ᠦᠷᠯᠦᠭᠡ ᠨᠠᠶᠢᠳᠠ ᠶᠢᠨ ᠮᠠᠰᠢᠨ ᠲᠡᠷᠭᠡᠨ ᠤ ᠵᠤᠬᠰᠤᠭᠠᠯ ᠳᠤ ᠲᠡᠷᠭᠡ ᠬᠦᠯᠢᠶᠡᠭᠰᠡᠳ ᠤᠯᠡᠨ ᠴᠤ ᠪᠠᠶᠢᠯ᠎ᠠ᠃ | ᠨᠠᠶᠢᠳᠠ ᠶᠢᠨ ᠮᠠᠰᠢᠨ ᠲᠡᠷᠭᠡ ᠵᠤᠭᠰᠤᠭᠠᠯ ᠳᠠᠭᠠᠨ ᠵᠤᠬᠰᠤᠬᠤ ᠠᠴᠠ ᠡᠮᠦᠨ᠎ᠠ ᠤᠯᠡᠨ ᠢᠶᠠᠷ ᠢᠶᠠᠨ ᠲᠡᠷᠭᠡᠨ ᠤ ᠦᠭᠡᠳᠠ | ᠬᠦᠶᠤᠯᠴᠡᠪᠡ᠃ ᠨᠢᠭᠡ ᠵᠠᠯᠠᠭᠤ ᠵᠠᠮ ᠤᠨ ᠮᠦᠰᠤᠨ ᠳᠤ ᠬᠠᠯᠳᠤᠷᠢᠨ ᠤᠢᠢᠴᠢᠬᠰᠡᠨ ᠳᠤ ᠡᠮᠦᠨ᠎ᠠ ᠨᠢ ᠬᠦᠶᠤᠵᠤ | ᠪᠠᠶᠢᠬᠰᠡᠨ ᠪᠦᠰᠡᠭᠦᠢ ᠴᠤ ᠬᠠᠯᠲᠤᠷᠢᠨ ᠤᠨᠡᠪᠡ᠃ ᠵᠠᠯᠠᠭᠤ ᠪᠤᠰᠴᠤ ᠵᠤᠬᠰᠤᠭᠠᠳ ᠲᠡᠷᠭᠡᠨ ᠵᠦᠭ ᠬᠦᠶᠤᠭᠦ ᠶᠢ | ᠵᠠᠪᠳᠤᠳᠠᠯ᠎ᠠ ᠦᠨᠦᠭᠢ ᠪᠦᠰᠡᠭᠦᠢ ᠵᠠᠯᠠᠭᠤ ᠶᠢᠨ ᠬᠤᠷᠮᠤᠢ ᠠᠴᠠ ᠲᠠᠳᠠᠵᠤ᠄ ︽ᠨᠠᠳᠠ ᠶᠢ ᠤᠨᠠᠭᠠᠴᠢᠬᠠᠭᠠᠳ ᠪᠤᠷᠤᠭᠤ | ᠬᠦᠯᠢᠶᠡᠭᠦ ᠴᠦ ᠦᠭᠡᠢ ᠤᠤ︖︾ᠭᠡᠵᠤ ᠦᠨᠳᠤᠷ ᠳᠠᠭᠤᠨ ᠢᠶᠠᠷ ᠬᠠᠰᠬᠢᠷᠴᠤ ᠭᠠᠷᠤᠯ᠎ᠠ᠃ ᠵᠠᠯᠠᠭᠤ ᠴᠤ ᠮᠦᠴᠡᠭᠡ ᠪᠠᠨ | ᠦᠭᠭᠦ ᠦᠭᠡᠢ᠄ ︽ᠪᠢ ᠵᠤᠷᠢᠭᠤᠳᠠ ᠪᠢᠰᠢ ᠳ᠋ᠧ᠂ ᠴᠠᠰᠤ ᠮᠦᠰᠤ ᠶᠢ ᠪᠤᠷᠤᠭᠤ ᠬᠦᠯᠢᠶᠡᠯᠭᠡ︾᠁ ᠭᠡᠵᠤ | ᠨᠠᠶᠢᠳᠠ ᠶᠢᠨ ᠮᠠᠰᠢᠨ ᠲᠡᠷᠭᠡ ᠠᠯᠢ ᠡᠷᠳᠡ ᠶᠠᠪᠤᠴᠢᠬᠠᠬᠰᠡᠨ ᠪᠠᠶᠢᠳᠠᠯ᠎ᠠ ᠲᠡᠳᠡ ᠬᠤᠶᠠᠭᠤᠯᠠ ᠮᠦᠨ ᠯᠡ ᠲᠠᠨᠳᠠ ᠪᠠᠨ | ᠮᠢᠨᠤ ᠪᠤᠷᠤᠭᠤ ᠴᠢᠨᠤ ᠪᠤᠷᠤᠭᠤ ᠭᠡᠵᠤ ᠭᠡᠨ ᠠᠯᠢᠨ ᠳᠠᠭᠠᠨ ᠠᠪᠳᠠᠬᠤ ᠦᠭᠡᠢ ᠳᠡᠭᠡᠷ᠎ᠠ ᠲᠤᠤᠷ᠎ᠠ ᠳᠠᠭᠤᠨ ᠢᠶᠠᠷ | ᠮᠠᠷᠭᠤᠯᠳᠤᠭᠰᠠᠭᠠᠷ᠃ | ᠭᠡᠷ ᠪᠦᠯᠢ ᠶᠢᠨ ᠨᠦᠬᠦᠴᠡᠯ᠂ ᠦᠰᠴᠤ ᠪᠤᠶᠢᠵᠢᠬᠰᠡᠨ ᠤᠷᠴᠢᠨ᠂ ᠰᠤᠷᠭᠠᠨ ᠬᠦᠮᠦᠵᠢᠯ᠂ ᠭᠡᠪ ᠪᠤᠯᠪᠠᠰᠤᠷᠠᠯ᠁ | ᠭᠡᠭᠦ ᠮᠡᠳᠤ ᠶᠢᠨ ᠤᠯᠡᠨ ᠲᠠᠯ᠎ᠠ ᠶᠢᠨ ᠰᠢᠯᠳᠠᠭᠠᠨ ᠠᠴᠠ ᠪᠤᠯᠵᠤ᠂ ᠬᠦᠮᠦᠨ ᠬᠦᠮᠦᠨ ᠤ ᠬᠡᠷᠡᠭ ᠤᠴᠢᠷ ᠲᠤ | ᠬᠠᠨᠳᠤᠬᠤ ᠤᠪᠤᠷ᠂ ᠱᠠᠭᠠᠷᠳᠠᠯᠭ᠎ᠠ᠂ ᠦᠵᠠᠯᠳᠠ ᠪᠦᠷ ᠤᠨᠳᠤᠤ ᠪᠠᠶᠢᠳᠠᠭ ᠰᠠᠨ᠃ ᠭᠡᠷᠪᠡ ᠦᠨᠦᠬᠢ ᠵᠠᠯᠠᠭᠤ ᠭᠡᠴᠢᠨᠡᠨ | ᠶᠠᠭᠠᠷᠠᠵᠤ ᠪᠠᠶᠢᠬᠰᠡᠨ ᠴᠤ ︽ᠠᠭᠤᠴᠢᠯᠠᠭᠠᠷᠠᠢ︕︾ ᠭᠡᠵᠤ ᠨᠢᠭᠡ ᠯᠡ ᠦᠭᠡ ᠶᠡᠷᠢᠬᠰᠡᠨ ᠪᠤᠯ᠂ ᠲᠠᠭᠠᠯᠳᠤᠨ | ᠤᠨᠠᠬᠰᠡᠨ ᠪᠦᠰᠡᠭᠦᠢ ᠴᠤ ᠬᠠᠯᠳᠤᠷᠢᠵᠤ ᠤᠨᠠᠬᠰᠡᠨ ᠢᠶᠠᠨ ᠵᠠᠯᠠᠭᠤ ᠶᠢᠨ ᠤᠷᠰᠢᠭ ᠠᠴᠠ ᠪᠤᠯᠵᠠᠢ ᠭᠡᠵᠤ ᠪᠤᠳᠤᠯ ᠦᠭᠡᠢ | ᠠᠭᠤᠳᠠᠮᠴᠢ ᠰᠡᠳᠬᠢᠯ ᠲᠠᠢ ᠪᠠᠶᠢᠭᠰᠠᠨ ᠪᠤᠯ᠂ ᠲᠡᠷᠡ ᠬᠤᠶᠠᠭᠤᠯᠠ ᠬᠡᠯᠡ ᠠᠮᠠ ᠪᠤᠯᠬᠤ ᠦᠭᠡᠢ ᠪᠦᠭᠡᠳ ᠨᠡᠶᠢᠳᠠ ᠶᠢᠨ | ᠮᠠᠰᠢᠨ ᠲᠡᠷᠭᠡᠨ ᠠᠴᠠ ᠴᠤ ᠬᠤᠴᠤᠷᠬᠤ ᠦᠭᠡᠢ ᠶᠤᠮ᠃ ᠪᠦᠷ ᠠᠭᠤᠷ ᠤᠴᠠᠭᠠᠷ ᠠᠴᠠ ᠪᠤᠯᠵᠤ᠂ ᠲᠡᠷᠡ | ᠬᠤᠶᠠᠭᠤᠯᠠ ᠶᠢᠨ ᠨᠢᠭᠡ ᠡᠳᠦᠷ ᠮᠠᠷᠭᠤᠭᠠᠨ ᠢᠶᠠᠷ ᠡᠬᠢᠯᠡᠭᠰᠡᠨ ᠢ ᠶᠠᠭᠤ ᠬᠡᠵᠤ ᠬᠡᠯᠡᠬᠦᠪ⁈ ᠵᠠᠷᠢᠮ ᠬᠦᠮᠤᠨ | ᠰᠠᠨᠠᠭᠠᠨ ᠳᠤᠨᠢ ᠨᠡᠶᠢᠴᠡᠭᠦ ᠦᠭᠡᠢ ᠤᠴᠢᠷ ᠲᠤᠬᠢᠶᠠᠯᠳᠤᠬᠤ ᠪᠤᠶᠤ ᠡᠰᠡᠭᠦᠯ᠎ᠠ ᠭᠡᠨ ᠨᠢᠭᠡᠨ ᠤ ᠬᠢᠨᠢ ᠤᠪᠠᠶᠢᠨ ᠳᠤ | ᠦᠭᠡᠢ ᠪᠠᠷ ᠬᠡᠯᠡᠭᠰᠡᠨ ᠦᠭᠡ᠂ ᠬᠢᠭᠰᠡᠨ ᠤᠴᠢᠷ ᠠᠴᠠ ᠦ ᠡᠷᠢᠵᠤ᠂ ᠦᠨᠡᠨ ᠴᠠᠭᠠᠨ ᠢᠶᠠᠨ ᠤᠯᠬᠤ ᠭᠡᠵᠤ ᠵᠢᠳᠭᠦᠯᠦᠨ᠂ | ᠮᠠᠷᠭᠤᠭᠠᠨ ᠵᠦᠷᠢᠯᠳᠤᠭᠡᠨ ᠪᠤᠯᠵᠤ᠂ ᠴᠢᠨᠠᠬᠰᠢᠯᠡᠪᠡᠯ ᠭᠡᠷᠡᠭᠦᠯ ᠵᠤᠳᠤᠭᠠᠨ ᠪᠤᠯᠳᠠᠭ ᠴᠤ ᠤᠳᠠᠭ᠎ᠠ ᠲᠠᠢ᠃ ᠵᠢᠱᠢᠶᠡᠯᠡᠪᠡᠯ᠂ | ᠠᠪᠬᠤ ᠶᠢ ᠮᠡᠳᠡᠭᠡᠳ ᠦᠭᠭᠦ ᠶᠢ ᠮᠡᠳᠡᠳᠡᠭ ᠦᠭᠡᠢ ᠬᠤᠪᠢᠨᠴᠢᠷ ᠬᠦᠮᠦᠨ ᠭᠡᠳᠡᠭ ᠢ ᠨᠢ ᠮᠡᠳᠡᠵᠤ ᠪᠠᠶᠢᠭᠠᠳ ᠶᠠᠭᠤ | ᠨᠢᠭᠡ ᠪᠠᠨ ᠦᠭᠴᠢᠭᠡᠭᠰᠡᠨ ᠪᠠᠶᠢᠳᠠᠯ᠎ᠠ ᠪᠠᠨ ᠬᠠᠷᠢᠭᠤ ᠬᠦᠰᠡᠵᠤ᠂ ᠠᠭᠤᠷᠯᠠᠬᠰᠡᠨ ᠬᠦᠴᠦᠨ ᠳᠡᠭᠡᠨ ᠠᠭᠤᠯᠵᠠᠬᠰᠡᠨ | ᠪᠤᠯᠭᠠᠨ ᠳᠤ ᠦᠨᠦᠬᠢ ᠪᠠᠨ ᠮᠠᠭᠤᠯᠠᠵᠤ ᠶᠠᠪᠤᠨ᠎ᠠ︔ ᠠᠮᠠ ᠰᠤᠯᠠ ᠬᠦᠮᠦᠨ ᠭᠡᠳᠡᠭ ᠢ ᠨᠢ ᠮᠡᠳᠡᠵᠤ ᠪᠠᠶᠢᠭᠠᠳ | ᠨᠢᠭᠤᠴᠠ ᠪᠠᠨ ᠶᠠᠷᠢᠴᠢᠬᠠᠭᠠᠳ ᠨᠢᠭᠤᠴᠠ ᠶᠢ ᠵᠠᠳᠠᠷᠠᠭᠤᠯᠴᠢᠬᠠᠯᠠ ᠭᠡᠵᠤ ᠭᠤᠮᠤᠳᠠᠵᠤ ᠭᠤᠮᠤᠷᠬᠠᠭᠠᠳ ᠠᠭᠤᠷᠯᠠᠵᠤ | ᠤᠴᠠᠭᠠᠷᠯᠠᠨ᠎ᠠ᠁ | ᠠᠭᠤᠯᠠ ᠮᠤᠷᠢ ᠶᠢ ᠵᠤᠪᠠᠭᠠᠵᠦ ᠠᠭᠤᠷ ᠪᠡᠶ᠎ᠠ ᠶᠢ ᠵᠤᠪᠠᠭᠠᠨ᠎ᠠ ᠬᠡᠳᠡᠭ᠂ ᠪᠦᠷᠢᠳᠭᠡᠯ ᠢᠶᠠᠷ ᠡᠪᠡᠳᠴᠢᠨ | ᠡᠮᠭᠡᠭ ᠤᠨ90% ᠨᠢ ᠪᠦᠷ ᠠᠭᠤᠷ ᠤᠴᠠᠭᠠᠷ ᠠᠴᠠ ᠢᠷᠡᠯᠳᠠᠢ᠃ ᠲᠡᠶᠢᠮᠤ ᠳᠡᠭᠡᠨ᠂ ᠠᠵᠢᠯ ᠠᠮᠢᠳᠤᠷᠠᠯ ᠳᠠᠭᠠᠨ ᠤᠴᠢᠷ | ᠶᠠᠪᠤᠳᠠᠯ ᠪᠦᠭᠦᠨ ᠢ ᠦᠪᠡᠷ ᠤᠨ ︽ᠪᠠᠷᠢᠮᠵᠢᠶ᠎ᠠ︾ ᠪᠠᠷ ᠢᠶᠠᠨ ᠪᠦᠷᠢᠨ ᠰᠠᠶᠢᠬᠠᠨ ᠬᠦᠢᠴᠡᠳᠭᠡᠵᠤ᠂ ᠦᠪᠡᠷ ᠢᠶᠠᠨ | ᠪᠠᠶᠠᠰᠴᠤ ᠪᠤᠰᠤᠳ ᠢ ᠪᠠᠶᠠᠰᠬᠠᠵᠤ ᠶᠠᠪᠤᠬᠤ ᠨᠢ ᠴᠢᠬᠤᠯᠠ ᠪᠤᠯᠠᠢ᠃ |