ᠪᠠᠩᠬᠢ ᠶᠢᠨ ᠺᠠᠷᠲ ᠲᠡᠭᠡᠷᠡᠬᠢ ᠡᠨᠡ ᠬᠤᠶᠠᠷ ᠦᠰᠦᠭ ᠢ ᠠᠩᠬᠠᠷᠬᠤ ᠬᠡᠷᠡᠭᠲᠡᠢ︕
ᠨᠡᠶᠢᠲᠡᠯᠡᠭᠰᠡᠨ ᠴᠠᠭ᠄
2019-12-11
       ᠲᠠᠨ ᠤ ᠪᠠᠩᠬᠢ ᠶᠢᠨ ᠺᠠᠷᠲ ᠲᠡᠭᠡᠷ᠎ᠡ ᠴᠢᠨᠢ ︽ᠲᠦᠷᠭᠡᠨ ᠲᠥᠯᠥᠬᠦ︾(闪付)ᠭᠡᠰᠡᠨ ᠬᠤᠶᠠᠷ ᠦᠰᠦᠭ ᠪᠠᠶᠢᠨ᠎ᠠ ᠤᠤ︖ ᠬᠡᠷᠪᠡ ᠪᠠᠶᠢᠪᠠᠯ ᠠᠩᠬᠠᠷᠤᠯ ᠳᠠᠭᠠᠨ ᠠᠪᠤᠭᠠᠷᠠᠢ︕

       ᠮᠠᠰᠢ ᠤᠯᠠᠨ ᠬᠥᠮᠥᠨ ᠪᠠᠩᠬᠢ ᠶᠢᠨ ᠬᠢᠨ ᠪᠠᠭ᠎ᠠ ᠬᠡᠮᠵᠢᠶᠡᠨ ᠳᠤ ᠵᠣᠭᠤᠰ ᠮᠥᠩᠭᠦᠨ ᠤ ᠲᠣᠭᠠᠴᠠᠭᠠᠨ ᠳᠤ

ᠨᠢᠭᠤᠴᠠ ᠺᠣᠳ᠋ ᠬᠡᠷᠡᠭᠯᠡᠬᠦ ᠦᠭᠡᠢ᠂ ᠭᠠᠷ ᠤᠨ ᠦᠰᠦᠭ ᠵᠢᠷᠤᠬᠤ ᠦᠭᠡᠢ ᠪᠠᠷ ︽ᠠᠶᠠᠨᠳᠠᠭᠠᠨ ᠲᠥᠯᠥᠬᠦ︾ ᠴᠢᠳᠠᠮᠵᠢ ᠶᠢ

ᠨᠡᠭᠡᠭᠡᠭᠰᠡᠨ ᠢ ᠮᠡᠳᠡᠬᠦ ᠦᠭᠡᠢ ᠪᠠᠶᠢᠳᠠᠭ᠃ ᠲᠡᠭᠡᠪᠡᠯ᠂ ᠪᠠᠭ᠎ᠠ ᠬᠡᠮᠵᠢᠶᠡᠨ ᠤ ᠵᠣᠭᠤᠰ ᠮᠥᠩᠭᠦᠨ ᠤ ᠲᠣᠭᠠᠴᠠᠭᠠᠨ ᠳᠤ

ᠨᠢᠭᠤᠴᠠ  ᠺᠣᠳ᠋ ᠬᠡᠷᠡᠭᠯᠡᠬᠦ ᠦᠭᠡᠢ᠂ ᠭᠠᠷ ᠤᠨ ᠦᠰᠦᠭ ᠵᠢᠷᠤᠬᠤ ᠦᠭᠡᠢ ᠭᠡᠳᠡᠭ ᠨᠢ ᠶᠠᠭᠤ  ᠪᠤᠢ︖ ᠪᠠᠩᠬᠢ ᠶᠢᠨ

 ᠬᠢᠨ ︽ᠠᠶᠠᠨᠳᠠᠭᠠᠨ ᠲᠥᠯᠥᠬᠦ︾ ᠴᠢᠳᠠᠮᠵᠢ ᠶᠢ ᠨᠡᠭᠡᠭᠡᠬᠦ ᠨᠢ ᠵᠤᠬᠢᠰᠲᠠᠢ ᠦᠦ︖ ᠬᠡᠷᠪᠡ ᠵᠣᠭᠤᠰ ᠮᠥᠩᠭᠦ ᠪᠠᠨ

ᠪᠤᠰᠤᠳ ᠲᠤ ᠬᠤᠯᠠᠭᠠᠶᠢᠯᠠᠭᠤᠯᠪᠠᠯ ᠲᠥᠯᠥᠵᠦ ᠥᠭᠬᠦ ᠦᠦ︖

       ᠪᠠᠭ᠎ᠠ ᠬᠡᠮᠵᠢᠶᠡᠨ ᠤ ᠵᠣᠭᠤᠰ ᠮᠥᠩᠭᠦᠨ ᠤ ᠲᠣᠭᠠᠴᠠᠭᠠᠨ ᠳᠤ ᠨᠢᠭᠤᠴᠠ ᠺᠤᠳ᠋ ᠬᠡᠷᠡᠭᠯᠡᠬᠦ ᠦᠭᠡᠢ᠂ ᠭᠠᠷ ᠤᠨ

ᠦᠰᠦᠭ ᠵᠢᠷᠤᠬᠤ ᠦᠭᠡᠢ ᠭᠡᠳᠡᠭ ᠨᠢ ᠲᠤᠭᠲᠠᠭᠰᠠᠨ ᠬᠡᠮᠵᠢᠶᠡᠨ ᠤ ᠵᠣᠭᠤᠰ ᠮᠥᠩᠭᠦᠨ ᠤ ᠲᠣᠭᠠᠴᠠᠭᠠᠨ ᠳᠤ᠂

ᠨᠢᠭᠤᠴᠠ ᠺᠤᠸᠠᠳ᠋᠂ ᠭᠠᠷ ᠤᠨ ᠦᠰᠦᠭ ᠦᠭᠡᠢ ᠪᠠᠷ ᠰᠢᠭᠤᠳ ᠲᠤᠰᠢᠶᠠᠬᠤ ᠶᠢ ᠵᠢᠭᠠᠵᠦ ᠪᠠᠶᠢᠨ᠎ᠠ᠃ ᠲᠡᠭᠡᠪᠡᠯ ᠠᠯᠢ

ᠠᠯᠢ ᠪᠠᠩᠬᠢ ᠶᠢᠨ ᠺᠠᠷᠲ ᠨᠢ ᠡᠶᠢᠮᠦᠷᠬᠦ‌‍ᠴᠢᠳᠠᠮᠵᠢ ᠲᠠᠢ ᠪᠤᠯ︖ ᠪᠠᠩᠬᠢ ᠶᠢᠨ ᠬᠤᠯᠪᠤᠭᠠᠨ ᠤ ᠨᠡᠶᠢᠲᠡᠯᠡᠭᠰᠡᠨ

ᠮᠡᠳᠡᠭᠳᠡᠯ ᠠᠴᠠ ᠦᠵᠡᠪᠡᠯ᠂ ︽ᠲᠦᠷᠭᠡᠨ ᠲᠦᠯᠦᠬᠦ︾ ᠴᠢᠳᠠᠮᠵᠢ ᠲᠠᠢ ᠪᠠᠩᠬᠢ ᠶᠢᠨ ᠬᠤᠯᠪᠤᠭᠠᠨ ᠤ ᠺᠠᠷᠲ ᠪᠤᠶᠤ

ᠰᠢᠯᠵᠢᠮᠡᠯ ᠲᠦᠯᠦᠬᠦ ᠲᠦᠬᠦᠭᠡᠷᠦᠮᠵᠢ ᠲᠠᠢ ᠪᠠᠶᠢᠪᠠᠯ᠂ ᠰᠤᠷᠢᠨᠵᠢᠨ ᠲᠠᠢ ᠺᠠᠷᠲ ᠨᠢ ᠡᠶᠢᠮᠦ ᠴᠢᠳᠠᠮᠵᠢ ᠶᠢ ᠨᠡᠭᠡᠭᠡᠵᠦ

ᠲᠡᠶᠢᠯᠬᠦ ᠦᠭᠡᠢ ᠶᠤᠮ᠃

       ᠪᠠᠩᠬᠢ ᠶᠢᠨ ᠬᠤᠯᠪᠤᠭᠠᠨ ᠤ ᠨᠡᠶᠢᠲᠡᠯᠡᠭᠰᠡᠨ ᠢᠶᠠᠷ᠂ 2018 ᠤᠨ ᠤ 6 ᠳ᠋ᠤᠭᠠᠷ ᠰᠠᠷ᠎ᠠ ᠶᠢᠨ 1 ᠤ ᠡᠳᠦᠷ

 ᠠᠴᠠ ᠡᠬᠢᠯᠡᠨ᠂ ᠲᠤᠮᠳᠠᠳᠦ ᠤᠯᠤᠰ ᠤᠨ ᠪᠠᠩᠬᠢ ᠶᠢᠨ ᠬᠤᠯᠪᠤᠭᠠᠨ ᠤ ᠬᠢᠨ ᠡᠯ᠎ᠡ ᠭᠡᠰᠢᠭᠦᠨ ᠪᠠᠶᠢᠭᠤᠯᠤᠮᠵᠢ ᠲᠠᠢ

ᠬᠤᠯᠪᠤᠭᠠᠯᠠᠨ ︽ᠪᠠᠭ᠎ᠠ‌‍ᠬᠡᠮᠵᠢᠶᠡᠨ ᠤ ᠵᠣᠭᠤᠰ ᠮᠥᠩᠭᠦᠨ ᠤ ᠲᠣᠭᠠᠴᠠᠭᠠᠨ ᠳᠤ ᠨᠢᠭᠤᠴᠠ ᠺᠤᠳ᠋ ᠬᠡᠷᠡᠭᠯᠡᠬᠦ ᠦᠭᠡᠢ᠂

ᠭᠠᠷ ᠤᠨ ᠦᠰᠦᠭ ᠵᠢᠷᠤᠬᠤ ᠦᠭᠡᠢ︾ ᠪᠠᠶᠢᠬᠤ ᠴᠢᠳᠠᠮᠵᠢ ᠶᠢ ᠰᠢᠯᠢᠳᠡᠭᠵᠢᠬᠦᠯᠵᠦ᠂ ᠨᠢᠭᠡ ᠤᠳᠠᠭ᠎ᠠ ᠳᠤ ᠵᠠᠷᠤᠴᠠᠭᠤᠯᠬᠤ

ᠮᠥᠩᠭᠦᠨ ᠤ ᠬᠡᠮᠵᠢᠶ᠎ᠡ ᠶᠢ 300 ᠲᠦᠭᠦᠷᠢᠭ ᠪᠠᠶᠢᠭᠰᠠᠨ ᠠᠴᠠ 1000 ᠲᠦᠭᠦᠷᠢᠭ ᠪᠣᠯᠭᠠᠵᠤ ᠨᠡᠮᠡᠭᠳᠡᠭᠦᠯᠦᠭᠰᠡᠨ

ᠪᠠᠶᠢᠨ᠎ᠠ᠃

       ᠨᠢᠭᠤᠴᠠ ᠺᠣᠳ᠋ ᠬᠡᠷᠡᠭᠯᠡᠬᠦ ᠦᠭᠡᠢ ᠪᠠᠷ ᠮᠦᠩᠭᠦ ᠭᠠᠷᠭᠠᠵᠦ ᠠᠪᠬᠤ ᠨᠢ ᠦᠨᠡᠬᠡᠷ ᠠᠮᠤᠷ ᠲᠦᠪᠰᠢᠨ ᠤᠤ︖

ᠡᠨᠡᠬᠦ‌‍ᠴᠢᠳᠠᠮᠵᠢ ᠶᠢ ᠨᠡᠭᠡᠭᠡᠬᠦ ᠳᠤ ᠪᠠᠩᠬᠢ ᠶᠢᠨ ᠲᠠᠯ᠎ᠠ ᠶᠢᠨ ᠬᠢᠨ ᠺᠠᠷᠲ ᠬᠡᠷᠡᠭᠯᠡᠭᠴᠢᠳ ᠤᠨ ᠵᠦᠪᠰᠢᠶᠡᠷᠡᠯ ᠢ

ᠤᠯᠤᠭᠰᠠᠨ ᠤᠤ︖ ᠡᠨᠡ ᠲᠤᠬᠠᠢ ᠪᠠᠩᠬᠢ ᠶᠢᠨ ᠬᠤᠯᠪᠤᠭᠠᠨ ᠤ ᠬᠢᠨ ᠢᠯᠡᠷᠬᠡᠶᠢᠯᠡᠬᠦ ᠳᠡᠭᠡᠨ᠂ ᠪᠠᠭ᠎ᠠ ᠬᠡᠮᠵᠢᠶᠡᠨ ᠤ

ᠮᠥᠩᠭᠦᠨ ᠤ ᠲᠣᠭᠠᠴᠠᠭᠠᠨ ᠳᠤ ᠨᠢᠭᠤᠴᠠ ᠺᠤᠳ᠋ ᠬᠡᠷᠡᠭᠯᠡᠬᠦ ᠦᠭᠡᠢ᠂ ᠭᠠᠷ ᠤᠨ ᠦᠰᠦᠭ ᠵᠢᠷᠤᠬᠤ ᠦᠭᠡᠢ ᠪᠠᠷ

ᠲᠥᠯᠥᠬᠦ ᠪᠣᠯ ᠲᠡᠯᠡᠬᠡᠢ ᠲᠡᠭᠡᠷᠡᠬᠢ ᠨᠡᠯᠢᠶᠡᠳ ᠪᠤᠯᠪᠠᠰᠤᠷᠠᠩᠭᠤᠢ ᠲᠣᠭᠠᠴᠠᠭᠠᠨ ᠤ ᠠᠷᠭ᠎ᠠ ᠮᠦᠨ᠃ ᠡᠨᠡ ᠨᠢ ᠦᠷᠭᠡᠨ

ᠤᠯᠠᠨ ᠬᠡᠷᠡᠭᠯᠡᠭᠴᠢᠳ ᠳᠤ ᠲᠦᠭᠦᠮ ᠦᠵᠡᠬᠦᠯᠬᠦ ᠶᠢᠨ ᠲᠦᠯᠦᠭᠡ ᠶᠤᠮ ᠭᠡᠵᠡᠢ᠃ ᠬᠡᠪᠯᠡᠯ ᠮᠡᠳᠡᠭᠡᠯᠡᠯ ᠤᠨ ᠬᠢᠨ ᠤ

ᠮᠡᠳᠡᠭᠡᠯᠡᠭᠰᠡᠨ ᠢᠶᠠᠷ᠂ ᠤᠯᠠᠩᠬᠢ ᠪᠠᠩᠬᠢ ᠶᠢᠨ ᠬᠢᠨ ︽ᠠᠶᠠᠨᠳᠠᠭᠠᠨ ᠲᠥᠯᠥᠬᠦ︾ ᠴᠢᠳᠠᠮᠵᠢ ᠶᠢ ᠺᠠᠷᠲ ᠬᠡᠷᠡᠭᠯᠡᠭᠴᠢᠳ ᠤᠨ

ᠵᠦᠪᠰᠢᠶᠡᠷᠡᠯ ᠢ ᠠᠪᠬᠤ ᠦᠭᠡᠢ ᠪᠠᠷ ᠨᠡᠭᠡᠭᠡᠭᠰᠡᠨ ᠪᠠᠶᠢᠳᠠᠭ᠃  ᠭᠡᠪᠡᠴᠤ᠂ ᠬᠡᠷᠡᠭᠯᠡᠭᠴᠢᠳ ᠪᠠᠩᠬᠢ ᠳᠤ ᠡᠨᠡ ᠲᠤᠬᠠᠢ

ᠱᠠᠭᠠᠷᠳᠠᠯᠭ᠎ᠠ ᠲᠤᠷᠠᠳᠴᠤ ᠪᠤᠯᠤᠨ᠎ᠠ᠃ ᠬᠡᠷᠪᠡ ᠮᠥᠩᠭᠦ ᠨᠢ ᠬᠤᠯᠠᠭᠠᠶᠢᠯᠠᠭᠳᠠᠭᠰᠠᠨ ᠪᠤᠯ ᠲᠥᠯᠥᠭᠦᠯᠵᠦ ᠠᠪᠬᠤ

ᠬᠡᠷᠡᠭᠲᠡᠢ᠃ ᠦᠷᠭᠡᠨ ᠤᠯᠠᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠶᠢᠨ ᠲᠦᠯᠦᠭᠡ᠂ ᠪᠠᠩᠬᠢ ᠶᠢᠨ

ᠬᠤᠯᠪᠤᠭᠠᠨ ᠤ ᠬᠢᠨ ᠬᠤᠳᠠᠯᠳᠤᠭᠠᠨ ᠤ ᠪᠠᠩᠬᠢ ᠲᠠᠢ ᠬᠠᠮᠵᠢᠯᠴᠠᠨ ᠬᠤᠬᠢᠷᠠᠯ ᠢ ᠲᠦᠯᠦᠬᠦ ᠦᠢᠯᠡᠴᠢᠯᠡᠭᠡ ᠶᠢ

ᠬᠠᠩᠭᠠᠵᠦ ᠪᠠᠶᠢᠨ᠎ᠠ᠃

 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号