ᠠᠵᠢᠯᠯᠠᠭᠠᠳ ᠶᠠᠳᠠᠷᠠᠪᠠᠯ ᠭᠠᠷ ᠤᠲᠠᠰᠤ ᠪᠠᠨ ᠢᠶᠠᠨ ᠨᠠᠭᠠᠳᠪᠠᠯ᠂ ᠪᠡᠶ᠎ᠡ ᠪᠠᠨ ᠠᠮᠠᠷᠠᠭᠤᠯᠵᠤ ᠴᠢᠳᠠᠨ᠎ᠠ ᠬᠡᠵᠦ | ᠮᠠᠰᠢ ᠤᠯᠠᠨ ᠬᠦᠮᠦᠨ ᠦᠵᠡᠵᠦ ᠪᠤᠢ᠃ ᠭᠡᠪᠡᠴᠦ ᠤᠶᠢᠷ᠎ᠠ ᠳᠤ ᠠᠮᠧᠷᠢᠺᠠ ᠶᠢᠨ ᠷᠤᠲᠭᠧᠷᠰ ᠶᠡᠭᠡ ᠰᠤᠷᠭᠠᠭᠤᠯᠢ ᠶᠢᠨ | ᠬᠤᠳᠠᠯᠳᠤᠭᠠᠨ ᠤ ᠳᠡᠭᠡᠳᠦ ᠰᠤᠷᠭᠠᠭᠤᠯᠢ ᠶᠢᠨ ᠰᠤᠳᠤᠯᠭᠠᠲᠠᠳ᠂ ᠤᠶᠤᠨ ᠲᠠᠷᠢᠬᠢᠨ ᠤ ᠦᠷᠢᠰᠦᠯᠳᠦᠭᠡᠨ ᠤ ᠯᠤᠳᠤ | ᠶᠡᠭᠡ ᠡᠭᠦᠷᠭᠡ ᠬᠦᠢᠴᠡᠳᠭᠡᠵᠦᠪᠠᠶᠢᠭᠠ ᠦᠶᠡᠰ᠂ ︽ᠳᠤᠮᠳᠠ ᠨᠢ ᠠᠮᠠᠷᠠᠬᠤ︾ ᠳᠠᠭᠠᠨ ᠭᠠᠷ ᠤᠲᠠᠰᠤ ᠪᠠᠨ ᠦᠵᠡᠬᠦ ᠳᠤ | ᠬᠦᠷᠪᠡᠯ ᠲᠠᠷᠢᠬᠢ ᠲᠤᠯᠤᠭᠠᠢ ᠪᠠᠨ ᠰᠠᠶᠢᠳᠤᠷ ᠠᠮᠠᠷᠠᠭᠤᠯᠵᠤ ᠲᠡᠶᠢᠯᠬᠦ ᠥᠬᠡᠶ ᠮᠥᠷᠲᠡᠭᠡᠨ ᠭᠡᠳᠡᠷᠭᠦ ᠪᠠᠨ ᠠᠵᠢᠯ ᠤᠨ | ᠦᠷ᠎ᠡ ᠪᠦᠲᠦᠮᠵᠢ ᠪᠠᠨ ᠨᠦᠯᠦᠭᠡᠯᠡᠵᠦ ᠪᠠᠶᠢᠳᠠᠭ ᠢ ᠤᠯᠵᠤ ᠮᠡᠳᠡᠵᠡᠢ᠃ | ᠲᠤᠷᠰᠢᠯᠲᠠ ᠬᠢᠬᠦ ᠳᠤ᠂ ᠶᠡᠭᠡ ᠰᠤᠷᠭᠠᠭᠤᠯᠢ ᠶᠢᠨ 414 ᠤᠶᠤᠳᠠᠨ ᠢ ᠥᠷᠢᠰᠥᠯᠳᠦᠭᠡᠨ ᠤ ᠴᠢᠨᠠᠷᠲᠠᠶ 20 | ᠪᠦᠯᠦᠭ ᠦᠰᠦᠭ ᠤᠨ ᠤᠨᠢᠰᠤᠭ᠎ᠠ ᠶᠢ ᠲᠠᠶᠢᠯᠬᠤ ᠶᠢ ᠱᠠᠭᠠᠷᠳᠠᠵᠠᠶ᠃ ᠲᠤᠷᠰᠢᠯᠲᠠ ᠬᠢᠬᠦ ᠶᠠᠪᠤᠴᠠ ᠳᠤ ᠨᠢᠭᠡ ᠬᠡᠰᠡᠭ | ᠬᠥᠮᠦᠰ ᠢ ᠠᠮᠠᠷᠠᠭᠤᠯᠤᠨ᠂ ᠭᠠᠷ ᠤᠲᠠᠰᠤ ᠨᠠᠭᠠᠳᠬᠤ᠂ ᠺᠣᠮᠫᠢᠦ᠋ᠲ᠋ᠧᠷ ᠪᠤᠶᠤ ᠪᠢᠷ ᠴᠠᠭᠠᠰᠤ ᠬᠡᠷᠡᠭᠯᠡᠵᠦ ᠪᠣᠯᠬᠤ ᠶᠢ | ᠵᠦᠪᠰᠢᠶᠡᠷᠡᠪᠡ᠂ ᠬᠠᠷᠢᠨ ᠨᠦᠬᠦᠭᠡ ᠨᠢᠭᠡ ᠬᠡᠰᠡᠭ ᠬᠥᠮᠦᠰ ᠢ ᠠᠮᠠᠷᠠᠵᠤ ᠪᠣᠯᠬᠤ ᠦᠭᠡᠢ ᠬᠡᠵᠡᠢ᠃ ᠲᠤᠷᠰᠢᠯᠲᠠ ᠶᠢᠨ | ᠦᠷ᠎ᠡ ᠳ᠋ᠦᠡᠭ ᠳᠤ ᠢᠯᠡᠷᠡᠬᠦᠯᠦᠭᠰᠡᠨ ᠢᠶᠠᠷ᠂ ᠭᠠᠷ ᠤᠲᠠᠰᠤ ᠪᠠᠨ ᠦᠵᠡᠬᠦ ᠳᠤ ᠤᠷᠤᠯᠴᠠᠬᠰᠠᠳ ᠤᠨ ᠤᠶᠤᠨ | ᠤᠬᠠᠭᠠᠨ ᠨᠢ ᠬᠠᠮᠤᠬ ᠤᠨ ᠶᠡᠭᠡ ᠪᠠᠷᠠᠬᠳᠠᠵᠤ᠂ ᠠᠮᠠᠷᠠᠭᠰᠠᠨ ᠤ ᠳᠠᠷᠠᠭ᠎ᠠ ᠴᠦ ᠭᠡᠳ ᠲᠡᠳᠡᠨ ᠤ ᠦᠰᠦᠭ ᠤᠨ | ᠤᠨᠢᠰᠤᠭ᠎ᠠ ᠲᠠᠶᠢᠯᠬᠤ ᠴᠢᠳᠠᠪᠤᠷᠢ ᠨᠢ ᠬᠠᠮᠤᠭ ᠤᠨ ᠮᠠᠭᠤ ᠪᠠᠶᠢᠵᠤ᠂ ᠲᠡᠳᠡᠭᠡᠷ ᠠᠮᠠᠷᠠᠬᠰᠠᠨ ᠦᠭᠡᠢ ᠬᠥᠮᠦᠰ ᠲᠠᠢ | ᠠᠳᠠᠯᠢᠬᠠᠨ ᠪᠠᠶᠢᠪᠠ᠃ ᠪᠤᠰᠤᠳ ᠠᠮᠠᠷᠠᠬᠤ ᠠᠷᠭ᠎ᠠ ᠶᠢ ᠬᠡᠷᠡᠭᠯᠡᠭᠰᠡᠨ ᠬᠦᠮᠦᠨ ᠲᠠᠢ ᠬᠠᠷᠢᠴᠠᠭᠤᠯᠪᠠᠯ᠂ ᠭᠠᠷ | ᠤᠲᠠᠰᠤ ᠪᠠᠨ ᠦᠵᠡᠬᠦ ᠳᠤ ᠣᠷᠣᠯᠴᠠᠭᠰᠠᠳ ᠤᠨ ᠦᠯᠡᠳᠡᠭᠰᠡᠨ ᠡᠭᠦᠷᠭᠡ ᠪᠠᠨ ᠪᠡᠶᠡᠯᠡᠭᠦᠯᠦᠭᠰᠡᠨ ᠴᠠᠭ ᠨᠢ | ᠪᠤᠰᠤᠳ ᠤᠨ ᠬᠢ ᠠᠴᠠ 19 % ᠪᠠᠷ ᠤᠷᠳᠤ ᠪᠠᠶᠢᠵᠤ᠂ ᠥᠰᠥᠭ ᠤᠨ ᠣᠨᠢᠰᠤᠭ᠎ᠠ ᠶᠢ ᠲᠠᠶᠢᠯᠤᠬᠰᠠᠨ ᠲᠤᠭ᠎ᠠ ᠨᠢ | ᠴᠦ 22 % ᠢᠶᠠᠷ ᠪᠠᠭ᠎ᠠ ᠪᠠᠶᠢᠵᠠᠢ᠃ | ︽ᠦᠢᠯᠡ ᠠᠵᠢᠯᠯᠠᠭ᠎ᠠ ᠶᠢᠨ ᠰᠢᠨᠤᠯ ᠰᠡᠳᠬᠦᠯ︾ ᠳᠡᠭᠡᠷ᠎ᠡ ᠨᠡᠶᠢᠳᠡᠯᠡᠭᠰᠡᠨ ᠡᠨᠡᠬᠦ ᠵᠦᠢᠯ ᠤᠨ ᠰᠤᠳᠤᠯᠭᠠᠨ ᠳᠤ | ᠦᠵᠡᠭᠰᠡᠨ ᠢᠶᠠᠷ᠂ ᠭᠠᠷ ᠤᠲᠠᠰᠤ ᠪᠠᠨ ᠦᠵᠡᠬᠦ ᠨᠢ ᠬᠥᠮᠦᠰ ᠤᠨ ᠮᠡᠳᠡᠭᠡ ᠵᠠᠩᠭᠢ ᠤᠩᠰᠢᠬᠤ᠂ ᠬᠥᠮᠦᠨ ᠲᠠᠢ | ᠵᠣᠭᠤᠭᠳᠠᠬᠤ᠂ ᠰᠢᠨ᠎ᠡ ᠮᠡᠳᠡᠭᠡ ᠵᠠᠩᠭᠢ ᠣᠯᠬᠤ ᠵᠡᠷᠭᠡ ᠪᠤᠳᠤᠯ ᠢ ᠬᠥᠭᠵᠢᠭᠡᠵᠦ᠂ ᠠᠩᠬᠠᠷᠤᠯ ᠢ ᠨᠢ ᠰᠠᠷᠨᠢᠭᠤᠯᠬᠤ | ᠬᠡᠮᠵᠢᠶ᠎ᠡ ᠶᠢ ᠨᠡᠮᠡᠭᠳᠡᠭᠦᠯᠳᠡᠭ ᠪᠤᠯᠬᠤᠷ ᠬᠥᠮᠦᠰ ᠤᠨ ᠠᠩᠬᠠᠷᠤᠯ ᠢ ᠠᠵᠢᠯ ᠡᠭᠦᠷᠭᠡ ᠳᠡᠭᠡᠷ᠎ᠡ ᠨᠢ ᠲᠥᠪᠯᠡᠷᠡᠭᠦᠯᠬᠦ ᠳᠤ | ᠪᠡᠷᠭᠡᠳᠡᠢ ᠪᠣᠯᠭᠠᠳᠠᠭ ᠬᠡᠪᠡ᠃ ᠡᠶᠢᠮᠦ ᠠᠴᠠ ᠠᠮᠠᠷᠠᠬᠤ ᠦᠶᠡᠰ ᠰᠠᠶᠢᠳᠤᠷ ᠠᠮᠠᠷᠴᠤ᠂ ᠭᠠᠷ ᠤᠲᠠᠰᠤ ᠪᠠᠨ ᠪᠢᠲᠡᠭᠡᠶ | ᠦᠵᠡᠭᠡᠷᠡᠢ᠃ | | |