ᠲᠦᠮᠡᠨ ᠵᠦᠢᠯ ᠢᠶᠠᠷ ᠡᠷᠢᠶᠡᠯᠵᠡᠯᠡᠨ ᠡᠷᠭᠢᠯᠳᠦᠬᠦ ᠰᠠᠨᠠᠭ᠎ᠠ ᠪᠤᠳᠤᠯ ᠪᠠᠨ ᠬᠤᠣᠷᠲᠤ ᠰᠡᠳᠬᠢᠯ ᠡᠭᠦᠰᠬᠡᠬᠦ | ᠦᠭᠡᠢ ᠪᠠᠶᠢᠪᠠᠯ ᠦᠢᠯᠡᠰ ᠵᠠᠶᠠᠭ᠎ᠠ ᠴᠢᠨᠢ ᠦᠷᠭᠦᠯᠵᠢᠳᠡ ᠥᠭᠡᠳᠡ ᠪᠠᠨ ᠪᠠᠶᠢᠵᠤ᠂ ᠥᠪᠡᠷ ᠢ ᠪᠠᠨ ᠵᠣᠪᠠᠭᠠᠬᠤ ᠦᠭᠡᠢ᠂ | ᠥᠷᠥᠭᠡᠯ ᠪᠤᠰᠤᠳ ᠲᠤ ᠭᠠᠢ ᠪᠤᠯᠬᠤ ᠦᠭᠡᠢ ᠠᠮᠤᠭᠤᠯᠠᠩ ᠵᠢᠷᠭᠠᠯᠠᠩ ᠢ ᠪᠦᠲᠦᠭᠡᠨ᠎ᠡ᠃ ᠠᠷᠢᠭᠤᠨ ᠰᠡᠳᠬᠢᠯ ᠭᠡᠳᠠᠭ᠋ | ᠨᠢ ᠪᠤᠵᠠᠷ ᠪᠤᠷᠲᠠᠭ ᠣᠷᠣᠭᠰᠠᠨ ᠦᠭᠡᠢ ᠰᠢᠭᠦᠳᠡᠷᠢ ᠶᠢᠨ ᠤᠰᠤ ᠰᠢᠭ ᠲᠤᠩᠭᠠᠯᠠᠭ ᠰᠡᠳᠬᠢᠯ ᠪᠣᠯᠣᠨ᠎ᠠ᠃ | ᠠᠯᠢᠪᠠ ᠶᠠᠭᠤᠮ᠎ᠠ ᠦᠵᠡᠭᠳᠡᠯ ᠢ ᠰᠠᠶᠢᠨ ᠲᠠᠯ᠎ᠠ ᠠᠴᠠ ᠨᠢ᠂ ᠵᠥᠪ ᠵᠦᠭ ᠠᠴᠠ ᠨᠢ ᠪᠤᠲᠤᠵᠦ ᠲᠤᠩᠭᠠᠭᠠᠵᠤ | ᠪᠠᠶᠢᠳᠠᠭ ᠨᠢ ᠠᠷᠢᠭᠤᠨ ᠰᠡᠳᠬᠢᠯᠲᠡᠨ ᠤ ᠭᠤᠣᠯ ᠰᠢᠨᠵᠢ ᠪᠤᠯᠬᠤ ᠶᠤᠮ᠃ ᠠᠷᠢᠭᠤᠨ ᠰᠡᠳᠬᠢᠯᠲᠡᠨ ᠪᠤᠰᠤᠳ ᠤᠨ | ᠰᠥᠷᠭᠡᠦ ᠪᠤᠳᠤᠯ ᠰᠡᠳᠬᠢᠯ ᠤᠨ ᠥᠴᠢᠯ ᠢ ᠥᠪᠡᠷ ᠤᠨ ᠡᠶᠡᠷᠭᠦ ᠰᠠᠨᠠᠭ᠎ᠠ ᠢᠲᠡᠭᠡᠯ ᠤᠨ ᠱᠦᠭᠦᠯᠲᠡ ᠪᠠᠷ ᠢᠶᠠᠨ | ᠳᠠᠮᠵᠢᠭᠤᠯᠤᠨ ᠬᠦᠯᠢᠶᠡᠵᠦ ᠠᠪᠲᠠᠭ ᠶᠤᠮ᠃ ᠲᠡᠶᠢᠮᠦ ᠠᠴᠠ ᠲᠡᠭᠦᠨ ᠳᠤ ᠮᠠᠭᠤ ᠮᠠᠭᠤᠬᠠᠢ᠂ ᠪᠤᠵᠠᠷ ᠪᠤᠷᠲᠠᠭ | ᠰᠢᠩᠭᠡᠳᠡᠭ ᠦᠭᠡᠢ᠂ ᠤᠰᠤᠨ ᠤ ᠭᠠᠳᠠᠷᠭᠤ ᠳᠡᠭᠡᠷ᠎ᠡ ᠳᠤᠰᠤᠭᠰᠠᠨ ᠲᠤᠰᠤᠨ ᠤ ᠲᠤᠰᠤᠯ ᠮᠡᠲᠦ ᠢᠯᠡ ᠢᠯᠭᠠᠷᠠᠨ᠂ | ᠬᠤᠪᠢ ᠠᠰᠲᠠᠭᠠᠨ ᠬᠦᠪᠪᠦᠲᠡᠭ ᠪᠢᠯᠡ᠃ ᠬᠥᠮᠥᠨ ᠮᠠᠭᠤ ᠦᠭᠡ ᠬᠡᠯᠡᠭᠰᠡᠨ ᠴᠦ ᠠᠷᠢᠭᠤᠨ ᠰᠡᠳᠬᠢᠯᠲᠡᠨ ᠰᠠᠶᠢᠨ | ᠲᠠᠯ᠎ᠠ ᠠᠴᠠ ᠨᠢ ᠪᠤᠳᠤᠵᠦ ᠭᠥᠯᠢᠶᠡᠨ ᠠᠪᠤᠨ᠎ᠠ᠃ ᠠᠷᠢᠭᠤᠨ ᠰᠡᠳᠬᠢᠯᠲᠡᠨ ᠣᠷᠴᠢᠨ ᠲᠣᠭᠤᠷᠢᠨ ᠤ ᠬᠥᠮᠥᠰ ᠢᠶᠠᠨ | ᠰᠡᠳᠬᠢᠯ ᠤᠨ ᠵᠤᠪᠠᠯᠠᠩ ᠳᠤ ᠤᠨᠠᠭᠠᠨ ᠲᠠᠷᠴᠢᠯᠠᠭᠠᠳᠠᠭ ᠦᠭᠡᠢ᠂ ᠬᠠᠷᠢᠨ ᠪᠤᠰᠤᠳ ᠤᠨ ᠵᠤᠪᠠᠯᠠᠩ ᠢ ᠥᠷᠥ | ᠵᠢᠷᠦᠬᠡᠨ᠋ ᠠᠴᠠ ᠪᠠᠨ ᠬᠤᠪᠢᠶᠠᠯᠴᠠᠵᠤ ᠶᠠᠪᠤᠳᠠᠭ᠃ ᠵᠡᠷᠯᠢᠭ ᠠᠷᠢᠶᠠᠲᠠᠨ ᠠᠴᠠ ᠢᠯᠡᠭᠦᠦ ᠮᠠᠭᠤ ᠨᠥᠬᠦᠷ ᠠᠴᠠ ᠠᠶᠤᠵᠤ | ᠶᠠᠪᠤ᠂ ᠶᠠᠭᠠᠬᠢᠭᠠᠳ ᠭᠡᠪᠡᠯ ᠵᠡᠷᠯᠢᠭ ᠠᠷᠢᠶᠠᠲᠠᠨ ᠪᠡᠶ᠎ᠡ ᠶᠢ ᠭᠡᠮᠲᠦᠭᠡᠨ᠎ᠡ᠂ ᠮᠠᠭᠤ ᠨᠥᠬᠦᠷ ᠰᠡᠳᠬᠢᠯ ᠢ ᠰᠢᠷᠬᠠᠯᠠᠭᠤᠯᠤᠨᠠ᠃ | ᠬᠥᠮᠥᠨ ᠢ ᠪᠠᠶᠠᠷᠯᠠᠭᠤᠯᠪᠠᠯ ᠥᠪᠡᠷ ᠲᠤ ᠨᠢ ᠪᠠᠶᠠᠷ ᠢᠷᠡᠨ᠎ᠡ᠃ ᠬᠥᠮᠥᠨ ᠤ ᠭᠡᠮ ᠢ ᠣᠯᠵᠤ ᠬᠡᠯᠡᠬᠦ ᠪᠠᠷ ᠪᠤᠤ ᠰᠢᠮᠲᠡ᠂ | ᠪᠦᠷ ᠬᠡᠷᠡᠭ ᠦᠭᠡᠢ᠃ ᠬᠠᠷᠢᠨ ᠪᠤᠰᠤᠳ ᠠᠴᠠ ᠬᠡᠷᠡᠭᠲᠡᠢ ᠠᠰᠢᠭᠲᠠᠢ ᠤᠯᠤᠮᠵᠢᠲᠠᠢ ᠰᠤᠷᠭᠠᠮᠵᠢᠲᠠᠢ ᠵᠦᠢᠯ ᠢ ᠨᠢ | ᠣᠯᠵᠤ ᠰᠤᠷ᠃ ᠥᠩᠭᠡᠷᠡᠵᠦ ᠣᠲᠣᠭᠰᠠᠨ ᠮᠠᠭᠤ ᠶᠠᠪᠤᠳᠠᠯ ᠢ ᠲᠡᠭᠢᠨ ᠪᠡᠲᠡᠭᠡᠢ ᠳᠤᠷᠠᠳ᠂ ᠰᠢᠷᠬ᠎ᠠ ᠰᠣᠷᠪᠢ ᠶᠢ | ᠰᠡᠪᠲᠦᠭᠦᠯᠬᠦ ᠠᠴᠠ ᠥᠭᠡᠷ᠎ᠡ ᠰᠠᠶᠢᠨ ᠦᠷ᠎ᠡ ᠳ᠋ᠦᠩ ᠭᠡᠵᠦ ᠦᠭᠡᠢ ᠶᠤᠮ᠃ ᠰᠠᠶᠢᠬᠠᠨ ᠳᠤᠷᠠᠰᠤᠮᠵᠢ ᠶᠢ ᠬᠠᠷᠢᠨ | ᠰᠠᠨᠠᠭ᠎ᠠ ᠨᠡᠶᠢᠯᠡᠨ ᠰᠡᠳᠬᠢᠯ ᠢᠶᠠᠨ ᠠᠭᠤᠳᠠᠯᠤᠨ ᠶᠠᠷᠢᠯᠴᠠᠵᠤ᠂ ᠤᠷᠮ᠎ᠠ ᠶᠢ ᠰᠡᠷᠭᠦᠭᠡᠭᠰᠡᠨ ᠲᠡᠷᠡ ᠶᠠᠷᠢᠶ᠎ᠠ ᠨᠢ ᠤᠬᠠᠭᠠᠨ | ᠪᠤᠳᠤᠯ ᠢ ᠰᠡᠯᠪᠢᠵᠦ ᠤᠷᠮ᠎ᠠ ᠵᠣᠷᠢᠭ ᠨᠡᠮᠡᠷᠢᠯᠡᠬᠦ ᠶᠤᠮ᠃ ᠠᠮᠠ ᠬᠡᠯᠡ ᠪᠠᠨ ᠠᠷᠢᠭᠤᠨ ᠪᠠᠶᠢᠯᠭᠠᠬᠤ ᠶᠢ ᠬᠢᠴᠢᠶᠡ᠃ | ᠵᠢᠰᠤᠷ ᠪᠢᠯᠳᠠᠤᠴᠢ ᠶᠢᠨ ᠦᠭᠡᠨ ᠠᠴᠠ ᠵᠠᠶᠢᠯᠠᠵᠤ ᠬᠤᠯᠡ ᠶᠠᠪᠤ᠂ ︽ᠪᠢᠯᠳᠠᠤᠴᠢ ᠬᠥᠮᠥᠨ ᠤ ᠬᠡᠯᠡᠨ ᠳᠤ ᠨᠢ ᠪᠠᠯ᠂ | ᠰᠡᠳᠬᠢᠯ ᠳᠤ ᠨᠢ ᠬᠤᠣᠷ ᠪᠠᠶᠢᠳᠠᠭ︾ ᠶᠤᠮ᠃ ᠰᠡᠳᠬᠢᠯ ᠠᠷᠢᠭᠤᠨ᠂ ᠦᠭᠡ ᠬᠡᠯᠡ ᠠᠷᠢᠭᠤᠨ ᠪᠣᠯ ᠪᠠᠶᠠᠰᠬᠤᠯᠠᠩ | ᠵᠢᠷᠭᠠᠯᠠᠩ ᠪᠠᠶᠢᠩᠭᠤ ᠳᠠᠭᠠᠯᠳᠤᠨ᠎ᠠ ᠭᠡᠳᠡᠭ ᠲᠤ ᠪᠠᠲᠤ ᠢᠲᠡᠭᠡᠵᠦ ᠪᠣᠯᠣᠨ᠎ᠠ᠃ ᠰᠠᠶᠢᠨ ᠢ ᠪᠤᠳᠤᠵᠦ ᠰᠠᠶᠢᠬᠠᠨ ᠢ | ᠬᠦᠰᠡᠳᠡᠭ ᠬᠥᠮᠥᠨ ᠢ ᠰᠠᠷᠠᠭᠤᠯ ᠢᠷᠡᠭᠡᠳᠦᠢ ᠤᠭᠲᠤᠨ ᠲᠤᠰᠤᠨᠡ᠃ ᠥᠭᠡᠳᠡᠷᠬᠡᠭ ᠢᠲᠡᠭᠡᠯ ᠲᠠᠢ ᠬᠥᠮᠥᠨ ᠥᠰᠴᠦ | ᠥᠨᠳᠡᠶᠢᠵᠦ ᠥᠭᠡᠳᠡᠯᠡᠨ ᠲᠠᠪᠰᠢᠨᠡ᠃ | ᠰᠡᠳᠬᠢᠯ ᠠᠷᠢᠭᠤᠨ᠂ ᠪᠤᠲᠤᠯ ᠬᠦᠰᠡᠯ ᠨᠢ ᠠᠷᠢᠭᠤᠨ᠂ ᠢᠲᠡᠭᠡᠯ ᠨᠢ ᠠᠷᠢᠭᠤᠨ᠂ ᠬᠥᠮᠥᠨ ᠤ ᠦᠢᠯᠡᠰ ᠨᠢ | ᠠᠷᠢᠭᠤᠨ᠂ ᠵᠠᠮ ᠮᠥᠷ ᠨᠢ ᠴᠠᠭᠠᠨ᠂ ᠵᠠᠶᠠᠭ᠎ᠠ ᠲᠠᠪᠢᠯᠠᠩ ᠥᠭᠡᠳᠡ ᠪᠠᠨ ᠪᠠᠶᠢᠳᠠᠭ ᠭᠡᠲᠡᠭ ᠲᠤ ᠪᠠᠨ ᠲᠠ ᠪᠦᠭᠦᠨ | ᠢᠲᠡᠭᠡᠵᠦ ᠨᠠᠶᠢᠳᠠᠵᠤ ᠶᠠᠪᠤᠭᠠᠰᠠᠢ ᠭᠡᠵᠦ ᠬᠦᠰᠡᠶ᠎ᠡ︕ |