ᠬᠤᠪᠢᠰᠬᠠᠯᠲᠤ ᠣᠷᠣᠨ ᠤ ᠵᠤᠭᠠᠴᠠᠯ - ᠤᠯᠠᠭᠠᠨᠬᠤᠲᠠ ᠶᠢᠨ ᠰᠣᠶᠣᠯ ᠤᠨ ᠬᠠᠭᠤᠴᠢᠳ
ᠨᠡᠶᠢᠲᠡᠯᠡᠭᠰᠡᠨ ᠴᠠᠭ᠄
2024/4/17
         ︵ᠬᠤᠶᠠᠷ︶  ᠴᠢᠩᠭᠢᠰ ᠬᠠᠭᠠᠨ ᠤ ᠰᠦᠮ᠎ᠡ              ᠲᠤᠰ ᠰᠦᠮ᠎ᠡ ᠨᠢ ᠬᠢᠩᠭᠠᠨ ᠠᠶᠢᠮᠠᠭ ᠤᠨ ᠲᠥᠪ ᠤᠯᠠᠭᠠᠨᠬᠤᠲᠠ ᠶᠢᠨ ᠠᠷᠤ ᠲᠦᠰᠢᠭ ᠬᠠᠨ ᠠᠭᠤᠯᠠᠨ ᠤ ᠣᠷᠣᠢ  ᠳᠡᠭᠡᠷ᠎ᠡ ᠪᠣᠰᠬᠠᠭᠳᠠᠵᠠᠢ᠃ 1940  ᠣᠨ ᠤ ᠦᠶ᠎ᠡ ᠳᠤ᠂  ᠵᠡᠭᠦᠨ ᠮᠣᠩᠭᠤᠯ ᠤᠨ ᠠᠯᠪᠠᠨ ᠠᠵᠢᠯᠲᠠᠳ᠂  ᠮᠠᠯᠴᠢᠨ  ᠲᠠᠷᠢᠶᠠᠴᠢᠨ᠂  ᠶᠠᠳᠠᠭᠤ ᠰᠤᠷᠤᠭᠴᠢ ᠭᠡᠰᠡᠨ ᠦᠭᠡᠢ ᠬᠥᠮᠥᠨ ᠪᠦᠷᠢ ᠵᠣᠭᠤᠰ ᠮᠥᠩᠭᠦ ᠡᠷᠭᠦᠭᠰᠡᠨ ᠪᠠ ᠨᠡᠶᠢᠭᠡᠮ ᠤᠨ ᠤᠯᠠᠨ  ᠲᠠᠯ᠎ᠠ ᠶᠢᠨ ᠲᠤᠰᠠᠯᠠᠮᠵᠢ ᠪᠠᠷ ᠪᠡᠯᠡ ᠮᠥᠩᠭᠦ ᠬᠤᠷᠠᠮᠳᠤᠭᠤᠯᠤᠨ᠂ 1940  ᠣᠨ ᠤ 5  ᠰᠠᠷ᠎ᠠ ᠶᠢᠨ 5 ᠤ ᠡᠳᠦᠷ ᠪᠠᠷᠢᠯᠭ᠎ᠠ ᠶᠢᠨ ᠠᠵᠢᠯ ᠡᠬᠢᠯᠡᠵᠦ᠂ 1944 ᠣᠨ ᠤ 10 ᠰᠠᠷ᠎ᠠ ᠶᠢᠨ 10 ᠤ ᠡᠳᠦᠷ ᠪᠠᠷᠢᠯᠭ᠎ᠠ ᠪᠠᠨ ᠲᠡᠭᠦᠰᠬᠡᠪᠡ᠃  ᠶᠡᠷᠦ ᠳᠡᠭᠡᠨ  ᠴᠢᠩᠭᠢᠰ ᠬᠠᠭᠠᠨ ᠤ ᠰᠦᠮ᠎ᠡ ᠶᠢ ᠣᠷᠳᠣᠰ ᠬᠤᠳᠠ ᠶᠢᠨ ᠴᠢᠩᠭᠢᠰ ᠤᠨ ᠤᠩᠭᠤᠨ ᠲᠠᠢ ᠬᠤᠣᠰᠯᠠᠭᠤᠯᠤᠨ ︽ᠪᠠᠷᠠᠭᠤᠨ  ᠤᠩᠭᠤᠨ᠂  ᠵᠡᠭᠦᠨ ᠰᠦᠮ᠎ᠡ︾ ᠭᠡᠵᠦ᠂  ᠳᠡᠯᠡᠬᠡᠢ ᠶᠢᠨ ᠴᠤᠷ ᠤᠨ ᠭᠠᠭᠴᠠ ᠪᠣᠭᠳᠠ ᠡᠵᠡᠨ ᠴᠢᠩᠭᠢᠰ ᠬᠠᠭᠠᠨ ᠢ ᠲᠠᠬᠢᠵᠤ  ᠪᠠᠶᠢᠭ᠎ᠠ ᠰᠦᠮ᠎ᠡ ᠪᠣᠯᠣᠨ᠎ᠠ᠃  ᠴᠢᠩᠭᠢᠰ ᠬᠠᠭᠠᠨ ᠤ ᠰᠦᠮ᠎ᠡ ᠶᠢᠨ ᠭᠠᠳᠠᠷ ᠳᠦᠷᠰᠦ ᠨᠢ ᠴᠢᠩᠭᠢᠰ ᠬᠠᠭᠠᠨ ᠤ ᠴᠠᠭᠠᠨ  ᠣᠷᠳᠣᠨ ᠤ ᠭᠠᠳᠠᠷ ᠳᠦᠷᠰᠦ ᠶᠢ ᠳᠠᠭᠤᠷᠢᠶᠠᠨ᠂  ᠠᠭᠤᠯᠠᠨ ᠤ ︽山︾ ᠦᠰᠦᠭ ᠤᠨ ᠬᠡᠯᠪᠡᠷᠢ ᠲᠠᠢ ᠲᠥᠯᠥᠪᠯᠡᠵᠡᠢ᠃   ᠲᠥᠪ ᠳᠤᠮᠳᠠ ᠨᠢ ᠥᠨᠳᠥᠷ ᠰᠦᠷᠯᠢᠭ ᠭᠤᠣᠯ ᠳᠤᠭᠠᠩ᠂  ᠪᠠᠷᠠᠭᠤᠨ ᠵᠡᠭᠦᠨ ᠲᠠᠯ᠎ᠠ ᠳᠠᠬᠢ ᠵᠢᠭᠦᠷ ᠤᠨ ᠳᠤᠭᠠᠩ ᠨᠢ  ᠭᠤᠣᠯ ᠳᠤᠭᠠᠩ ᠠᠴᠠ ᠪᠠᠨ ᠪᠠᠭ᠎ᠠ ᠰᠢᠭ᠋ ᠪᠠᠶᠢᠵᠤ᠂  ᠭᠤᠣᠯ ᠳᠤᠭᠠᠩ ᠤᠨ ᠳᠡᠭᠡᠳᠦ ᠬᠠᠭᠠᠰ ᠨᠢ ᠮᠣᠩᠭᠤᠯ ᠭᠡᠷ ᠤᠨ  ᠬᠡᠯᠪᠡᠷᠢ ᠲᠠᠢ᠂  ᠨᠣᠭᠤᠭᠠᠨ ᠥᠩᠭᠡ ᠶᠢᠨ ᠣᠷᠣᠢ ᠲᠠᠢ᠃  ᠵᠢᠭᠦᠷ ᠤᠨ ᠳᠤᠭᠠᠩ ᠤᠨ ᠬᠡᠯᠬᠢᠶᠡᠰᠦ ᠵᠠᠯᠭᠠᠳᠠᠰᠤ ᠬᠤᠩᠭᠢᠯ  ᠳᠡᠭᠡᠷ᠎ᠡ ᠭᠤᠷᠪᠠ ᠭᠤᠷᠪᠠᠨ ᠮᠣᠩᠭᠤᠯ ᠭᠡᠷ ᠤᠨ ᠬᠡᠯᠪᠡᠷᠢᠲᠦ ᠰᠦᠮ᠎ᠡ ᠶᠢᠨ ᠣᠷᠣᠢ ᠭᠠᠷᠭᠠᠵᠤ᠂  ᠭᠤᠣᠯ ᠳᠡᠳ᠋ ᠭᠤᠷᠪᠠᠨ  ᠳᠤᠭᠠᠩ ᠨᠡᠶᠢᠯᠡᠭᠡᠳ ᠮᠣᠩᠭᠤᠯᠴᠤᠳ ᠤᠨ ᠭᠤᠷᠪᠠ ᠪᠠ ᠶᠢᠰᠦ ᠶᠢᠨ ᠲᠤᠭ᠎ᠠ ᠶᠢ ᠪᠡᠯᠭᠡᠰᠢᠶᠡᠬᠦ ᠰᠠᠨᠠᠭ᠎ᠠ ᠶᠢ ᠢᠯᠡᠳᠬᠡᠭᠰᠡᠨ  ᠪᠠᠶᠢᠳᠠᠭ᠃ ᠴᠢᠩᠭᠢᠰ ᠬᠠᠭᠠᠨ ᠤ ᠰᠦᠮ᠎ᠡ ᠶᠢᠨ ᠪᠠᠷᠢᠯᠭ᠎ᠠ ᠶᠢᠨ ᠲᠠᠯᠠᠪᠠᠢ ᠨᠢ 822 ᠲᠡᠭᠰᠢ ᠳᠥᠷᠪᠡᠯᠵᠢᠨ ᠮᠧᠲᠷ᠂   ᠶᠡᠷᠦᠩᠬᠡᠢ ᠲᠠᠯᠠᠪᠠᠢ ᠨᠢ 62000 ᠲᠡᠭᠰᠢ ᠳᠥᠷᠪᠡᠯᠵᠢᠨ ᠮᠧᠲᠷ ᠭᠠᠵᠠᠷ ᠢ ᠡᠵᠡᠯᠡᠵᠦ ᠪᠠᠶᠢᠳᠠᠭ᠃               ᠴᠢᠩᠭᠢᠰ ᠬᠠᠭᠠᠨ ᠤ ᠰᠦᠮ᠎ᠡ ᠪᠣᠯ ᠤᠯᠤᠰ ᠤᠨ AAAA ᠲᠡᠰ ᠤᠨ ᠵᠤᠭᠠᠴᠠᠯ ᠤᠨ ᠣᠷᠣᠨ᠂  ᠤᠯᠤᠰ ᠤᠨ ᠲᠡᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ᠂  ᠥᠪᠡᠷᠲᠡᠭᠡᠨ ᠵᠠᠰᠠᠬᠤ  ᠣᠷᠣᠨ ᠤ ᠤᠯᠤᠰ ᠢᠶᠠᠨ ᠬᠠᠶᠢᠷᠠᠯᠠᠬᠤ ᠰᠤᠷᠭᠠᠨ ᠬᠥᠮᠦᠵᠢᠯ ᠤᠨ ᠰᠠᠭᠤᠷᠢᠨ ᠭᠠᠵᠠᠷ ᠪᠣᠯᠣᠨ᠎ᠠ᠃    
 
ᠢᠷᠡᠯᠲᠡ᠄ ᠲᠠᠪᠤᠨ ᠭᠤᠣᠯ ᠤᠨ ᠰᠣᠶᠣᠯ ᠵᠦᠢ ᠶᠢᠨ ᠪᠠᠶᠢᠴᠠᠭᠠᠯᠲᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号