ᠵᠠᠰᠠᠯ ᠵᠢᠮᠰᠡᠭ ᠨᠢ ᠰᠢᠳᠢᠲᠦ ᠤᠪᠠᠳᠢᠰ ᠲᠠᠢ ᠪᠠᠶᠢᠳᠠᠭ ᠢᠶᠠᠷ ᠢᠶᠠᠨ ᠡᠮᠡᠭᠲᠡᠶᠢᠴᠦᠳ ᠤᠨ ᠳᠤᠷ᠎ᠠ ᠰᠡᠳᠬᠢᠯ ᠢ | ᠭᠡᠵᠢᠭᠡᠳᠡᠨ ᠲᠠᠲᠠᠵᠤ ᠪᠠᠶᠢᠳᠠᠭ ᠠᠵᠢ᠃ ᠠᠯᠢ ᠡᠷᠲᠡ ᠴᠢᠯᠠᠭᠤᠨ ᠵᠡᠪᠰᠡᠭ ᠤᠨ ᠦᠶ᠎ᠡ ᠳᠤ᠂ ᠡᠮᠡᠭᠲᠡᠶᠢᠴᠦᠳ ᠳᠠᠷᠤᠢ | ᠭᠤᠶᠣ ᠰᠠᠶᠢᠬᠠᠨ ᠴᠢᠯᠠᠭᠤᠳ ᠢ ᠬᠡᠯᠬᠢᠭᠡᠳ ᠬᠦᠵᠦᠭᠦᠨ ᠳᠡᠭᠡᠨ ᠵᠡᠭᠦᠵᠦ ᠥᠪᠡᠷ ᠢ ᠪᠠᠨ ᠭᠤᠶᠣᠯᠠᠨ ᠴᠢᠮᠡᠵᠦ ᠪᠠᠶᠢᠵᠠᠢ᠃ | ᠮᠢᠨᠤ ᠡᠵᠡᠨ ᠪᠣᠯ ᠪᠠᠷᠠᠭᠤᠨ ᠬᠠᠨ ᠤᠯᠤᠰ ᠤᠨ ᠦᠶ᠎ᠡ ᠶᠢᠨ ᠾᠦᠩᠨᠦ ᠶᠢᠨ ᠡᠷᠬᠢᠮᠰᠦᠭ ᠢᠵᠠᠭᠤᠷᠲᠠᠨ ᠬᠠᠲᠤᠨ᠂ | ᠲᠡᠷᠡ ᠪᠠᠷ ᠴᠣᠬᠤᠮ ᠬᠡᠳᠦᠢ ᠤᠯᠠᠨ ᠵᠠᠰᠠᠯ ᠵᠢᠮᠰᠡᠭ ᠲᠠᠢ ᠪᠠᠶᠢᠭᠰᠠᠨ ᠢ ᠪᠤᠤ ᠮᠡᠳᠡ᠂ ᠪᠤᠳᠤᠬᠤ ᠳᠤ ᠲᠡᠷᠡ | ᠥᠪᠡᠷ ᠢᠶᠠᠨ ᠴᠤ ᠲᠣᠳᠣᠷᠬᠠᠢ ᠮᠡᠳᠡᠬᠦ ᠦᠭᠡᠢ ᠪᠠᠶᠢᠬ᠎ᠠ ᠠ᠋᠂ ᠭᠡᠪᠡᠴᠦ ᠪᠢ ᠪᠣᠯ ᠲᠡᠭᠦᠨ ᠤ ᠬᠠᠮᠤᠭ ᠠᠴᠠ ᠬᠠᠶᠢᠷᠠᠲᠠᠢ | ᠭᠡᠳᠡᠭ ᠨᠢ ᠰᠡᠵᠢᠭᠯᠡᠰᠢ ᠦᠭᠡᠢ ᠶᠤᠮᠰᠠᠨ᠃ | ᠪᠢ ᠴᠢᠨᠢ ᠲᠣᠯᠣᠭᠠᠢ ᠶᠢᠨ ᠵᠠᠰᠠᠯ᠂ ᠰᠦᠢᠬᠡ ᠪᠣᠯᠣᠨ ᠬᠦᠵᠦᠭᠦᠨ ᠤ ᠴᠢᠮᠡᠭᠯᠡᠯ ᠬᠡᠮᠡᠬᠦ ᠭᠤᠷᠪᠠᠨ ᠬᠡᠰᠡᠭ ᠢᠶᠠᠷ | ᠪᠦᠷᠢᠯᠳᠦᠭᠰᠡᠨ ᠲᠤᠶᠢᠯ ᠤᠨ ᠬᠤᠪᠣᠷ ᠨᠠᠨᠳᠢᠨ ᠠᠯᠲᠠᠨ ᠲᠢᠲᠢᠮᠯᠢᠭ ᠵᠠᠰᠠᠯ ᠶᠤᠮ ᠰᠢᠤ᠃ ᠲᠣᠯᠣᠭᠠᠢ ᠶᠢᠨ ᠵᠠᠰᠠᠯ ᠤᠨ | ᠬᠡᠰᠡᠭ ᠨᠢ ᠡᠭᠦᠯᠡᠨ ᠬᠡ ᠲᠠᠢ ᠠᠯᠳᠠᠨ ᠴᠢᠮᠡᠭᠯᠡᠯ ᠤᠨ ᠢᠯᠲᠠᠰᠤ᠂ ᠠᠯᠳᠠᠨ ᠡᠮᠵᠢᠶᠡᠷᠢ ᠰᠢᠭᠢᠳᠬᠡᠭᠰᠡᠨ ᠬᠢᠰᠤᠭᠠᠨ | ᠴᠢᠮᠡᠭᠯᠡᠯ᠂ ᠳᠥᠷᠪᠡᠯᠵᠢᠨ ᠬᠡᠯᠪᠡᠷᠢᠲᠦ ᠬᠡᠯᠬᠢᠶ᠎ᠡ ᠠᠯᠳᠠᠨ ᠵᠠᠰᠠᠯ ᠵᠡᠷᠭᠡ ᠪᠠᠷ ᠪᠦᠷᠢᠯᠳᠦᠵᠡᠢ ; ᠴᠢᠬᠢᠨ ᠤ ᠰᠦᠢᠬᠡ | ᠠᠯᠳᠠᠨ ᠡᠭᠡᠮᠦᠭ᠂ ᠪᠤᠭᠤ ᠶᠢᠨ ᠡᠷᠢᠶ᠎ᠡ ᠲᠠᠢ ᠠᠯᠳᠠᠨ ᠵᠡᠭᠦᠯᠲᠡ ᠴᠢᠮᠡᠭ᠂ ᠳᠥᠷᠪᠡᠯᠵᠢᠨ ᠬᠡᠯᠪᠡᠷᠢᠲᠦ ᠠᠯᠳᠠᠨ ᠬᠡᠯᠬᠢᠶ᠎ᠡ | ᠴᠢᠮᠡᠭ᠂ ᠯᠤᠤ ᠶᠢᠨ ᠡᠷᠢᠶ᠎ᠡ ᠲᠠᠢ ᠠᠯᠳᠠ ᠰᠢᠭᠢᠳᠬᠡᠭᠰᠡᠨ ᠬᠠᠰ ᠵᠡᠭᠦᠯᠲᠡ ᠵᠡᠷᠭᠡ ᠪᠠᠷ ᠪᠦᠷᠢᠯᠳᠦᠵᠦ᠂ ᠬᠦᠵᠦᠭᠦᠨ | ᠬᠡᠰᠡᠭ ᠤᠨ ᠴᠢᠮᠡᠭᠯᠡᠯ ᠪᠣᠯᠣᠷ ᠮᠥᠬᠦᠯᠢᠭ᠂ ᠮᠠᠨᠤ ᠮᠥᠬᠦᠯᠢᠭ᠂ ᠰᠢᠯᠦᠷᠬᠡᠭ ᠮᠥᠬᠦᠯᠢᠭ ᠪᠣᠯᠣᠨ ᠬᠤᠪᠠ ᠶᠢᠨ | ᠮᠥᠬᠦᠯᠢᠭ ᠢᠶᠠᠷ ᠪᠦᠷᠢᠯᠳᠦᠵᠡᠢ᠃ | ᠲᠣᠯᠣᠭᠠᠢ ᠶᠢᠨ ᠵᠠᠰᠠᠯ ᠤᠨ ᠭᠤᠣᠯ ᠴᠣᠭᠴᠠ ᠨᠢ ᠲᠣᠨᠣᠯᠵᠢᠨ ᠬᠡᠯᠪᠡᠷᠢᠲᠦ ᠡᠪᠬᠡᠮᠡᠯ ᠡᠭᠦᠯᠡᠨ ᠬᠡ | ᠤᠭᠠᠯᠵᠠ ᠪᠦᠬᠦᠢ ᠠᠯᠲᠠᠨ ᠴᠢᠮᠡᠭᠯᠡᠯ ᠤᠨ ᠢᠯᠲᠠᠰᠤ᠂ ᠰᠡᠷᠡᠭᠡ ᠬᠡᠯᠪᠡᠷᠢᠲᠦ ᠡᠪᠬᠡᠮᠡᠯ ᠡᠭᠦᠯᠡᠨ ᠬᠡ ᠤᠭᠠᠯᠵᠠ ᠪᠦᠬᠦᠢ | ᠠᠯᠲᠠᠨ ᠴᠢᠮᠡᠭᠯᠡᠯ ᠤᠨ ᠢᠯᠲᠠᠰᠤ ᠪᠣᠯᠣᠨ ᠵᠤᠤᠪᠠᠩ ᠬᠡᠯᠪᠡᠷᠢᠲᠦ᠂ ᠵᠠᠯᠭᠠᠯᠳᠤᠭᠰᠠᠨ ᠲᠣᠨᠣᠯᠵᠢᠨ ᠬᠡᠯᠪᠡᠷᠢᠲᠦ ᠠᠯᠳᠠᠨ | ᠡᠮᠵᠢᠶᠡᠷᠢ ᠰᠢᠭᠢᠳᠬᠡᠭᠰᠡᠨ ᠬᠢᠰᠤᠭᠠᠨ ᠴᠢᠮᠡᠭᠯᠡᠯ ᠢᠶᠠᠷ ᠪᠦᠷᠢᠯᠳᠦᠵᠦ᠂ ᠳᠣᠣᠷᠠᠳᠤ ᠬᠡᠰᠡᠭ ᠢᠶᠠᠷ ᠨᠢ ᠤᠷᠲᠤᠯᠵᠢᠨ | ᠬᠡᠯᠪᠡᠷᠢᠲᠦ ᠡᠪᠬᠡᠮᠡᠯ ᠡᠭᠦᠯᠡᠨ ᠬᠡ ᠤᠭᠠᠯᠵᠠ ᠪᠦᠬᠦᠢ ᠠᠯᠳᠠᠨ ᠴᠢᠮᠡᠭᠯᠡᠯ ᠤᠨ ᠢᠯᠲᠠᠰᠤ ᠬᠦᠷᠢᠶᠡᠯᠡᠨ᠂ ᠥᠩᠭᠡ | ᠭᠢᠯᠪᠠᠭ᠎ᠠ ᠨᠢ ᠭᠡᠭᠡᠨ ᠰᠣᠷᠭᠤᠭ᠂ ᠡᠷᠬᠢᠮᠰᠦᠭ ᠬᠡᠭᠡᠨᠴᠢᠷ ᠭᠤᠸᠠᠯᠢᠭ ᠰᠠᠶᠢᠬᠠᠨ ᠬᠠᠷᠠᠭᠳᠠᠨ᠎ᠠ᠃ ᠲᠣᠯᠣᠭᠠᠢ ᠶᠢᠨ | ᠵᠠᠰᠠᠯ ᠤᠨ ᠡᠭᠦᠯᠡᠨ ᠬᠡ ᠤᠭᠠᠯᠵᠠ ᠲᠠᠢ ᠠᠯᠲᠠᠨ ᠴᠢᠮᠡᠭᠯᠡᠯ ᠤᠨ ᠢᠯᠲᠠᠰᠤ ᠪᠣᠯ ᠳᠠᠷᠬᠠᠨᠴᠤᠳ ᠠᠯᠤᠬᠠᠳᠠᠵᠤ | ᠳᠠᠪᠲᠠᠬᠤ ᠭᠠᠷ ᠤᠷᠠᠯᠠᠯ ᠢᠶᠠᠷ ᠨᠢᠮᠭᠡᠨ ᠠᠯᠳᠠᠨ ᠢᠯᠲᠠᠰᠤᠨ ᠳᠡᠭᠡᠷ᠎ᠡ ᠨᠠᠷᠢᠯᠢᠭ ᠬᠢᠴᠡᠲᠡᠢ ᠡᠪᠬᠡᠮᠡᠯ ᠡᠭᠦᠯᠡᠨ ᠬᠡ | ᠤᠭᠠᠯᠵᠠ ᠶᠢ ᠤᠷᠠᠯᠠᠵᠤ ᠭᠠᠷᠭᠠᠭᠰᠠᠨ ᠶᠤᠮ᠃ ᠠᠯᠤᠬᠠᠳᠠᠵᠤ ᠳᠠᠪᠲᠠᠬᠤ ᠪᠣᠯ ᠠᠯᠳᠠ ᠮᠥᠩᠭᠦᠨ ᠡᠳ᠋ᠯᠡᠯ ᠬᠡᠷᠡᠭᠰᠡᠯ ᠢ | ᠤᠷᠠᠯᠠᠵᠤ ᠪᠦᠲᠦᠭᠡᠬᠦ ᠭᠤᠣᠯ ᠤᠷ᠎ᠠ ᠮᠡᠷᠭᠡᠵᠢᠯ ᠪᠣᠯᠣᠨ᠎ᠠ᠂ ᠲᠡᠷᠡ ᠨᠢ ᠠᠯᠳᠠ ᠮᠥᠩᠭᠦ ᠶᠢᠨ ᠵᠥᠭᠡᠯᠡᠨ᠂ ᠤᠶᠠᠨ | ᠰᠤᠨᠤᠮᠠᠬᠠᠢ ᠴᠢᠨᠠᠷ ᠢᠶᠠᠷ ᠴᠢᠩᠭ᠎ᠠ ᠪᠠᠶᠢᠬᠤ ᠣᠨᠴᠠᠯᠢᠭ ᠢ ᠪᠠᠳᠠᠷᠠᠭᠤᠯᠤᠨ᠂ ᠤᠷᠢᠳ ᠢᠶᠠᠷ ᠠᠯᠤᠬ᠎ᠠ ᠪᠠᠷ ᠠᠯᠳᠠ | ᠮᠥᠩᠭᠦ ᠶᠢ ᠳᠠᠪᠲᠠᠨ ᠴᠣᠬᠢᠭᠰᠠᠭᠠᠷ ᠢᠯᠲᠠᠰᠤᠨ ᠬᠠᠪᠲᠠᠭᠠᠢ ᠪᠣᠯᠭᠠᠭᠠᠳ᠂ ᠲᠠᠭᠢᠨ ᠱᠠᠭᠠᠷᠳᠠᠯᠭ᠎ᠠ ᠶᠣᠰᠣᠭᠠᠷ ᠡᠳ᠋ᠯᠡᠯ | ᠬᠡᠷᠡᠭᠰᠡᠯ ᠤᠨ ᠭᠡᠯᠪᠡᠷᠢ ᠳᠦᠷᠰᠦ ᠪᠣᠯᠣᠨ ᠬᠡ ᠤᠭᠠᠯᠵᠠ ᠶᠢ ᠳᠠᠪᠲᠠᠵᠤ ᠪᠦᠲᠦᠭᠡᠵᠦ ᠭᠠᠷᠭᠠᠳᠠᠭ᠃ ᠲᠠ ᠨᠠᠷ | ᠦᠵᠡᠭᠡᠴᠢ᠂ ᠮᠢᠨᠤ ᠪᠡᠶ᠎ᠡ ᠳᠡᠭᠡᠷᠡᠬᠢ ᠤᠷᠲᠤᠯᠵᠢᠨ ᠬᠡᠯᠪᠡᠷᠢᠲᠦ ᠠᠯᠲᠠᠨ ᠢᠯᠲᠠᠰᠤᠨ ᠵᠠᠰᠠᠯ᠂ ᠲᠣᠨᠣᠯᠵᠢᠨ ᠬᠡᠯᠪᠡᠷᠢᠲᠦ | ᠠᠯᠲᠠᠨ ᠢᠯᠲᠠᠰᠤᠨ ᠵᠠᠰᠠᠯ ᠪᠣᠯᠣᠨ ᠰᠡᠷᠡᠭᠡ ᠬᠡᠯᠪᠡᠷᠢᠲᠦ ᠠᠯᠲᠠᠨ ᠢᠯᠲᠠᠰᠤᠨ ᠵᠠᠰᠠᠯ ᠳᠡᠭᠡᠷᠡᠬᠢ ᠡᠪᠬᠡᠮᠡᠯ ᠡᠭᠦᠯᠡᠨ ᠬᠡ | ᠤᠭᠠᠯᠵᠠ ᠨᠢ ᠠᠰ ᠠᠰᠲᠠᠭᠠᠨ ᠰᠢᠨᠵᠢ ᠭᠡᠯᠪᠡᠷᠢ ᠲᠠᠢ ᠪᠠᠷ ᠪᠠᠷᠠᠬᠤ ᠦᠭᠡᠢ᠂ ᠠᠯᠲᠠᠨ ᠢᠯᠲᠠᠰᠤᠨ ᠵᠠᠰᠠᠯ ᠤᠨ ᠬᠤᠶᠠᠷ | ᠦᠵᠦᠭᠦᠷ ᠪᠤᠶᠤ ᠳᠤᠮᠳᠠ ᠨᠢ ᠪᠠᠰᠠ ᠨᠦᠬᠡ ᠰᠦᠪᠡ ᠲᠠᠢ᠂ ᠡᠳᠡᠭᠡᠷ ᠨᠦᠬᠡ ᠰᠦᠪᠡ ᠶᠢᠨ ᠦᠢᠯᠡᠳᠦᠯ ᠨᠢ ᠳᠠᠷᠤᠢ | ᠠᠯᠳᠠᠨ ᠢᠯᠲᠠᠰᠤᠨ ᠵᠠᠰᠠᠯ ᠢ ᠮᠢᠨᠳᠠᠰᠤ ᠲᠣᠷᠭᠠᠨ ᠨᠡᠬᠡᠮᠡᠯ ᠪᠤᠶᠤ ᠠᠷᠠᠰᠤᠨ ᠡᠳ᠋ᠯᠡᠯ ᠬᠡᠷᠡᠭᠰᠡᠯ ᠳᠡᠭᠡᠷ᠎ᠡ ᠣᠶᠣᠵᠤ | ᠲᠣᠭᠲᠠᠭᠠᠬᠤ ᠶᠢᠨ ᠲᠥᠯᠥᠭᠡ ᠶᠤᠮ᠃ ᠠᠯᠳᠠᠨ ᠡᠮᠵᠢᠶᠡᠷᠢ ᠰᠢᠭᠢᠳᠬᠡᠭᠰᠡᠨ ᠬᠢᠰᠤᠭᠠᠨ ᠵᠠᠰᠠᠯ ᠪᠣᠯ ᠬᠢᠰᠤᠭ᠎ᠠ ᠶᠢᠨ | ᠬᠠᠯᠢᠰᠤ ᠶᠢ ᠦᠷᠦᠨ ᠵᠠᠰᠠᠭᠠᠳ᠂ ᠡᠷᠢᠬᠡᠨ ᠬᠡ ᠪᠦᠬᠦᠢ ᠠᠯᠳᠠᠨ ᠡᠮᠵᠢᠶᠡᠷᠢ ᠪᠠᠷ ᠵᠤᠤᠪᠠᠩ ᠭᠡᠯᠪᠡᠷᠢ ᠲᠠᠢ᠂ | ᠵᠠᠯᠭᠠᠯᠳᠤᠭᠰᠠᠨ ᠲᠣᠨᠣᠯᠵᠢᠨ ᠭᠡᠯᠪᠡᠷᠢ ᠲᠠᠢ ᠭᠦᠪᠡᠭᠡ ᠶᠢ ᠨᠢ ᠪᠣᠭᠤᠵᠤ ᠰᠢᠭᠢᠳᠬᠡᠭᠰᠡᠨ ᠠᠴᠠ ᠨᠠᠷᠢᠯᠢᠭ ᠡᠪᠯᠢᠭ | ᠠᠮᠢᠳᠤᠯᠢᠭ ᠰᠠᠶᠢᠬᠠᠨ ᠬᠠᠷᠠᠭᠳᠠᠨ᠎ᠠ᠃ ᠠᠯᠲᠠᠨ ᠢᠯᠲᠠᠰᠤᠨ ᠵᠠᠰᠠᠯ ᠤᠨ ᠬᠤᠶᠠᠷ ᠦᠵᠦᠭᠦᠷ ᠪᠤᠶᠤ ᠳᠤᠮᠳᠠᠬᠢ ᠨᠦᠬᠡ | ᠰᠦᠪᠡ ᠶᠢ ᠵᠦᠪᠭᠡᠨ ᠳᠤᠰ ᠪᠡᠶ᠎ᠡ ᠠᠴᠠ ᠨᠢ ᠨᠡᠩ ᠬᠠᠲᠠᠭᠤ ᠪᠠᠬᠢ ᠪᠠᠭᠠᠵᠢ ᠬᠡᠷᠡᠭᠯᠡᠭᠦᠷ ᠢᠶᠠᠷ ᠰᠠᠶ᠋ᠢ ᠥᠷᠥᠮᠳᠡᠨ | ᠴᠤᠭᠤᠯᠵᠤ ᠴᠢᠳᠠᠨ᠎ᠠ᠃ ᠡᠭᠦᠨ ᠠᠴᠠ ᠦᠵᠡᠬᠦ ᠳᠤ᠂ ᠪᠢᠳᠡᠨ ᠤ ᠲᠡᠷᠡ ᠴᠠᠭ ᠦᠶ᠎ᠡ ᠨᠢᠭᠡᠨᠲᠡ ᠵᠣᠬᠢᠬᠤ ᠬᠡᠮᠵᠢᠶᠡᠨ ᠤ | ᠲᠡᠮᠦᠷᠯᠢᠭ ᠦᠢᠯᠡᠳᠬᠦ ᠮᠡᠷᠭᠡᠵᠢᠯ ᠤᠨ ᠬᠢᠷᠢ ᠲᠦᠪᠰᠢᠨ ᠲᠠᠢ ᠪᠣᠯᠤᠭᠰᠠᠨ ᠪᠠᠶᠢᠨ᠎ᠠ᠃ | ᠴᠢᠬᠢᠨ ᠤ ᠵᠢᠮᠰᠡᠭ ᠨᠢ ᠠᠯᠳᠠᠨ ᠡᠭᠡᠮᠦᠭ᠂ ᠪᠤᠭᠤ ᠶᠢᠨ ᠬᠡ ᠤᠭᠠᠯᠵᠠ ᠲᠠᠢ ᠤᠷᠲᠤᠯᠵᠢᠨ ᠬᠡᠯᠪᠡᠷᠢᠲᠦ | ᠠᠯᠳᠠᠨ ᠴᠢᠮᠡᠭᠯᠡᠯ ᠤᠨ ᠫᠠᠶᠢᠰᠠ᠂ ᠠᠯᠳᠠ ᠪᠠᠷ ᠰᠢᠷᠠᠵᠤ ᠪᠣᠭᠤᠭᠰᠠᠨ ᠴᠣᠭᠤᠯᠪᠤᠷᠢᠯᠠᠵᠤ ᠰᠡᠶᠢᠯᠦᠭᠰᠡᠨ ᠬᠠᠰ ᠵᠡᠭᠦᠯᠲᠡ | ᠪᠣᠯᠣᠨ ᠳᠥᠷᠪᠡᠯᠵᠢᠨ ᠬᠡᠯᠪᠡᠷᠢᠲᠦ ᠬᠢᠰᠤᠭ᠎ᠠ ᠰᠢᠭᠢᠳᠬᠡᠭᠰᠡᠨ ᠬᠡᠯᠬᠢᠶ᠎ᠡ ᠠᠯᠳᠠᠨ ᠵᠠᠰᠠᠯ ᠢᠶᠠᠷ ᠪᠦᠷᠢᠯᠳᠦᠵᠡᠢ ; | ᠬᠦᠵᠦᠭᠦᠨ ᠤ ᠴᠢᠮᠡᠭᠯᠡᠯ ᠢ ᠪᠣᠯᠣᠷ ᠮᠥᠬᠦᠯᠢᠭ᠂ ᠮᠠᠨᠤ ᠶᠢᠨ ᠮᠥᠬᠦᠯᠢᠭ᠂ ᠰᠢᠯᠦᠷᠬᠡᠭ ᠮᠥᠬᠦᠯᠢᠭ ᠪᠣᠯᠣᠨ ᠬᠤᠪᠠ ᠶᠢᠨ | ᠮᠥᠬᠦᠯᠢᠭ ᠢᠶᠠᠷ ᠬᠡᠯᠬᠢᠨ ᠪᠦᠲᠦᠭᠡᠵᠡᠢ᠃ | ᠬᠡᠷᠪᠡ ᠠᠯᠲᠠᠨ ᠲᠣᠯᠣᠭᠠᠢ ᠶᠢᠨ ᠵᠠᠰᠠᠯ᠂ ᠴᠢᠬᠢᠨ ᠤ ᠵᠢᠮᠰᠡᠭ ᠪᠣᠯᠣᠨ ᠡᠷᠳᠡᠨᠢ ᠶᠢᠨ ᠴᠢᠯᠠᠭᠤᠨ ᠬᠦᠵᠦᠭᠦᠨ ᠤ | ᠴᠢᠮᠡᠭᠯᠡᠯ ᠨᠢ ᠬᠠᠷᠢᠯᠴᠠᠨ ᠡᠪᠯᠢᠭᠬᠡᠨ ᠵᠣᠬᠢᠴᠠᠯᠳᠤᠵᠤ᠂ ᠡᠵᠡᠨ ᠤ ᠮᠢᠨᠢ ᠲᠠᠩᠰᠤᠭ ᠪᠠᠶᠠᠨ ᠮᠥᠷᠲᠡᠭᠡᠨ ᠰᠣᠳᠣᠨ | ᠴᠣᠭᠯᠢᠭ ᠠᠮᠢᠳᠤᠷᠠᠯ ᠢ ᠬᠠᠷᠠᠭᠤᠯᠤᠭᠰᠠᠨ ᠪᠣᠯ ᠮᠢᠨᠤ ᠮᠠᠲ᠋ᠧᠷᠢᠶᠠᠯ ᠢ ᠴᠢᠨᠠᠷ᠂ ᠬᠡ ᠤᠭᠠᠯᠵᠠ᠂ ᠬᠡᠪ ᠨᠠᠮᠪᠠ ᠨᠢ | ᠡᠵᠡᠨ ᠤ ᠮᠢᠨᠢ ᠣᠯᠠᠨ ᠵᠦᠢᠯ ᠤᠨ ᠰᠣᠶᠣᠯ ᠢ ᠦᠵᠡᠵᠦ ᠲᠤᠭᠤᠯᠤᠬᠰᠠᠨ ᠣᠮᠤᠭ ᠵᠢᠪᠬᠤᠭ᠎ᠠ ᠶᠢ ᠨᠢ ᠲᠤᠰᠬᠠᠭᠰᠠᠨ | ᠭᠡᠯᠲᠡᠢ᠃ ᠮᠢᠨᠤ ᠡᠵᠡᠨ ᠪᠣᠯ ᠾᠦᠩᠨᠦ ᠶᠢᠨ ᠢᠵᠠᠭᠤᠷᠲᠠᠨ᠂ ᠳᠤᠮᠳᠠᠳᠤ ᠣᠷᠣᠨ ᠤ ᠰᠣᠶᠣᠯ ᠤᠨ ᠨᠥᠯᠥᠭᠡᠯᠡᠯ | ᠭᠥᠷᠳᠡᠭᠰᠡᠨ ᠪᠣᠯᠬᠤᠷ ᠲᠣᠯᠣᠭᠠᠢ ᠶᠢᠨ ᠵᠠᠰᠠᠯ ᠪᠣᠯᠣᠨ ᠴᠢᠬᠢᠨ ᠤ ᠵᠢᠮᠰᠡᠭ ᠨᠢ ᠳᠤᠮᠳᠠᠳᠤ ᠣᠷᠣᠨ ᠤ ᠰᠣᠶᠣᠯ ᠤᠨ | ᠣᠨᠴᠠᠯᠢᠭ ᠲᠠᠢ ᠪᠠᠶᠢᠵᠤ᠂ ᠪᠠᠰᠠ ᠨᠡᠭᠦᠳᠡᠯ ᠮᠠᠯᠵᠢᠯ ᠤᠨ ᠰᠣᠶᠣᠯ ᠢ ᠬᠠᠷᠠᠭᠤᠯᠤᠭᠰᠠᠨ ᠬᠡ ᠤᠭᠠᠯᠵᠠ ᠲᠠᠢ ; | ᠴᠢᠬᠢᠨ ᠤ ᠵᠢᠮᠰᠡᠭ ᠳᠡᠭᠡᠷᠡᠬᠢ ᠬᠢᠰᠤᠭ᠎ᠠ᠂ ᠣᠭ᠍ᠶᠤ ᠰᠢᠭᠢᠳᠬᠡᠬᠦ᠂ ᠠᠯᠳᠠᠨ ᠡᠮᠵᠢᠶᠡᠷᠢ ᠪᠣᠭᠤᠬᠤ ᠵᠢᠴᠢ ᠭᠦᠪᠡᠭᠡ ᠳᠠᠭᠠᠤ | ᠬᠢ ᠡᠷᠢᠬᠡᠨ ᠬᠡ ᠶᠢᠨ ᠭᠠᠷ ᠤᠷᠠᠯᠠᠯ ᠪᠣᠯ ᠫᠧᠷᠰ ᠪᠣᠯᠣᠨ ᠡᠷᠲᠡᠨ ᠤ ᠭᠷᠧᠭ᠂ ᠷᠣᠮᠠ ᠵᠡᠷᠭᠡ ᠥᠷᠥᠨᠡᠳᠠᠬᠢᠨ ᠤ | ᠤᠯᠤᠰ ᠤᠨ ᠬᠡᠪ ᠨᠠᠮᠪᠠ ᠪᠣᠯᠣᠨ᠎ᠠ ; ᠬᠦᠵᠦᠭᠦᠨ ᠴᠢᠮᠡᠭᠯᠡᠯ ᠤᠨ ᠰᠢᠯᠦᠷᠬᠡᠭ ᠪᠣᠯᠣᠷ ᠮᠥᠬᠦᠯᠢᠭ᠂ ᠬᠤᠪᠠ ᠶᠢᠨ | ᠮᠥᠬᠦᠯᠢᠭ ᠨᠢ ᠳᠤᠮᠳᠠᠳᠤ ᠠᠽᠢᠶ᠎ᠠ ᠶᠢᠨ ᠭᠠᠵᠠᠷ ᠣᠷᠣᠨ ᠠᠴᠠ ᠭᠠᠷᠳᠠᠭ᠃ ᠨᠢᠭᠡ ᠢᠵᠢ ᠵᠠᠰᠠᠯ ᠵᠢᠮᠰᠡᠭ | ᠪᠣᠯᠤᠭᠰᠠᠨ ᠤ ᠬᠤᠪᠢ ᠳᠤ᠂ ᠮᠢᠨᠤ ᠪᠡᠶ᠎ᠡ ᠳᠡᠭᠡᠷ᠎ᠡ ᠳᠤᠮᠳᠠᠳᠤ ᠣᠷᠣᠨ ᠪᠣᠯᠣᠨ ᠤᠮᠠᠷᠠᠲᠤ ᠶᠢᠨ ᠨᠡᠭᠦᠳᠡᠯᠴᠢᠨ ᠠᠶᠢᠮᠠᠭ | ᠤᠭᠰᠠᠭᠠᠲᠠᠨ ᠵᠢᠴᠢ ᠪᠦᠭᠦ᠋ᠢᠯᠡ ᠠᠽᠢᠶ᠎ᠠ ᠡᠸᠦ᠋ᠷᠦᠫᠡ ᠶᠢᠨ ᠲᠠᠯ᠎ᠠ ᠨᠤᠲᠤᠭ ᠲᠠᠬᠢ ᠳᠣᠷᠣᠨᠠᠲᠤ ᠥᠷᠥᠨᠡᠲᠦ ᠶᠢᠨ | ᠰᠣᠶᠣᠯ ᠪᠣᠯᠣᠨ ᠤᠷᠠᠯᠠᠯ ᠮᠡᠷᠭᠡᠵᠢᠯ ᠤᠨ ᠣᠭᠢ ᠰᠣᠳᠣ ᠲᠥᠪᠯᠡᠷᠡᠭᠰᠡᠨ ᠶᠤᠮ᠃ |