ᠤᠷᠢᠨ ᠳᠤᠯᠠᠭᠠᠨ ᠬᠠᠪᠤᠷ ᠤᠨ ᠰᠠᠶᠢᠬᠠᠨ ᠤᠯᠠᠷᠢᠯ ᠳᠤ᠂ ᠬᠠᠮᠤᠭ ᠪᠣᠳᠠᠰ ᠡᠰᠡᠨᠢᠨ ᠲᠥᠯᠵᠢᠵᠦ᠂ | ᠮᠣᠳᠣᠳ ᠤᠨ ᠨᠠᠮᠠᠭ᠎ᠠ ᠨᠢᠳᠦᠯᠡᠨ ᠬᠥᠬᠡᠷᠡᠭᠡᠳ᠂ ᠭᠤᠣᠯ ᠤᠨ ᠮᠥᠰᠥᠨ ᠤᠶᠠᠰᠤᠨ ᠬᠠᠶᠢᠯᠵᠤ ᠭᠤᠷᠴᠢᠭᠢᠨᠠᠨ | ᠤᠷᠤᠰᠤᠨ᠎ᠠ ᠁ | | ᠣᠶᠢᠷ᠎ᠠ ᠶᠢᠨ ᠡᠳᠦᠷ ᠲᠤ᠂ ᠯᠤᠤᠬ᠎ᠠ ᠶᠢᠨ ᠭᠤᠣᠯ ᠤᠨ ᠨᠠᠢᠮᠠᠨ ᠬᠤᠰᠢᠭᠤᠨ ᠤ ᠬᠡᠰᠡᠭ ᠲᠤ ᠰᠦᠷᠦᠭ | ᠰᠦᠷᠦᠭ ᠬᠤᠨ ᠭᠠᠯᠠᠭᠤ᠂ ᠤᠯᠠᠭᠠᠨ ᠬᠤᠰᠢᠭᠤᠲᠤ ᠨᠤᠭᠤᠰᠤ᠂ ᠬᠥᠬᠡ ᠲᠣᠭᠤᠷᠤᠤ᠂ ᠨᠣᠭᠤᠭᠠᠨ ᠲᠣᠯᠣᠭᠠᠶᠢᠲᠤ | ᠨᠤᠭᠤᠰᠤ ᠵᠡᠷᠭᠡ ᠨᠡᠭᠦᠳᠡᠯ ᠤᠨ ᠰᠢᠪᠠᠭᠤᠳ ᠬᠥᠯ ᠠᠮᠠᠷᠠᠭᠠᠵᠤ᠂ ᠭᠤᠣᠯ ᠤᠨ ᠬᠠᠶᠢᠯ ᠤᠨ ᠤᠰᠤᠨ ᠳᠤ ᠨᠠᠭᠠᠳᠤᠨ | ᠴᠡᠩᠭᠡᠵᠦ᠂ ᠳᠡᠪᠬᠡᠷᠦᠨ ᠪᠥᠵᠢᠭᠯᠡᠵᠦ᠂ ᠠᠮᠢᠵᠢᠷᠠᠯ ᠪᠢᠯᠬᠠᠭᠰᠠᠨ ᠡᠶ᠎ᠡ ᠵᠣᠬᠢᠴᠠᠯᠳᠤ ᠵᠢᠷᠤᠭ ᠳᠦᠷᠰᠦ ᠤᠯᠡᠨ ᠤ | ᠬᠠᠷᠠᠭᠠᠨ ᠳᠤ ᠳᠡᠯᠭᠡᠭᠳᠡᠨ᠎ᠡ︕ | | ᠭᠤᠣᠯ ᠤᠨ ᠬᠥᠪᠡᠭᠡᠨ᠎ᠡ᠂ ᠬᠤᠨ ᠭᠠᠯᠠᠭᠤ ᠬᠠᠶᠡ ᠲᠣᠯᠣᠭᠠᠢ ᠪᠥᠬᠦᠶᠢᠨ ᠢᠳᠡᠰᠢ ᠡᠷᠢᠵᠦ᠂ ᠬᠠᠶᠡ ᠦᠲᠤ | ᠪᠠᠨ ᠵᠠᠰᠠᠨ ᠵᠢᠭᠦᠷ ᠢᠶᠠᠨ ᠲᠡᠪᠢᠵᠤ᠂ ᠪᠡᠶ᠎ᠡ ᠭᠠᠯᠪᠢᠷ ᠢᠶᠠᠨ ᠲᠡᠨᠢᠢᠯᠭᠡᠨᠡ᠂ ᠬᠠᠵᠠᠭᠤ ᠳᠠᠬᠢ ᠤᠯᠠᠭᠠᠨ ᠬᠤᠰᠢᠭᠤᠲᠤ | ᠨᠤᠭᠤᠰᠤ ᠴᠤ ᠪᠠᠶᠢᠨ ᠲᠡᠭᠢᠨ ᠤᠰᠤᠨ ᠳᠡᠭᠡᠭᠦᠷ ᠬᠠᠯᠢᠨ ᠳᠡᠭᠦᠯᠢᠵᠦ᠂ ᠬᠠᠪᠤᠷ ᠤᠨ ᠡᠬᠢᠨ ᠤ ᠯᠤᠤᠬ᠎ᠠ ᠶᠢᠨ | ᠭᠤᠣᠯ ᠤᠨ ᠭᠤᠶᠢᠳᠠ ᠰᠠᠶᠢᠬᠠᠨ ᠦᠵᠡᠮᠵᠢ ᠶᠢ ᠪᠦᠷᠢᠳᠦᠭᠦᠯᠦᠭᠰᠡᠨ ᠪᠠᠶᠢᠯ᠎ᠠ᠃ | | ᠰᠢᠪᠠᠭᠤᠳ ᠤᠨ ᠲᠦᠷᠦᠯ ᠪᠠ ᠲᠤᠭ᠎ᠠ ᠶᠢᠨ ᠨᠡᠮᠡᠭᠳᠡᠯ ᠨᠢ ᠲᠤᠬᠠᠢ ᠶᠢᠨ ᠭᠠᠵᠠᠷ ᠣᠷᠣᠨ ᠤ ᠠᠮᠢ ᠠᠬᠤᠢ | ᠰᠡᠷᠭᠦᠨ ᠰᠠᠶᠢᠵᠢᠷᠠᠭᠰᠠᠨ ᠤ ᠰᠢᠭᠤᠳ ᠢᠯᠡᠷᠡᠯ ᠪᠤᠯᠬᠤ ᠶᠤᠮ᠃ ᠣᠶᠢᠯᠠᠭᠠᠭᠰᠠᠨ ᠢᠶᠠᠷ᠂ ᠡᠨᠡ ᠬᠠᠪᠤᠷ ᠯᠤᠤᠬ᠎ᠠ ᠶᠢᠨ | ᠭᠤᠣᠯ ᠤᠨ ᠨᠠᠢᠮᠠᠨ ᠬᠤᠰᠢᠭᠤᠨ ᠤ ᠬᠡᠰᠡᠭ ᠲᠤ 8 ᠲᠦᠮᠡ ᠭᠠᠷᠤᠢ ᠨᠡᠭᠦᠳᠡᠯ ᠤᠨ ᠰᠢᠪᠠᠭᠤ ᠰᠠᠭᠠᠲᠠᠨ ᠢᠷᠡᠵᠣ᠂ | ᠰᠢᠪᠠᠭᠤᠨ ᠤ ᠲᠦᠷᠦᠯ 127 ᠵᠦᠢᠯ ᠳᠤ ᠬᠦᠷᠴᠡᠢ᠃ ᠡᠭᠦᠨ ᠳᠤ᠂ ᠠᠯ ᠰᠡᠭᠦᠯ᠂ ᠲᠣᠭᠤᠳᠠᠭ᠂ ᠳᠣᠷᠣᠨᠠᠲᠤ ᠶᠢᠨ | ᠴᠠᠭᠠᠨ ᠥᠷᠪᠢ ᠵᠡᠷᠭᠡ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠰᠢᠪᠠᠭᠤᠳ ᠤᠨ ᠬᠦᠷᠦᠯᠴᠡᠨ | ᠢᠷᠡᠭᠰᠡᠨ ᠬᠡᠮᠵᠢᠶ᠎ᠡ ᠤᠤᠯ ᠤᠨ ᠠᠳᠠᠯᠢ ᠬᠤᠭᠤᠴᠠᠭᠠᠨ ᠤ ᠬᠢ ᠠᠴᠠ 40% ᠪᠠᠷ ᠨᠡᠮᠡᠭᠳᠡᠵᠦ᠂ ᠬᠤᠷᠴᠢᠨ ᠤ | ᠡᠯᠡᠰᠦᠷᠬᠡᠭ ᠭᠠᠵᠠᠷ ᠤᠨ ᠠᠮᠢ ᠠᠬᠤᠢ ᠶᠢᠨ ᠴᠢᠳᠠᠮᠵᠢ ᠢᠯᠡᠳᠲᠡ ᠰᠠᠶᠢᠵᠢᠷᠠᠭᠰᠠᠨ ᠢ ᠬᠠᠷᠠᠭᠤᠯᠤᠨ᠎ᠠ᠃ | | ︽ᠣᠳᠣ ᠶᠠᠭ ᠬᠤᠨ ᠭᠠᠯᠠᠭᠤ ᠨᠡᠭᠦᠳᠡᠯᠯᠡᠬᠦ ᠤᠯᠠᠷᠢᠯ ᠪᠣᠯᠣᠨ᠎ᠠ᠃ ᠤᠯᠢᠶᠠᠰᠤ ᠰᠢᠶᠠᠩ ᠤᠨ | ᠤᠬᠠᠭᠤᠯᠭ᠎ᠠ ᠶᠢᠨ ᠹᠢᠯᠢᠮ ᠢᠶᠠᠷ ᠲᠡᠮᠵᠢᠨ᠂ ᠡ᠊ᠨᠲᠡ ᠬᠤᠨ ᠭᠠᠯᠠᠭᠤ ᠪᠠᠶᠢᠬᠤ ᠶᠢ ᠣᠯᠵᠤ ᠮᠠᠳᠠᠯ᠎ᠠ᠃ ᠥᠨᠥᠳᠥᠷ᠂ ᠪᠢ | ᠬᠠᠪᠤᠷ ᠤᠨ ᠰᠠᠶᠢᠬᠠᠨ ᠡᠳᠦᠷ ᠢ ᠲᠣᠬᠢᠶᠠᠯᠳᠤᠭᠤᠯᠤᠨ᠂ ᠲᠤᠰᠬᠠᠶᠢᠯᠠᠨ ᠲᠡᠷᠭᠡ ᠵᠢᠯᠤᠭᠤᠳᠴᠤ ᠬᠤᠨ ᠭᠠᠯᠠᠭᠤ ᠶᠢ | ᠰᠣᠨᠢᠷᠬᠠᠬᠤ ᠪᠠᠷ ᠢᠷᠡᠵᠡᠢ᠃ ᠴᠣᠬᠤᠮ ᠬᠦ ᠰᠦᠷᠯᠢᠭ ᠰᠠᠶᠢᠬᠠᠨ ᠦᠵᠡᠮᠵᠢ ᠪᠠᠶᠢᠨ᠎ᠠ ᠳ᠋ᠠ︕ ᠤᠤᠯ ᠨᠢ ᠡᠶᠢᠮᠦᠷᠬᠦᠦ | ᠦᠵᠡᠮᠵᠢ ᠶᠢ ᠲᠧᠯᠸᠢᠰ ᠳᠡᠭᠡᠷ᠎ᠡ ᠠᠴᠠ ᠯᠡ ᠰᠠᠶ᠋ᠢ ᠣᠯᠵᠤ ᠬᠠᠷᠠᠬᠤ ᠪᠠᠶᠢᠭᠰᠠᠨ᠃ ᠮᠠᠰᠢ ᠭᠤᠶᠤ ᠳ᠋ᠠ︕︾ ᠭᠡᠵᠦ | ᠵᠤᠭᠠᠴᠠᠭᠴᠢ ᠸᠠᠩ ᠴᠤᠤ ᠶᠠᠷᠢᠨ᠎ᠠ᠃ | | ᠨᠠᠢᠮᠠᠨ ᠬᠤᠰᠢᠭᠤ ᠬᠤᠷᠴᠢᠨ ᠤ ᠡᠯᠡᠰᠦᠷᠬᠡᠭ ᠭᠠᠵᠠᠷ ᠤᠨ ᠡᠮᠦᠨ᠎ᠡ ᠵᠠᠬ᠎ᠠ ᠳᠤ ᠪᠠᠶᠢᠷᠢᠯᠠᠵᠤ᠂ ᠪᠠᠷᠠᠭᠤᠨ | ᠯᠢᠶᠣᠤ ᠾᠧ ᠭᠤᠣᠯ ᠤᠨ ᠰᠠᠯᠪᠤᠷᠢ ᠤᠷᠤᠰᠬᠠᠯ ᠪᠣᠯᠤᠭᠰᠠᠨ ᠯᠤᠤᠬ᠎ᠠ ᠶᠢᠨ ᠭᠤᠣᠯ ᠨᠢ ᠨᠠᠢᠮᠠᠨ ᠬᠤᠰᠢᠭᠤᠨ ᠤ | ᠬᠢᠯᠢ ᠪᠠᠷ 55 ᠺᠢᠯᠣᠮᠧᠲᠷ ᠤᠷᠤᠰᠴᠤ᠂ ᠤᠰᠤᠨ ᠣᠷᠣᠨ ᠤ ᠲᠠᠯᠠᠪᠠᠢ 86.5 ᠲᠡᠭᠰᠢ ᠳᠥᠷᠪᠡᠯᠵᠢᠨ ᠺᠢᠯᠣᠮᠧᠲᠷ | ᠪᠠᠶᠢᠵᠤ᠂ ᠤᠷᠭᠤᠮᠠᠯ ᠬᠤᠴᠢᠯᠭ᠎ᠠ ᠶᠢᠨ ᠪᠦᠷᠬᠦᠴᠡ 68.3% ᠳᠤ ᠬᠦᠷᠴᠦ ᠪᠤᠢ᠃ ᠨᠠᠢᠮᠠᠨ ᠬᠤᠰᠢᠭᠤ ᠤᠰᠤᠨ ᠤ | ᠴᠢᠨᠠᠷ ᠤᠨ ᠠᠮᠢ ᠠᠬᠤᠢ ᠶᠢ ᠰᠡᠷᠭᠦᠭᠡᠬᠦ ᠪᠠ ᠨᠠᠭᠤᠷ ᠤᠨ ᠤᠰᠤᠨ ᠤ ᠤᠷᠭᠤᠮᠠᠯ ᠢ ᠲᠣᠬᠢᠷᠠᠭᠤᠯᠬᠤ ᠠᠷᠭ᠎ᠠ | ᠬᠡᠮᠵᠢᠶ᠎ᠡ ᠪᠠᠷ ᠳᠠᠮᠵᠢᠭᠤᠯᠤᠨ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠵᠤ᠂ | ᠭᠤᠣᠯ ᠳᠠᠭᠠᠤ ᠬᠠᠮᠠᠭᠠᠯᠠᠯᠲᠠ ᠶᠢᠨ ᠡᠷᠴᠢᠮ ᠢᠶᠠᠨ ᠴᠢᠩᠭᠠᠷᠠᠭᠤᠯᠤᠨ᠂ ᠠᠮᠢ ᠠᠬᠤᠢ ᠶᠢᠨ ᠣᠷᠴᠢᠨ ᠲᠣᠭᠤᠷᠢᠨ ᠢ | ᠰᠢᠯᠢᠳᠡᠭᠵᠢᠭᠦᠯᠦᠨ ᠭᠤᠶᠣᠵᠢᠭᠤᠯᠵᠤ᠂ ᠬᠤᠨ ᠭᠠᠯᠠᠭᠤ᠂ ᠬᠠᠯᠢᠭᠤᠨ ᠭᠠᠯᠠᠭᠤ᠂ ᠨᠣᠭᠤᠭᠠᠨ ᠲᠣᠯᠣᠭᠠᠶᠢᠲᠤ ᠨᠤᠭᠤᠰᠤ | ᠵᠡᠷᠭᠡ ᠵᠢᠭᠦᠷᠲᠡᠨ ᠰᠢᠪᠠᠭᠤᠳ ᠲᠤ ᠲᠠᠭᠠᠯᠠᠮᠵᠢᠲᠠᠢ ᠠᠮᠢᠳᠤᠷᠠᠬᠤ ᠭᠠᠵᠠᠷ ᠪᠠ ᠭᠦᠢᠴᠡᠳ ᠢᠳᠡᠭᠡᠨ ᠬᠠᠩᠭᠠᠪᠠ᠃ | ᠡᠲᠡᠭᠡᠷ ᠨᠡᠭᠦᠳᠡᠯ ᠤᠨ ᠰᠢᠪᠠᠭᠤᠳ ᠶᠡᠷᠦ ᠨᠢ ᠯᠤᠤᠬ᠎ᠠ ᠶᠢᠨ ᠭᠤᠣᠯ ᠤᠨ ᠰᠠᠪᠠ ᠭᠠᠵᠠᠷ ᠲᠤ 10 - 20 ᠡᠳᠦᠷ | ᠲᠠᠭᠠᠲᠠᠢ ᠠᠮᠠᠷᠠᠭᠠᠳ ᠲᠡᠭᠢᠨ ᠴᠢᠨᠠᠭᠰᠢ ᠨᠡᠭᠦᠳᠡᠯᠯᠡᠳᠡᠭ ᠶᠤᠮ᠃ | | ︽ᠪᠢᠳᠡ ᠭᠤᠣᠯᠳᠠᠭᠤ ᠲᠣᠭᠤᠷᠢᠨ ᠪᠠᠶᠢᠴᠠᠭᠠᠬᠤ ᠪᠠ ᠤᠬᠠᠭᠤᠯᠬᠤ ᠠᠵᠢᠯ ᠬᠢᠬᠦ ᠪᠠᠷ ᠲᠠᠮᠵᠢᠨ᠂ ᠣᠶᠢᠷ᠎ᠠ | ᠬᠠᠪᠢ ᠶᠢᠨ ᠠᠶᠢᠯ ᠲᠤᠰᠬᠤᠨ ᠳᠤ ᠭᠦᠨᠵᠡᠭᠡᠶᠢᠷᠡᠵᠦ᠂ ᠲᠤᠰᠬᠤᠨ ᠤ ᠠᠷᠠᠳ ᠲᠤ ᠰᠢᠪᠠᠭᠤ ᠶᠢ ᠬᠠᠶᠢᠷᠠᠯᠠᠵᠤ ᠬᠡᠭᠡᠷ᠎ᠡ | ᠶᠢᠨ ᠬᠤᠪᠣᠷ ᠴᠤᠬᠠᠭ ᠠᠮᠢᠲᠡᠨ ᠢ ᠬᠠᠮᠠᠭᠠᠯᠠᠬᠤ ᠮᠡᠳᠡᠯᠭᠡ ᠶᠢ ᠶᠡᠭᠡ ᠪᠠᠷ ᠤᠬᠠᠭᠤᠯᠬᠤ ᠶᠢᠨ ᠬᠠᠮᠲᠤ᠂ ᠬᠠᠷᠢᠶᠠᠲᠤ | ᠣᠷᠣᠨ ᠤ ᠨᠡᠭᠦᠳᠡᠯ ᠤᠨ ᠰᠢᠪᠠᠭᠤᠳ ᠤᠨ ᠣᠷᠣᠰᠢᠨ ᠠᠮᠢᠳᠤᠷᠠᠬᠤ ᠪᠠ ᠲᠥᠪᠯᠡᠷᠡᠨ ᠲᠠᠷᠬᠠᠭᠰᠠᠨ ᠭᠤᠣᠯᠳᠠᠯᠭ᠎ᠠ ᠲᠠᠢ | ᠣᠷᠣᠨ ᠪᠦᠰᠡ ᠪᠠᠷ ᠪᠠᠶᠢᠴᠠᠭᠠᠯᠲᠠ ᠬᠢᠵᠦ᠂ ᠠᠪᠤᠷᠠᠨ ᠲᠤᠰᠠᠯᠠᠬᠤ ᠴᠢᠬᠤᠯᠠᠲᠠᠢ ᠰᠢᠪᠠᠭᠤᠨ ᠤ ᠲᠦᠷᠦᠯ ᠢ ᠴᠠᠭ | ᠲᠤᠬᠠᠢ ᠳᠤᠨᠢ ᠢᠯᠡᠷᠡᠭᠦᠯᠦᠨ ᠠᠪᠤᠷᠠᠨ ᠲᠤᠰᠠᠯᠠᠵᠤ᠂ ᠨᠡᠭᠦᠳᠡᠯ ᠤᠨ ᠰᠢᠪᠠᠭᠤᠳ ᠤᠨ ᠠᠮᠤᠷ ᠲᠦᠪᠰᠢᠨ ᠢᠶᠠᠷ ᠬᠢᠯᠢ | ᠥᠩᠭᠡᠷᠡᠬᠦ ᠪᠤᠶᠤ ᠰᠠᠭᠠᠳ ᠦᠭᠡᠢ ᠨᠡᠭᠦᠳᠡᠯᠯᠡᠬᠦ ᠳᠤ ᠪᠠᠲᠤᠯᠠᠭ᠎ᠠ ᠬᠠᠩᠭᠠᠵᠤ ᠪᠠᠶᠢᠨ᠎ᠠ︾ ᠭᠡᠵᠦ ᠨᠠᠢᠮᠠᠨ ᠬᠤᠰᠢᠭᠤᠨ ᠤ | ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠤᠯᠢᠶᠠᠰᠤ ᠰᠢᠶᠠᠩ ᠳᠠᠬᠢ ᠲᠣᠮᠢᠯᠠᠭᠰᠠᠨ ᠰᠠᠯᠪᠤᠷᠢ ᠶᠢᠨ ᠳᠠᠷᠤᠭ᠎ᠠ | ᠯᠢᠦ ᠴᠦᠨ ᠢᠦᠢ ᠶᠠᠷᠢᠵᠤ ᠪᠠᠶᠢᠯ᠎ᠠ᠃ | | ᠰᠢᠪᠠᠭᠤᠳ ᠤᠨ ᠭᠠᠨᠭ᠍ᠭᠠᠨᠠᠭᠠᠨ ᠳᠤ ᠨᠤᠲᠤᠭ ᠪᠠᠶᠠᠰᠳᠠᠭ᠃ ᠰᠢᠪᠠᠭᠤᠳ ᠢ ᠬᠠᠶᠢᠷᠠᠯᠠᠬᠤ ᠰᠢᠪᠠᠭᠤᠳ ᠢ | ᠬᠠᠮᠠᠭᠠᠯᠠᠬᠤ ᠨᠢ ᠪᠠᠶᠢᠭᠠᠯᠢ ᠶᠢᠨ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠳᠤ ᠴᠢᠬᠤᠯᠠ ᠶᠡᠭᠡ ᠠᠴᠢ | ᠬᠤᠯᠪᠣᠭᠳᠠᠯ ᠲᠠᠢ ᠶᠤᠮ᠃ ᠣᠶᠢᠷ᠎ᠠ ᠶᠢᠨ ᠵᠢᠯ ᠤᠨ ᠲᠤᠷᠰᠢ᠂ ᠨᠠᠢᠮᠠᠨ ᠬᠤᠰᠢᠭᠤᠨ ᠤ ᠬᠢᠨ ᠠᠮᠢ ᠠᠬᠤᠢ ᠶᠢᠨ | ᠣᠷᠴᠢᠨ ᠲᠣᠭᠤᠷᠢᠨ ᠤ ᠬᠠᠮᠠᠭᠠᠯᠠᠯᠲᠠ ᠶᠢᠨ ᠠᠵᠢᠯ ᠢ ᠴᠢᠬᠤᠯᠠᠴᠢᠯᠠᠨ᠂ ᠨᠤᠭᠤ ᠭᠠᠵᠠᠷ ᠵᠢᠴᠢ ᠬᠡᠭᠡᠷ᠎ᠡ ᠶᠢᠨ | ᠠᠮᠢᠲᠡᠨ ᠢ ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠵᠤ᠂ ᠨᠤᠭᠤ ᠭᠠᠵᠠᠷ ᠤᠨ ᠠᠮᠢ ᠠᠬᠤᠢ ᠶᠢ ᠰᠡᠷᠭᠦᠭᠡᠬᠦ ᠠᠵᠢᠯ ᠢ | ᠢᠳᠡᠪᠬᠢᠲᠡᠢ ᠥᠷᠨᠢᠭᠦᠯᠦᠨ᠂ ᠰᠢᠪᠠᠭᠤ ᠶᠢ ᠬᠠᠶᠢᠷᠠᠯᠠᠵᠤ ᠰᠢᠪᠠᠭᠤ ᠶᠢ ᠬᠠᠮᠠᠭᠠᠯᠠᠬᠤ ᠮᠡᠳᠡᠯᠭᠡ ᠶᠢ ᠶᠡᠭᠡ ᠪᠠᠷ | ᠤᠬᠠᠭᠤᠯᠵᠤ᠂ ᠰᠢᠪᠠᠭᠤᠨ ᠤ ᠲᠦᠷᠦᠯ ᠤᠨ ᠬᠢᠨᠠᠨ ᠪᠠᠶᠢᠴᠠᠭᠠᠯᠲᠠ ᠶᠢ ᠴᠢᠩᠭᠠᠳᠬᠠᠨ᠂ ᠠᠮᠢ ᠠᠬᠤᠢ ᠶᠢᠨ ᠣᠷᠴᠢᠨ ᠢ | ᠢᠯᠡᠳᠲᠡ ᠰᠠᠶᠢᠵᠢᠷᠠᠭᠤᠯᠵᠤ᠂ ᠨᠤᠭᠤ ᠭᠠᠵᠠᠷ ᠤᠨ ᠲᠡᠯᠡᠪᠡᠢ ᠪᠠ ᠴᠢᠳᠠᠮᠵᠢ ᠶᠢ ᠵᠢᠯ ᠳᠠᠷᠠᠭᠠᠯᠠᠨ ᠰᠡᠷᠭᠦᠭᠡᠵᠦ᠂ | ᠨᠡᠭᠦᠳᠡᠯ ᠤᠨ ᠰᠢᠪᠠᠭᠤᠳ ᠤᠨ ᠣᠷᠣᠰᠢᠨ ᠠᠮᠢᠳᠤᠷᠠᠬᠤ ᠪᠠ ᠦᠷᠡᠵᠢᠨ ᠲᠥᠯᠵᠢᠬᠦ ᠳᠤ ᠮᠠᠰᠢ ᠰᠠᠶᠢᠨ ᠨᠥᠬᠦᠴᠡᠯ | ᠬᠠᠩᠭᠠᠭᠰᠠᠨ ᠪᠠᠶᠢᠨ᠎ᠠ᠃ | | ᠤᠷᠢᠬᠠᠨ ᠰᠠᠯᠬᠢᠨ ᠡᠬᠡ ᠭᠠᠵᠠᠷ ᠢ ᠢᠯᠪᠢᠬᠦᠶ᠎ᠡ᠂ ᠲᠦᠮᠡᠨ ᠪᠣᠳᠠᠰ ᠲᠥᠯᠵᠢᠨ ᠠᠮᠢᠯᠠᠮᠤᠢ᠃ ᠨᠡᠭᠦᠳᠡᠯ ᠤᠨ | ᠰᠢᠪᠠᠭᠤᠳ ᠤᠨ ︽ᠠᠮᠤᠭᠤᠯᠠᠩ ᠪᠠᠭᠤᠴᠠ︾ ᠪᠣᠯᠤᠭᠰᠠᠨ ᠦᠵᠡᠰᠬᠦᠯᠡᠩᠲᠦ ᠰᠠᠶᠢᠬᠠᠨ ᠨᠠᠢᠮᠠᠨ ᠨᠤᠲᠤᠭ ᠮᠠᠨᠢ ᠠᠮᠢ | ᠠᠬᠤᠢ ᠶᠢ ᠤᠷᠢᠳ ᠢᠶᠠᠷ ᠪᠣᠳᠣᠯᠬᠢᠯᠠᠭᠰᠠᠨ ᠪᠣᠬᠢᠷᠳᠤᠯ ᠦᠭᠡᠢ ᠬᠥᠭᠵᠢᠯᠲᠡ ᠶᠢᠨ ᠰᠢᠨ᠎ᠡ ᠬᠠᠭᠤᠳᠠᠰᠤ ᠶᠢ | ᠪᠢᠴᠢᠭᠯᠡᠵᠦ ᠪᠠᠶᠢᠨᠠᠮ᠃ᠲᠦᠩᠯᠢᠶᠤᠤ ᠬᠤᠲᠠ ᠶᠢᠨ ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠯᠠᠢ ᠲᠤᠶᠠᠭ᠎ᠠ ᠵᠤᠤ | ᠶᠢᠩ ᠴᠦᠨ ᠴᠢᠮᠡᠭᠡᠯᠡᠭᠴᠢ ᠦ᠋ ᠴᠢᠩ ᠱᠠᠨ | | |