ᠸᠢᠴᠠᠲ ᠤᠨ ᠬᠤᠯᠪᠣᠭ᠎ᠠ ᠶᠢ ᠵᠥᠪ ᠠᠰᠢᠭᠯᠠᠶ᠎ᠠ
ᠨᠡᠶᠢᠲᠡᠯᠡᠭᠰᠡᠨ ᠴᠠᠭ᠄
2019-12-17
        ᠤᠶᠢᠷ᠎ᠠ ᠳᠤ᠂ ᠪᠡᠭᠡᠵᠢᠩ ᠬᠤᠲᠠ ᠶᠢᠨ ᠨᠢᠭᠡᠨ ᠠᠯᠪᠠᠨ ᠪᠠᠶᠢᠭᠤᠯᠭ᠎ᠠ ᠶᠢᠨ ᠺᠠᠳ᠋ᠷ ᠠᠵᠢᠯ ᠤᠨ ᠬᠠᠮᠢᠶ᠎ᠠ ᠲᠠᠢ ᠴᠢᠬᠤᠯᠠ ᠮᠡᠳᠡᠭᠡ ᠵᠠᠩᠬᠢ ᠶᠢ ᠸᠢᠴᠠᠲ ᠶᠢᠨ ᠬᠤᠯᠪᠤᠭ᠎ᠠ ᠪᠠᠷ ᠲᠠᠮᠵᠢᠭᠤᠯᠬᠤ ᠦᠶ᠎ᠠ ᠳᠤ᠂ ᠬᠤᠯᠪᠣᠭᠠᠨ ᠳᠤ ᠪᠠᠶᠢᠭ᠎ᠠ ᠬᠤᠶᠠᠷ ᠠᠵᠢᠯᠲᠠᠨ ᠠᠮᠤᠷ ᠲᠦᠪᠰᠢᠨ ᠤ ᠬᠠᠮᠢᠶ᠎ᠠ ᠲᠠᠢ ᠴᠢᠬᠤᠯᠠ ᠰᠡᠷᠡᠮᠵᠢ ᠶᠢ ᠴᠠᠭ ᠲᠤᠬᠠᠢ ᠳᠤᠨᠢ ᠣᠯᠵᠤ ᠬᠠᠷᠠᠭᠰᠠᠨ ᠦᠭᠡᠢ ᠶᠢᠨ ᠤᠯᠠᠮ ᠢᠶᠠᠷ ᠵᠤᠯ ᠪᠤᠰᠤ ᠪᠠᠷ ᠠᠳᠡᠵᠦ᠂ ᠨᠡᠶᠢᠭᠡᠮ ᠨᠡᠶᠢᠲᠡ ᠶᠢᠨ ᠠᠩᠬᠠᠷᠤᠯ ᠳᠤ ᠣᠷᠣᠭᠰᠠᠨ ᠪᠠᠶᠢᠨ᠎ᠠ᠃ ᠤᠯᠠᠩᠬᠢ ᠬᠦᠮᠦᠰ ᠤᠨ ᠦᠵᠡᠬᠦ ᠪᠠᠷ᠂ ᠸᠢᠴᠠᠲ ᠨᠢ ᠤᠯᠠᠩᠬᠢ ᠪᠠᠶᠢᠭᠤᠯᠭ᠎ᠠ ᠶᠢᠨ ᠠᠯᠪᠠᠯᠠᠬᠤ ᠵᠦᠭᠡᠯᠡᠨ ᠰᠤᠹᠲ ᠪᠤᠯᠤᠭᠰᠠᠨ ᠪᠠᠶᠢᠨ᠎ᠠ᠃ ᠡᠨᠡ ᠨᠢ ᠬᠦᠮᠦᠰ ᠤᠨ ᠠᠵᠢᠯ ᠠᠮᠢᠳᠤᠷᠠᠯ ᠤᠨ ᠵᠠᠭᠠᠭ ᠱᠤᠭᠤᠮ ᠢ ᠡᠮᠬᠢ ᠵᠠᠮᠪᠠᠷᠠᠭ᠎ᠠ ᠦᠭᠡᠢ ᠪᠤᠯᠭᠠᠵᠦ᠂ ᠪᠠᠶᠢᠭᠤᠯᠭ᠎ᠠ ᠶᠢᠨ ᠠᠵᠢᠯ ᠤᠨ ᠠᠭᠤᠷ ᠠᠮᠢᠰᠬᠤᠯ ᠳᠤ ᠬᠤᠪᠢᠷᠠᠯᠲᠠ ᠠᠪᠴᠢᠷᠠᠵᠠᠢ᠃ ᠤᠷᠲᠦ ᠬᠤᠭᠤᠴᠠᠭ᠎ᠠ ᠪᠠᠷ ᠸᠢᠴᠠᠲ ᠪᠠᠷ ᠠᠯᠪᠠᠯᠠᠬᠤ ᠨᠢ ᠶᠠᠮᠠᠷ ᠶᠠᠮᠠᠷ ᠠᠰᠠᠭᠤᠳᠠᠯ ᠠᠪᠴᠢᠷᠠᠳᠠᠭ ᠶᠤᠮ ᠪᠤᠯ︖         ᠸᠢᠴᠠᠲ ᠨᠢ ᠬᠦᠮᠦᠰ ᠤᠨ ᠨᠡᠶᠢᠭᠡᠮ ᠤᠨ ᠬᠠᠷᠢᠯᠴᠠᠭᠠᠨ ᠤ ᠵᠦᠭᠡᠯᠡᠨ ᠰᠤᠹᠲ ᠲᠡᠳᠦᠢ ᠪᠤᠯᠪᠠᠴᠤ ᠤᠯᠠᠨ ᠬᠦᠮᠦᠰ ᠤᠨ ᠲᠠᠷᠢᠬᠢ ᠲᠤᠯᠤᠭᠠᠢ ᠳᠤ ᠲᠠᠷᠤᠯᠲᠠ ᠦᠵᠡᠬᠦᠯᠳᠡᠭ ᠪᠠᠶᠢᠨ᠎ᠠ᠃ ᠵᠠᠷᠢᠮ ᠠᠯᠪᠠᠨ ᠪᠠᠶᠢᠭᠤᠯᠭ᠎ᠠ ᠨᠢ᠂ ᠤᠳᠠᠰᠤ ᠪᠠᠷ ᠬᠤᠯᠪᠤᠭ᠎ᠠ ᠠᠪᠴᠤ ᠮᠡᠳᠡᠭᠳᠡᠬᠦ ᠴᠢᠬᠤᠯᠠᠲᠠᠢ ᠵᠦᠢᠯ ᠢ ᠠᠵᠢᠯ ᠤᠨ ᠬᠦᠮᠦᠰ ᠤᠨ ᠸᠢᠴᠠᠲ ᠤᠨ ᠬᠤᠯᠪᠤᠭ᠎ᠠ ᠳᠤ ᠲᠠᠮᠵᠢᠭᠤᠯᠬᠤ ᠲᠡᠳᠦᠢ ᠯᠡ ᠪᠣᠯᠵᠠᠢ᠃ ᠵᠠᠷᠢᠮ ᠪᠠᠶᠢᠭᠤᠯᠭ᠎ᠠ ᠨᠢ ᠪᠠᠰᠠ ᠠᠵᠢᠯ ᠪᠠᠭᠤᠬᠤ ᠴᠠᠭ ᠪᠣᠯᠴᠢᠬᠠᠭᠰᠠᠨ ᠪᠠᠶᠢᠬᠤ ᠳᠤ ᠠᠵᠢᠯ ᠤᠨ ᠬᠠᠮᠢᠶ᠎ᠠ ᠲᠠᠢ ᠵᠦᠢᠯ ᠢ ᠸᠢᠴᠠᠲ ᠤᠨ ᠬᠤᠯᠪᠤᠭ᠎ᠠ ᠪᠠᠷ ᠮᠡᠳᠡᠭᠳᠡᠳᠡᠭ᠃ ᠡᠨᠡ  ᠨᠢ ᠪᠦᠷ ᠵᠤᠬᠢᠰ ᠦᠭᠡᠢ ᠠᠵᠢᠯᠯᠠᠭ᠎ᠠ ᠪᠤᠯᠬᠤ ᠶᠤᠮ᠃         ᠵᠠᠷᠢᠮ ᠬᠥᠮᠥᠰ ᠠᠵᠢᠯ ᠤᠨ ᠬᠠᠮᠢᠶᠠᠲᠠᠢ ᠠᠷᠪᠠᠭᠠᠳ ᠸᠢᠴᠠᠲ ᠤᠨ ᠬᠤᠯᠪᠤᠭ᠎ᠠ ᠳᠤ ᠪᠠᠶᠢᠳᠠᠭ᠃ ᠬᠤᠯᠪᠣᠭᠠᠨ ᠳᠤ ᠶᠠᠪᠤᠭᠤᠯᠤᠭᠰᠠᠨ ᠮᠡᠳᠡᠭᠳᠡᠯ ᠢ ᠬᠠᠷᠠᠬᠤ ᠦᠶᠡᠰ᠂ ᠮᠠᠰᠢ ᠣᠯᠠᠨ ᠬᠥᠮᠥᠨ ᠤ ︽ᠮᠡᠳᠡᠯ᠎ᠡ︾ ᠭᠡᠰᠡᠨ ᠬᠠᠷᠢᠭᠤ ᠶᠢ ᠬᠠᠷᠠᠴᠢᠬᠠᠭᠠᠳ ᠰᠠᠶ᠋ᠢ ᠮᠡᠳᠡᠭᠳᠡᠯ ᠤᠨ ᠠᠭᠤᠯᠭ᠎ᠠ ᠶᠢ ᠣᠯᠵᠤ ᠬᠠᠷᠠᠳᠠᠭ᠃ ᠡᠨᠡ ᠤᠨ ᠤ ᠡᠬᠢᠨ ᠳᠤ᠂ ᠨᠠᠮ ᠤᠨ  ᠲᠦᠪ ᠬᠤᠷᠢᠶ᠎ᠠ ᠠᠴᠠ ᠦᠨᠳᠦᠰᠦᠨ ᠱᠠᠲᠤᠨ ᠤ ᠠᠵᠢᠯ ᠤᠨ ᠲᠠᠷᠤᠭᠠᠰᠤ ᠶᠢ ᠬᠦᠩᠭᠡᠯᠡᠬᠦ ᠲᠤᠬᠠᠢ ᠮᠡᠳᠡᠭᠳᠡᠯ ᠢ ᠲᠠᠷᠤᠮᠠᠯᠯᠠᠨ ᠲᠠᠷᠬᠠᠭᠠᠭᠰᠠᠨ ᠪᠠᠶᠢᠨ᠎ᠠ᠃ ᠭᠡᠪᠡᠴᠦ ᠦᠨᠳᠦᠰᠦᠨ ᠱᠠᠲᠤᠨ ᠤ ᠵᠠᠷᠢᠮ ᠺᠠᠳ᠋ᠷ ᠠᠵᠢᠯ ᠤᠨ ᠬᠠᠮᠢᠶᠠᠲᠠᠢ ᠵᠠᠭᠤᠭᠠᠳ ᠸᠢᠴᠠᠲ ᠤᠨ ᠬᠤᠯᠪᠤᠭ᠎ᠠ ᠳᠤ ᠪᠠᠶᠢᠳᠠᠭ᠃ ᠡᠳᠦᠷ ᠪᠣᠯᠭᠠᠨ ︽ᠮᠡᠳᠡᠯ᠎ᠡ︾ ᠭᠡᠰᠡᠨ ᠬᠠᠷᠢᠭᠤ ᠶᠢ ᠬᠡᠳᠦᠨ ᠠᠷᠪᠠ ᠤᠳᠠᠭ᠎ᠠ ᠪᠢᠴᠢᠬᠦ ᠴᠢᠬᠤᠯᠠᠲᠠᠢ ᠪᠠᠶᠢᠳᠠᠭ᠃ ᠦᠨᠡᠨᠳᠡᠭᠡᠨ ᠵᠠᠷᠢᠮ ᠨᠢ ᠲᠡᠶᠢᠮᠦ ᠴᠢᠬᠤᠯᠠ ᠮᠡᠳᠡᠭᠳᠡᠯ ᠪᠢᠰᠢ ᠶᠤᠮ᠃         ᠶᠠᠷᠢᠶᠠᠨ ᠦᠭᠡᠢ᠂ ᠸᠢᠴᠠᠲ ᠨᠢ ᠬᠥᠮᠥᠰ ᠤᠨ ᠡᠳᠦᠷ ᠳᠣᠳᠥᠮ ᠤᠨ ᠠᠵᠢᠯ ᠳᠤ ᠮᠠᠰᠢ ᠳᠥᠭᠦᠮ ᠦᠵᠡᠭᠦᠯᠵᠦ ᠪᠠᠶᠢᠨ᠎ᠠ᠃ ᠭᠡᠪᠡᠴᠦ ᠵᠥᠪ ᠠᠰᠢᠭᠯᠠᠬᠤ ᠬᠡᠷᠡᠭᠲᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号