰᠤ ᠪᠠᠨ ᠬᠦᠢᠴᠡᠳᠭᠡᠵᠦ ᠪᠠᠷᠠᠭᠰᠠᠨ ᠤ ᠳᠠᠷᠠᠭ᠎ᠠ ᠪᠤᠭᠤᠷᠰᠤᠭ᠂ ᠴᠠᠭᠠᠨ ᠢᠳᠡᠭᠡ ᠪᠠᠨ ᠳᠠᠯᠪᠢᠨ ᠴᠠᠢ ᠪᠠᠨ ᠵᠠᠰᠠᠳᠠᠭ᠃ ᠡᠬᠦᠨ ᠳᠤ ᠴᠠᠢ ᠵᠠᠰᠠᠬᠤ ᠳᠤ ᠪᠠᠰᠠ ᠦᠪᠡᠷᠮᠢᠴᠡ ᠶᠤᠰᠤ ᠵᠢᠷᠤᠮ ᠲᠠᠢ ᠪᠠᠶᠢᠳᠠᠭ ᠪᠠᠷ ᠪᠠᠷᠠᠬᠤ ᠦᠬᠡᠢ ᠨᠡᠶᠢᠭᠡᠮ ᠤᠨ ᠤᠳᠬ᠎ᠠ ᠠᠭᠤᠯᠭ᠎ᠠ ᠲᠠᠢ ᠰᠤᠶᠤᠯ ᠪᠠᠶᠢᠵᠦ᠂ ᠬᠦᠮᠦᠰ ᠤᠨ ᠬᠠᠷᠢᠯᠴᠠᠭ᠎ᠠ ᠶᠢ ᠬᠤᠯᠪᠤᠬᠤ ᠰᠤᠶᠤᠯ ᠳᠡᠤᠬᠡ ᠶᠢᠨ ᠤᠯᠠᠮᠵᠢᠯᠠᠯᠳᠤ ᠨᠢᠭᠡᠨ ᠵᠠᠩᠰᠢᠯ ᠶᠤᠮ᠃ ᠮᠤᠩᠭᠤᠯᠴᠤᠳ ᠢᠷᠡᠭᠰᠡᠨ ᠵᠤᠴᠢᠨ ᠳᠠᠭᠠᠨ ᠴᠠᠢ ᠠᠶᠠᠭᠠᠯᠠᠨ ᠪᠠᠷᠢᠳᠠᠭ ᠨᠢ ᠵᠤᠴᠢᠨ ᠢᠶᠠᠨ ᠬᠦᠨᠳᠤᠯᠡᠨ ᠤᠭᠳᠤᠵᠦ ᠪᠠᠶᠢᠭ᠎ᠠ ᠪᠠᠨ ᠢᠯᠡᠳᠭᠡᠵᠦ ᠪᠠᠶᠢᠭ᠎ᠠ ᠶᠢᠨ ᠢᠯᠡᠷᠡᠯ ᠪᠤᠯᠬᠤ ᠶᠤᠮ᠃ ᠭᠡᠷ ᠤᠨ ᠡᠵᠡᠨ ᠵᠤᠴᠢᠨ ᠢᠶᠠᠨ ᠰᠠᠭᠤᠯᠭᠠᠭᠰᠠᠨ ᠤ ᠳᠠᠷᠠᠭ᠎ᠠ ᠠᠶᠠᠭ᠎ᠠ ᠲᠠᠢ ᠴᠠᠢ ᠪᠠᠨ ᠬᠤᠶᠠᠷ ᠭᠠᠷ ᠢᠶᠠᠷ ᠢᠶᠠᠨ ᠡᠷᠬᠦᠨ ᠵᠠᠰᠠᠬᠤ ᠳᠤ ᠵᠤᠴᠢᠨ ᠨᠢ ᠦᠨᠳᠡᠶᠢᠰᠬᠢᠵᠦ ᠪᠠᠷᠠᠭᠤᠨ ᠭᠠᠷ ᠢᠶᠠᠷ ᠢᠶᠠᠨ ᠠᠶᠠᠭ᠎ᠠ ᠲᠠᠢ ᠴᠠᠢ ᠶᠢ ᠳᠤᠰᠤᠨ ᠠᠪᠤᠭᠠᠳ ᠰᠢᠷᠡᠭᠡᠨ ᠳᠡᠭᠡᠷ᠎ᠡ ᠳᠠᠯᠪᠢᠨ ᠠᠭᠠᠵᠢᠮ ᠪᠠᠷ ᠤᠤᠭᠤᠳᠠᠭ ᠪᠠᠶᠢᠨ᠎ᠠ᠃        ᠴᠠᠢ ᠵᠠᠰᠠᠬᠤ ᠳᠤ ᠪᠠᠰᠠ ᠠᠷᠪᠢᠨ ᠶᠤᠰᠤ ᠵᠢᠷᠤᠮ ᠪᠠᠶᠢᠳᠠᠭ ᠪᠢᠯᠡ᠃ ᠮᠤᠩᠭᠤᠯᠴᠤᠳ ᠢᠷᠡᠭᠰᠡᠨ ᠬᠡᠶᠢᠴᠢᠨ  ᠳᠡᠭᠡᠨ ᠴᠠᠢ ᠠᠶᠠᠭᠠᠯᠠᠬᠤ ᠳᠤ ᠡᠷᠬᠡᠪᠰᠢ ᠳᠠᠪᠠᠯ ᠮᠠᠯᠠᠭᠠᠢ ᠪᠠᠨ ᠤᠷᠢᠳᠡᠪᠡᠷ ᠵᠠᠰᠠᠨ ᠲᠦᠪ ᠬᠢᠴᠢᠶᠡᠩᠭᠦᠢ ᠪᠠᠶᠢᠬᠤ ᠪᠦᠭᠡᠳ ᠭᠡᠶᠢᠴᠢᠨ ᠳᠡᠭᠡᠨ ᠴᠡᠪᠡ ᠦᠭᠡᠢ ᠪᠦᠳᠦᠨ ᠰᠠᠶᠢᠬᠠᠨ ᠴᠡᠪᠡᠷ ᠠᠶᠠᠭᠠᠨ ᠳᠤ ᠴᠠᠢ ᠪᠠᠨ ᠠᠶᠠᠭᠠᠯᠠᠵᠦ᠂ ᠡᠮᠳᠡᠷᠭᠡᠢ ᠠᠶᠠᠭᠠᠨ ᠳᠤ ᠴᠠᠢ ᠠᠶᠠᠭᠠᠯᠠᠬᠤ ᠶᠢ ᠲᠤᠩ ᠴᠡᠭᠡᠷᠯᠡᠨ᠂ ᠡᠮᠳᠡᠷᠭᠡᠢ ᠠᠶᠠᠭ᠎ᠠ ᠨᠢ ᠪᠡᠯᠭᠡ ᠳᠡᠮᠪᠡᠷᠡᠯ ᠮᠠᠭᠤ ᠭᠡᠵᠦ ᠦᠵᠡᠳᠡᠭ᠃ ᠴᠠᠢ ᠪᠠᠨ ᠠᠶᠠᠭᠠᠯᠠᠬᠤ ᠳᠤ ᠳᠠᠪᠤᠷ᠎ᠠ ᠪᠤᠶᠦ ᠰᠢᠨᠠᠭ᠎ᠠ ᠪᠠᠨ ᠪᠠᠷᠠᠭᠤᠨ ᠭᠠᠷ ᠲᠠᠭᠠᠨ᠂ ᠠᠶᠠᠭ᠎ᠠ ᠪᠠᠨ ᠵᠡᠬᠦᠨ ᠭᠠᠷ ᠲᠠᠭᠠᠨ ᠪᠠᠷᠢᠨ᠂ ᠴᠠᠢ ᠶᠢ ᠠᠶᠠᠭᠠᠨ ᠳᠤᠳᠤᠷ᠎ᠠ ᠵᠦᠪ ᠡᠷᠬᠢᠬᠦᠯᠦᠨ ᠠᠶᠠᠭᠠᠯᠠᠳᠠᠭ ᠪᠠᠶᠢᠨ᠎ᠠ᠃ ᠴᠠᠢ ᠠᠶᠠᠭᠠᠯᠠᠬᠤ ᠳᠤ ᠳᠤᠮᠳᠠᠭᠤᠷ ᠠᠶᠠᠭᠠᠯᠠᠬᠤ ᠦᠬᠡᠢ ᠮᠦᠷᠳᠡᠬᠡᠨ ᠬᠤᠷᠤᠭᠤ ᠬᠢᠮᠦᠰᠦ ᠪᠠᠨ ᠠᠶᠠᠭ᠎ᠠ ᠲᠠᠢ ᠴᠠᠢ ᠳᠤ ᠬᠦᠷᠭᠡᠬᠦ ᠶᠢ ᠶᠡᠭᠡᠳᠡ ᠬᠢᠴᠢᠶᠡᠨ᠎ᠡ᠃ ᠳᠠᠪᠤᠷ᠎ᠠ ᠶᠢᠨ ᠴᠤᠷᠭᠤ ᠪᠤᠶᠤ ᠰᠢᠨᠠᠭ᠎ᠠ ᠪᠠᠨ ᠭᠡᠷ ᠤᠨ ᠬᠤᠶᠢᠮᠤᠷ ᠲᠡᠰᠢ ᠬᠠᠨᠳᠤᠭᠤᠯᠵᠦ᠂ ᠡᠬᠦᠳᠡᠨ ᠤ ᠵᠦᠭ ᠬᠠᠨᠳᠤᠭᠤᠯᠬᠤ ᠶᠢ ᠶᠡᠬᠡᠳᠡ ᠴᠡᠭᠡᠷᠯᠡᠨ᠂ ᠳᠤᠳᠤᠭᠰᠢ ᠬᠠᠨᠳᠤᠭᠤᠯᠪᠠᠯ ᠬᠡᠰᠡᠭ ᠪᠤᠶᠠᠨ ᠭᠡᠷ ᠤᠨ ᠵᠦᠭ ᠢᠷᠡᠵᠦ᠂ ᠭᠠᠳᠠᠭᠰᠢ ᠬᠠᠨᠳᠤᠭᠤᠯᠪᠠᠯ ᠬᠡᠰᠡᠭ ᠪᠤᠶᠠᠨ ᠭᠠᠳᠠᠭᠰᠢᠯᠠᠨ᠎ᠠ ᠭᠡᠳᠡᠭ᠃ ᠭᠡᠶᠢᠴᠢᠨ ᠳᠤ ᠴᠠᠢ ᠨᠠᠮᠡᠨ ᠠᠶᠠᠭᠠᠯᠠᠬᠤ ᠳᠤ ᠠᠶᠠᠭ᠎ᠠ ᠶᠢ ᠳᠤᠰᠤᠨ ᠠᠪᠴᠦ ᠠᠶᠠᠭᠠᠯᠠᠬᠤ ᠪᠦᠭᠡᠳ ᠪᠤᠴᠠᠭᠠᠬᠤ ᠳᠠᠭᠠᠨ ᠪᠠᠷᠠᠭᠤᠨ ᠭᠠᠷ ᠢᠶᠠᠷ ᠢᠶᠠᠨ ᠪᠤᠴᠠᠭᠠᠨ ᠦᠭᠳᠡᠭ ᠪᠠᠶᠢᠨ᠎ᠠ᠃ ᠭᠡᠶᠢᠴᠢᠨ ᠤ ᠭᠠᠷ ᠲᠤ ᠠᠶᠠᠭ᠎ᠠ ᠶᠢ ᠪᠠᠷᠢᠭᠤᠯᠤᠨ ᠴᠠᠢ ᠠᠶᠠᠭᠠᠯᠠᠳᠠᠭ ᠦᠭᠡᠢ ᠶᠤᠮ᠃ ᠰᠢᠨ᠎ᠡ ᠴᠢᠨᠠᠭᠰᠠᠨ ᠴᠠᠢ ᠶᠢᠨ ᠳᠡᠭᠡᠵᠢ ᠶᠢ ᠠᠶᠠᠭᠠᠯᠠᠵᠦ ᠤᠤᠭᠤᠬᠤ ᠠᠴᠠ ᠡᠮᠤᠨ᠎ᠡ ᠡᠷᠬᠡᠪᠰᠢ ᠳᠡᠭᠷᠢ ᠪᠤᠷᠬᠠᠨ᠂ ᠠᠭᠤᠯᠠ ᠤᠰᠤᠨ ᠤ ᠪᠠᠨ ᠨᠠᠪᠳᠠᠭ ᠰᠠᠪᠳᠠᠭ᠂ ᠭᠠᠯ ᠤᠨ ᠪᠤᠷᠬᠠᠨ ᠵᠡᠷᠭᠡ ᠳᠡᠭᠡᠨ ᠳᠡᠭᠡᠵᠢ ᠪᠠᠨ ᠡᠷᠬᠦᠭᠡᠳ ᠰᠠᠶ᠋ᠢ ᠴᠠᠢ ᠪᠠᠨ ᠠᠶᠠᠭᠠᠯᠠᠵᠦ ᠤᠤᠭᠤᠳᠠᠭ ᠪᠠᠶᠢᠨ᠎ᠠ᠃ ᠬᠡᠶᠢᠴᠢᠨ ᠤ ᠠᠶᠠᠭ᠎ᠠ ᠲᠠᠢ ᠴᠠᠢ ᠳᠤᠮᠳᠠᠷᠠᠬᠤ ᠠᠴᠠ ᠡᠮᠦᠨ᠎ᠡ ᠳᠡᠭᠡᠷ᠎ᠡ ᠠᠴᠠ ᠨᠢ ᠴᠠᠢ ᠨᠡᠮᠡᠳᠡᠭ ᠦᠬᠡᠢ ᠪᠦᠭᠡᠳ ᠴᠠᠢ ᠠᠶᠠᠭᠠᠯᠠᠬᠤ ᠳᠤ ᠬᠠᠨᠴᠦᠢ ᠰᠢᠮᠡᠯᠠᠬᠤ ᠶᠢ ᠴᠡᠭᠡᠷᠯᠡᠵᠦ᠂ ᠠᠶᠠᠭ᠎ᠠ ᠲᠠᠢ ᠴᠠᠢ ᠪᠠᠨ ᠡᠬᠦᠳᠡ ᠪᠠᠷ ᠭᠠᠳᠠᠭᠰᠢ ᠠᠰᠬᠠᠬᠤ᠂ ᠴᠠᠢ ᠶᠢᠨ ᠱᠢᠭᠠᠷᠦ ᠪᠠᠨ ᠭᠡᠷ ᠤᠨ ᠪᠠᠷᠠᠭᠤᠨ ᠬᠤᠶᠢᠨ᠎ᠠ ᠵᠦᠭ ᠲᠤ ᠴᠡᠪᠡᠷ ᠭᠠᠵᠠᠷ ᠲᠤ ᠬᠠᠶᠠᠳᠠᠭ ᠪᠦᠭᠡᠳ ᠭᠠᠭᠴᠠ ᠠᠶᠠᠭ᠎ᠠ ᠴᠠᠢ ᠤᠤᠭᠤᠬᠤ ᠶᠢ ᠶᠡᠬᠡᠳᠡ ᠴᠡᠭᠡᠷᠯᠡᠳᠡᠭ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号