︽ᠮᠡᠨᠳᠤ ᠮᠡᠳᠡᠬᠦ ᠨᠢ ᠮᠤᠩᠭᠤᠯᠴᠤᠳ ᠤᠨ ᠶᠤᠰᠤ︾ ᠬᠡᠳᠡᠭ ᠬᠡᠯᠡᠯᠭᠡ ᠪᠤᠢ᠃ ᠡᠨᠡ ᠪᠤᠯ ᠡᠪ ᠡᠶ᠎ᠡ ᠶᠢ ᠨᠢ | ᠬᠢᠴᠢᠶᠡᠵᠦ ᠬᠦᠨᠳᠤᠳᠭᠡᠯ ᠢᠯᠡᠷᠬᠡᠶᠢᠯᠡᠬᠦ ᠳᠠᠯ᠎ᠠ ᠪᠠᠷ ᠮᠤᠩᠭᠤᠯᠴᠤᠳ ᠤᠨ ᠮᠠᠨᠳᠤᠴᠢᠯᠡᠯ ᠡᠳᠤᠷ ᠳᠤᠳᠤᠮ ᠤᠨ᠂ ᠠᠶᠠᠨ | ᠵᠠᠮ ᠤᠨ᠂ ᠴᠠᠭ ᠤᠯᠠᠷᠢᠯ ᠤᠨ᠂ ᠠᠵᠢᠯ ᠮᠡᠷᠭᠡᠵᠢᠯ ᠤᠨ᠂ ᠳᠦᠷᠦ ᠶᠤᠰᠤᠨ ᠤ᠂ ᠴᠡᠷᠢᠭ ᠤᠨ ᠶᠤᠰᠤᠨ ᠤ ᠭᠡᠵᠦ | ᠤᠯᠠᠨ ᠶᠠᠩᠵᠦ ᠪᠠᠶᠢᠳᠠᠭ᠃ | ᠡᠳᠤᠷ ᠳᠤᠳᠤᠮ ᠤᠨ ᠳᠦᠭᠡᠮᠡᠯ ᠮᠡᠨᠳᠤ ᠶᠢ ︽ᠰᠠᠶᠢᠨ ᠪᠠᠶᠢᠨ᠎ᠠ ᠦᠦ︖︾᠂ ︽ᠠᠮᠤᠷᠬᠠᠨ ᠰᠠᠶᠢᠨ | ᠪᠠᠶᠢᠨ᠎ᠠ ᠦᠦ︖︾᠂ ︽ᠳᠠᠪᠠᠳᠠᠢ ᠰᠠᠶᠢᠨ ᠦᠦ︖︾᠂ ︽ᠰᠤᠨᠢᠨ ᠰᠠᠶᠢᠬᠠᠨ ᠶᠠᠭᠤ ᠪᠠᠶᠢᠨ᠎ᠠ ᠦᠦ︖︾᠂ ︽ | ᠠᠵᠢᠯ ᠠᠯᠪᠠ ᠰᠠᠶᠢᠨ ᠪᠢᠵᠡ ᠳ᠋ᠠ︖︾᠂ ︽ᠪᠡᠶ᠎ᠡ ᠯᠠᠭᠰᠢᠨ ᠳᠤᠩᠭᠠᠯᠠᠭ ᠦᠦ︖︾ ᠬᠡᠬᠦ ᠮᠡᠳᠤ ᠶᠢᠨ ᠤᠯᠠᠨ | ᠶᠠᠩᠵᠦ ᠪᠠᠷ ᠮᠡᠨᠳᠤᠴᠢᠯᠡᠳᠡᠭ᠃ | ᠤᠯᠠᠷᠢᠯ ᠤᠨ ᠮᠡᠨᠳᠤ ᠶᠢ ︽ᠳᠠᠪᠠᠳᠠᠢ ᠰᠠᠶᠢᠬᠠᠨ ᠬᠠᠪᠤᠷᠵᠢᠵᠦ ᠪᠠᠶᠢᠨ᠎ᠠ ᠦᠦ︖︾᠂ ︽ᠳᠠᠷᠭᠤᠨ | ᠳᠠᠪᠠᠳᠠᠢ ᠵᠤᠰᠠᠵᠦ ᠪᠠᠶᠢᠨ᠎ᠠ ᠦᠦ︖︾᠂ ︽ᠠᠮᠤᠷ ᠳᠠᠪᠳᠠᠶᠢᠬᠠᠨ ᠨᠠᠮᠤᠷᠵᠢᠵᠦ ᠪᠠᠶᠢᠨ᠎ᠠ ᠦᠦ︖︾᠂ ︽ᠦᠩ | ᠲᠠᠢ ᠳᠠᠷᠭᠤᠨ ᠡᠪᠤᠯᠵᠢᠵᠦ ᠪᠠᠶᠢᠨ᠎ᠠ ᠦᠦ︖︾ ᠬᠡᠬᠦ ᠮᠡᠳᠤ ᠪᠠᠷ ᠮᠠᠯᠴᠢᠳ ᠤᠨ ᠠᠮᠢᠳᠤᠷᠠᠯ ᠠᠬᠤᠢ ᠶᠢᠨ | ᠬᠡᠪᠰᠢᠭᠰᠡᠨ ᠦᠭᠡ ᠪᠠᠷ ᠢᠯᠡᠷᠬᠡᠶᠢᠯᠡᠳᠡᠭ᠃ | ᠠᠵᠢᠯ ᠮᠡᠷᠭᠡᠵᠢᠯ ᠤᠨ ᠮᠠᠨᠳᠤ ᠳᠤ᠂ ᠬᠤᠨᠢᠴᠢᠨ ᠲᠠᠢ ᠠᠭᠤᠯᠵᠠᠬᠤ ᠳᠤ ︽ᠬᠤᠨᠢᠨ ᠰᠦᠷᠦᠭ ᠳᠠᠪᠠᠳᠠᠢ | ᠢᠳᠡᠰᠢᠵᠦ ᠪᠠᠶᠢᠨ᠎ᠠ ᠦᠦ︖︾ ᠠᠳᠤᠭᠤᠴᠢᠨ ᠬᠦᠮᠦᠨ ᠲᠠᠢ ᠪᠤᠯ ︽ᠠᠳᠤᠭᠤ ᠮᠠᠯ ᠪᠦᠷᠢᠨ ᠦᠦ︖︾ | ᠤᠶᠢᠯᠡᠴᠢᠨ ᠬᠦᠮᠦᠨ ᠲᠠᠢ ᠪᠤᠯ ︽ᠤᠶᠢᠯᠡ ᠪᠦᠳᠤᠮᠵᠢᠳᠠᠢ ᠦᠦ︖︾ ᠠᠩᠴᠢᠨ ᠬᠦᠮᠦᠨ ᠲᠠᠢ ᠪᠤᠯ ︽ᠬᠠᠷᠠᠭ᠎ᠠ | ᠮᠡᠷᠭᠡᠨ︾᠂ ︽ᠤᠯᠵᠠ ᠶᠡᠭᠡ︾᠂ ︽ᠭᠠᠨᠵᠤᠭ᠎ᠠ ᠳᠦᠬᠦᠷᠡᠩ︾ ᠭᠡᠬᠦ ᠮᠡᠳᠤ ᠪᠠᠷ ᠮᠡᠨᠳᠤᠴᠢᠯᠡᠳᠡᠭ᠃ | ᠮᠤᠩᠭᠤᠯ ᠤᠨ ᠳᠦᠷᠦ ᠶᠤᠰᠤᠨ ᠤ ᠤᠯᠠᠮᠵᠢᠯᠠᠯᠳᠤ ᠮᠡᠨᠳᠤᠴᠢᠯᠡᠭᠡᠨ ᠳᠤ ︽ᠡᠷᠭᠢᠮᠰᠦᠭ ᠰᠠᠶᠢᠳ ᠲᠠ | ᠠᠮᠤᠭᠤᠯᠠᠩ ᠮᠤᠷᠢᠯᠠᠵᠦ ᠪᠠᠶᠢᠨ᠎ᠠ ᠦᠦ︖︾᠂ ︽ᠲᠠᠨ ᠤ ᠳᠦᠮᠡᠨ ᠠᠮᠤᠭᠤᠯᠠᠩ ᠢ ᠠᠶᠢᠯᠠᠳᠬᠠᠶ᠎ᠠ︕︾ ᠭᠡᠵᠦ | ᠬᠦᠨ ᠬᠦᠨᠳᠤᠳᠭᠡᠯ ᠢᠶᠠᠨ ᠢᠯᠡᠷᠬᠡᠶᠢᠯᠡᠳᠡᠭ᠃ | ᠪᠢᠴᠢᠭ ᠪᠢᠴᠢᠵᠦ ᠪᠠᠶᠢᠭ᠎ᠠ ᠬᠦᠮᠦᠨ ᠲᠠᠢ ᠬᠠᠷᠭᠤᠪᠠᠯ ︽ᠪᠢᠷ ᠬᠤᠷᠴᠠ᠂ ᠪᠢᠯᠢᠭ ᠤᠶᠤᠨ ᠳᠡᠬᠦᠰ | ᠪᠤᠯᠳᠤᠭᠠᠢ︾ ᠭᠡᠵᠦ ᠮᠠᠨᠳᠤᠴᠢᠯᠡᠬᠦ ᠪᠠ ᠬᠠᠷᠢᠭᠤ ᠳᠤ ᠨᠢ ︽ᠨᠢᠳᠤ ᠬᠤᠷᠴᠠ ᠪᠤᠯᠳᠤᠭᠠᠢ︾ ᠭᠡᠵᠦ ᠮᠠᠨᠳᠤᠴᠢᠯᠡᠳᠡᠭ᠃ | ᠬᠤᠭᠤᠯᠠ ᠢᠳᠡᠵᠦ ᠪᠠᠶᠢᠬᠤ ᠳᠤ ᠤᠷᠤᠵᠦ ᠤᠴᠢᠪᠠᠯ ︽ᠰᠢᠳᠤ ᠬᠤᠷᠴᠠ︾ ᠭᠡᠵᠦ ᠮᠠᠨᠳᠤᠴᠢᠯᠡᠳᠡᠭ ᠪᠢᠯᠡ | ᠃ | |