ᠵᠠᠷᠢᠮ ᠦᠶᠡᠰ ᠦᠵᠡᠬᠦ ᠪᠠᠷ᠂ ᠬᠥᠮᠥᠨ ᠦᠨᠡᠬᠡᠷ ᠵᠥᠷᠢᠴᠡᠯ ᠤᠨ ᠪᠡᠶ᠎ᠡ᠃ | ᠪᠢᠳᠡ ᠬᠡᠵᠢᠶᠡᠳᠡ ᠭᠠᠳᠠᠭᠠᠳᠤ ᠶᠢᠷᠲᠢᠨᠴᠦ ᠳᠤ ᠬᠦᠰᠡᠯ ᠡᠷᠡᠮᠡᠯᠵᠡᠯ ᠢᠶᠠᠷ ᠳᠦᠭᠦᠷᠡᠩ ᠪᠠᠶᠢᠳᠠᠭ᠂ ᠨᠢᠭᠡ | ᠲᠠᠯ᠎ᠠ ᠪᠠᠷ ᠥᠪᠡᠷ ᠤᠨ ᠪᠡᠶ᠎ᠡ ᠳᠡᠭᠡᠨ ᠲᠠᠰᠤᠷᠠᠯᠲᠠ ᠦᠭᠡᠢ ᠴᠠᠭ ᠲᠠᠢ᠂ ᠵᠣᠭᠤᠰ ᠲᠠᠢ ᠪᠣᠯᠪᠠᠯ ᠳᠠᠬᠢᠭᠠᠳ | ᠣᠴᠢᠬᠤ ᠳ᠋ᠤ᠋ᠣᠷᠦ᠋ᠢᠲᠠᠬᠤ ᠦᠭᠡᠢ ᠭᠡᠵᠦ ᠬᠡᠯᠡᠳᠡᠭ᠃ | ᠴᠢᠨᠦ ᠲᠠᠲᠠᠭᠠᠯᠵᠠᠬᠤ ᠶᠢᠨ ᠬᠤᠭᠤᠷᠣᠨᠳᠤ᠂ ᠵᠠᠷᠢᠮ ᠰᠠᠶᠢᠬᠠᠨ ᠦᠵᠡᠮᠵᠢ ᠶᠠᠭ ᠪᠢᠳᠡᠨ ᠲᠠᠢ ᠠᠭᠠᠵᠢᠮ | ᠠᠭᠠᠵᠢᠮ ᠢᠶᠠᠷ ᠬᠤᠯᠠᠳᠴᠤ ᠪᠠᠢᠬᠤ ᠶᠢ ᠮᠡᠳᠡᠬᠦ ᠦᠭᠡᠢ᠃ | ᠳᠤᠮᠳᠠᠳᠤ ᠤᠯᠤᠰ ᠤᠳᠠᠯ ᠦᠭᠡᠢ ᠠᠷᠢᠯᠬᠤ ᠭᠡᠵᠦ ᠪᠠᠶᠢᠭ᠎ᠠ ᠬᠥᠮᠥᠨ ᠤ ᠣᠷᠴᠢᠯᠠᠩ ᠤᠨ 8 ᠳ᠋ᠧᠪᠡᠵᠡᠨ ᠢ | ᠲᠠ ᠬᠡᠳᠦᠢ ᠭᠠᠵᠠᠷ ᠢ ᠦᠵᠡᠵᠦ ᠦᠩᠭᠡᠷᠡᠭᠰᠡᠨ ᠪᠣᠢ︖ | | ᠰᠢᠶᠠᠩ ᠭᠧ ᠯᠢ ᠯᠠ ᠮᠧᠶᠢᠯᠢ ᠴᠠᠰᠤᠲᠤ ᠠᠭᠤᠯᠠ | ᠬᠢᠮᠤᠷᠠᠯ ᠤᠨ ᠢᠯᠡᠳᠬᠡᠭᠴᠢ ᠲᠤᠭ᠎ᠠ᠄ ★ | ᠮᠧᠶᠢᠯᠢ ᠴᠠᠰᠤᠲᠤ ᠠᠭᠤᠯᠠᠨ ᠤ ᠣᠷᠣᠰᠢᠵᠤ ᠪᠠᠶᠢᠭ᠎ᠠ ᠨᠢ ᠶᠠᠭ ᠯᠠ ᠨᠢᠭᠡᠨ ᠦᠨᠡᠨ ᠪᠣᠳᠠᠲᠠᠢ ᠵᠡᠭᠦᠳᠡᠨ | ᠣᠷᠴᠢᠨ ᠰᠢᠭ᠂ ᠠᠩᠬᠠᠨ ᠤ ᠳᠣᠮᠤᠭ ᠶᠠᠷᠢᠶᠠᠨ ᠠᠴᠠ ᠬᠥᠮᠥᠰ ᠤᠨ ᠬᠠᠷᠠᠭᠠᠨ ᠳᠤ ᠣᠷᠣᠵᠤ᠂ ᠲᠡᠷᠡ ᠭᠱᠠᠨ ᠵᠠᠭᠤᠷ᠎ᠠ | ᠲᠦᠮᠡᠨ ᠬᠤᠪᠢᠷᠠᠯᠲᠠ ᠲᠠᠢ ᠪᠣᠯᠵᠤ᠂ ᠺᠠ ᠭᠧ ᠪᠦᠸᠧ︽ᠳᠡᠯᠡᠬᠡᠢ ᠶᠢᠨ ᠬᠠᠮᠤᠭ ᠭᠤᠶᠣ ᠠᠭᠤᠯᠠ︾ ᠭᠡᠵᠦ | ᠠᠯᠳᠠᠷᠰᠢᠭᠰᠠᠨ ᠪᠠᠶᠢᠨ᠎ᠠ᠃ | ︽ᠮᠧᠶᠢᠯᠢ ᠴᠠᠰᠤᠲᠤ ᠠᠭᠤᠯᠠ ᠪᠣᠯ ᠲᠥᠪᠡᠳ ᠤᠨ ᠠᠷᠠᠳ ᠤᠨ ᠰᠡᠳᠬᠢᠯ ᠳᠠᠬᠢ ᠪᠣᠭᠳᠠ ᠠᠭᠤᠯᠠ ᠮᠥᠨ᠃ | ᠺᠠ ᠭᠧ ᠪᠦᠸᠧ ᠬᠠᠷᠢᠨ ᠪᠦᠬᠦ ᠡᠬᠡ ᠪᠠᠶᠢᠭᠠᠯᠢ ᠶᠢ ᠵᠠᠬᠢᠷᠴᠤ ᠪᠠᠶᠢᠨ᠎ᠠ᠃ ᠡᠶᠢᠮᠦ ᠠᠴᠠ ᠬᠥᠮᠥᠨ ᠲᠥᠷᠥᠯᠬᠢᠲᠡᠨ | ᠡᠷᠬᠡᠪᠰᠢ ᠲᠡᠭᠦᠨ ᠢ ᠬᠦᠨᠳᠦᠳᠬᠡᠨ ᠪᠢᠰᠢᠷᠡᠵᠦ᠂ ᠬᠡᠷᠪᠡ ᠴᠢ ᠣᠷᠭᠢᠯ ᠳᠤ ᠭᠠᠷᠬᠤ ᠳᠤ ᠬᠦᠷᠪᠡᠯ ᠪᠤᠷᠬᠠᠨ ᠤ | ᠢᠪᠡᠭᠡᠯ ᠢ ᠠᠯᠳᠠᠵᠤ ᠭᠠᠢ ᠭᠠᠮᠰᠢᠭ ᠢᠷᠡᠬᠦ ᠪᠣᠯᠣᠨ᠎ᠠ᠃ | | ᠭᠡᠪᠡᠴᠦ ᠶᠠᠭ ᠺᠠ ᠭᠧ ᠪᠦᠸᠧ ᠵᠢᠨᠭᠠᠶᠢᠬᠠᠮᠰᠢᠭᠲᠤ ᠪᠠᠶᠢᠳᠠᠯ ᠪᠠ ᠠᠷᠢᠭᠤᠨ ᠳᠠᠷᠬᠠᠨ ᠠᠴᠠ ᠪᠣᠯᠵᠤ᠂ | ᠲᠤᠭ᠎ᠠ ᠲᠣᠮᠰᠢ ᠦᠭᠡᠢ ᠣᠯᠠᠨ ᠵᠢᠭᠤᠯᠴᠢᠳ ᠪᠠ ᠠᠭᠤᠯᠠ ᠠᠪᠠᠷᠢᠭ ᠴᠢᠳ ᠢ ᠲᠠᠲᠠᠵᠤ᠂ ᠬᠡᠲᠦᠷᠬᠡᠢ ᠭᠤᠶᠣ | ᠰᠠᠶᠢᠬᠠᠨ ᠶᠠᠭᠤᠮ᠎ᠠ ᠶᠡᠷᠦ ᠨᠢ ᠪᠠᠰᠠ ᠬᠡᠲᠦᠷᠬᠡᠢ ᠬᠡᠪᠡᠷᠡᠭ ᠪᠣᠯᠵᠤ᠂ ᠤᠯᠠᠮ ᠠᠴᠠ ᠤᠯᠠᠮ ᠣᠯᠠᠨ ᠤᠯᠠ ᠮᠥᠷ ᠡᠨᠡ | ᠬᠦ ᠳᠠᠷᠬᠠᠨ ᠭᠠᠵᠠᠷ ᠣᠷᠣᠵᠤ ᠢᠷᠡᠬᠦ ᠣᠶᠢᠶ᠎ᠠ ᠳᠤ ᠪᠠᠰᠠ ᠲᠡᠭᠦᠨ ᠤ ᠤᠤᠯ ᠤᠨ ᠰᠠᠶᠢᠨ ᠰᠠᠶᠢᠬᠠᠨ ᠢ ᠡᠪᠳᠡᠭᠰᠡᠨ | ᠪᠠᠶᠢᠨ᠎ᠠ᠃ | ᠪᠦᠬᠦ ᠪᠥᠮᠪᠥᠷᠴᠡᠭ ᠤᠨ ᠳᠤᠯᠠᠭᠠᠷᠠᠯ ᠪᠠ ᠵᠤᠭᠠᠴᠠᠭᠴᠢ ᠶᠢᠨ ᠨᠡᠮᠡᠭᠳᠡᠯ ᠵᠡᠷᠭᠡ ᠬᠦᠴᠦᠨ ᠵᠦᠢᠯ ᠤᠨ | ᠨᠥᠯᠥᠭᠡ ᠠᠴᠠ ᠪᠣᠯᠵᠤ᠂ ᠮᠸᠢᠢᠯᠢ ᠴᠠᠰᠤᠲᠤ ᠠᠭᠤᠯᠠᠨ ᠤ 4 ᠲᠣᠮᠣ ᠮᠥᠰᠥᠨ ᠭᠤᠣᠯ ᠤᠨ ᠨᠢᠭᠡ ᠪᠣᠯᠬᠤ ᠮᠢᠩ | ᠶᠦᠩ ᠮᠥᠰᠥᠨ ᠭᠤᠣᠯ ᠶᠠᠭ ᠲᠦᠷᠭᠡᠨ ᠬᠠᠶᠢᠯᠵᠤ᠂ ᠬᠤᠯᠠ ᠪᠤᠰᠤ ᠢᠷᠡᠭᠡᠳᠦᠢ ᠳᠤ ᠰᠢᠶᠠᠩ ᠭᠧ ᠯᠢ ᠯᠡ ᠡᠨᠡ ᠬᠦ | ᠭᠠᠶᠢᠬᠠᠮᠰᠢᠭᠲᠤ ᠭᠠᠵᠠᠷ ᠨᠤᠲᠤᠭ ᠴᠤ ᠠᠭᠠᠵᠢᠮ ᠢᠶᠠᠷ ᠠᠷᠢᠯᠬᠤ ᠪᠣᠯᠣᠨ᠎ᠠ᠃ | | ᠭᠠᠨᠰᠤ ᠶᠢᠨ ᠳ᠋ᠠᠨᠰᠢᠶᠠ ᠶᠢᠨ ᠭᠠᠳᠠᠷᠭᠤ | ᠬᠢᠮᠤᠷᠠᠯ ᠤᠨ ᠢᠯᠡᠳᠬᠡᠭᠴᠢ ᠲᠤᠭ᠎ᠠ᠄ ★★★ | ᠳ᠋ᠠᠨ ᠰᠢᠶᠠ ᠶᠢᠨ ᠭᠤᠸ᠎ᠠ ᠰᠠᠶᠢᠬᠠᠨ ᠪᠣᠯ ᠨᠢᠭᠡ ᠵᠦᠢᠯ ᠤᠨ ᠰᠡᠶᠢᠯᠵᠦ ᠴᠢᠮᠡᠭᠯᠡᠬᠦ ᠴᠢᠬᠤᠯᠠ ᠦᠭᠡᠢ | ᠪᠠᠶᠢᠭᠠᠯᠢ ᠶᠢᠨ ᠭᠤᠸ᠎ᠠ ᠰᠠᠶᠢᠬᠠᠨ ᠶᠤᠮ᠂ ᠲᠡᠭᠦᠨ ᠤ ᠠᠭᠤᠯᠠ ᠬᠠᠳᠠ ᠨᠢ ᠬᠤᠯᠠ ᠠᠴᠠ ᠬᠠᠷᠠᠬᠤ ᠳᠤ ᠤᠯᠠᠭᠠᠨ | ᠲᠤᠶᠠᠭ᠎ᠠ ᠲᠠᠢ᠂ ᠣᠶᠢᠷ᠎ᠠ ᠠᠴᠠ ᠬᠠᠷᠠᠬᠤ ᠳᠤ ᠥᠩᠭᠡ ᠪᠤᠳᠤᠭ ᠰᠣᠯᠣᠩᠭᠠᠷᠠᠨ᠂ ᠮᠠᠰᠢ ᠣᠯᠠᠨ ᠠᠰᠬ᠎ᠠ ᠬᠠᠳᠠ ᠨᠢ | ᠶᠠᠭ ᠯᠠ ᠬᠢᠲᠤᠭ᠎ᠠ ᠰᠦᠬᠡ ᠪᠠᠷ ᠴᠠᠪᠴᠢᠵᠤ ᠪᠠᠶᠢᠬᠤ ᠮᠡᠲᠦ᠂ ᠬᠥᠬᠡ ᠣᠭᠲᠠᠷᠭᠤᠢ ᠳᠤ ᠰᠢᠭᠤᠳ ᠴᠢᠭᠯᠡᠵᠦ᠂ | ᠥᠩᠭᠡ ᠦᠵᠡᠮᠵᠢ ᠨᠢ ᠲᠤᠶᠢᠯ ᠤᠨ ᠭᠠᠶᠢᠬᠠᠮᠰᠢᠭᠲᠤ ᠰᠠᠶᠢᠬᠠᠨ ᠪᠠᠶᠢᠳᠠᠭ᠃ | ᠠᠭᠤᠯᠠᠨ ᠣᠷᠭᠢᠯ ᠨᠢ ᠴᠠᠭ ᠠᠭᠤᠷ ᠤᠨ ᠬᠤᠪᠢᠷᠠᠯᠲᠠ ᠶᠢ ᠳᠠᠭᠠᠯᠳᠤᠨ᠂ ᠥᠩᠭᠡ ᠪᠤᠳᠤᠭ ᠥᠩᠭᠡ | ᠦᠵᠡᠮᠵᠢ ᠨᠢ ᠴᠦ ᠲᠠᠰᠤᠷᠠᠯᠲᠠ ᠦᠭᠡᠢ ᠬᠤᠪᠢᠷᠠᠵᠤ᠂ ᠲᠠᠰ ᠳᠠᠪᠬᠤᠷᠭ᠎ᠠ ᠨᠢ ᠲᠣᠳᠣᠷᠬᠠᠢ ᠪᠠᠶᠢᠳᠠᠭ᠂ ᠨᠢᠭᠡ | ᠡᠳᠦᠷ ᠤᠨ ᠳᠣᠲᠣᠷ᠎ᠠ᠂ ᠵᠢᠯ ᠤᠨ ᠳᠥᠷᠪᠡᠨ ᠤᠯᠠᠷᠢᠯ ᠳᠤ᠂ ᠴᠡᠯᠮᠡᠭ ᠪᠣᠷᠤᠭ᠎ᠠ ᠡᠷᠲᠡ ᠣᠷᠣᠢ ᠦᠭᠡᠢ ᠭᠡᠰᠡᠨ ᠦᠭᠡᠢ | ᠴᠥᠮ ᠠᠳᠠᠯᠢ ᠪᠤᠰᠤ ᠥᠩᠭᠡ ᠦᠵᠡᠮᠵᠢ ᠲᠠᠢ ᠪᠠᠶᠢᠳᠠᠭ᠃ | | ᠭᠡᠪᠡᠴᠦ ᠡᠨᠡ ᠬᠦ ᠡᠩᠭᠡᠰᠬᠡ ᠶᠢᠨ ᠥᠩᠭᠡ ᠶᠢᠨ ᠲᠤᠩᠭᠠᠯᠠᠭ ᠲᠤᠶᠠᠭ᠎ᠠ ᠶᠢᠨ ᠠᠷᠤ ᠳᠤ᠂ ᠤᠳᠠᠭᠠᠨ ᠵᠢᠯ ᠤᠨ | ᠭᠠᠩ ᠬᠠᠭᠰᠠᠷᠠᠭᠠᠨ ᠠᠴᠠ ᠪᠣᠶ ᠪᠣᠯᠤᠭᠰᠠᠨ ᠲᠠᠴᠢᠷ ᠨᠢᠮᠭᠡᠨ᠂ ᠳᠣᠲᠣᠭᠠᠳᠤ ᠬᠠᠭᠤᠷᠠᠢ ᠶᠢᠨ ᠭᠦᠨ ᠠᠭᠤᠯᠠᠨ ᠳᠤ | ᠨᠢᠭᠤᠭᠳᠠᠭᠰᠠᠨ ᠳ᠋ᠠᠨ ᠰᠢᠶᠠ ᠭᠠᠵᠠᠷ ᠤᠨ ᠲᠥᠷᠬᠦ ᠨᠢ ᠲᠣᠭᠤᠰᠣᠲᠤ ᠶᠢᠷᠲᠢᠨᠴᠦ ᠶᠢᠨ ᠪᠣᠳᠠᠰ ᠤᠨ ᠬᠦᠰᠡᠯ ᠤᠨ | ᠪᠣᠬᠢᠷᠲᠤᠯ ᠠᠴᠠ ᠬᠤᠯᠠᠳᠠᠭᠰᠠᠨ ᠪᠣᠯᠪᠠᠴᠤ ᠬᠥᠮᠥᠨ ᠲᠥᠷᠥᠯᠬᠢᠲᠡᠨ ᠤ ᠬᠤᠣᠷᠯᠠᠯ ᠠᠴᠠ ᠵᠠᠶᠢᠯᠠᠵᠤ ᠴᠢᠳᠠᠬᠤ ᠦᠭᠡᠢ | ᠶᠤᠮ᠃ | ᠳᠤᠷ᠎ᠠ ᠪᠠᠷ ᠢᠶᠠᠨ ᠬᠠᠶᠠᠭᠰᠠᠨ ᠬᠤᠭ ᠨᠣᠪᠰᠢ᠂ ᠵᠤᠭᠠᠴᠠᠭᠰᠠᠳ ᠤᠨ ᠭᠢᠰᠬᠢᠯᠲᠡ ᠁ ᠡᠨᠡ ᠪᠣᠯ ᠰᠠᠶ᠋ᠢ | ᠡᠬᠡ ᠪᠠᠶᠢᠭᠠᠯᠢ ᠠᠴᠠ ᠢᠯᠡᠭᠦᠦ ᠠᠮᠢᠨ ᠳᠤ ᠬᠦᠷᠬᠦ ᠬᠤᠣᠷ ᠬᠥᠨᠥᠭᠡᠯ ᠮᠥᠨ᠂ ᠴᠢ ᠵᠥᠪᠬᠡᠨ ᠥᠪᠡᠷ ᠤᠨ ᠤᠯᠠ | ᠮᠥᠷ ᠢᠶᠠᠨ ᠦᠯᠡᠳᠡᠭᠡᠶ᠎ᠡ ᠭᠡᠵᠦ ᠪᠤᠳᠤᠭᠰᠠᠨ ᠴᠤ ᠮᠠᠭᠠᠳ᠂ ᠭᠡᠪᠡᠴᠦ ᠳ᠋ᠠᠨ ᠰᠢᠶᠠ ᠳᠤ ᠵᠠᠰᠠᠵᠤ ᠡᠳᠡᠭᠡᠷᠡᠭᠦᠯᠵᠦ | ᠳᠡᠶᠢᠯᠦᠰᠢ ᠦᠭᠡᠢ ᠰᠣᠷᠪᠢ ᠰᠣᠷᠪᠢ ᠠᠪᠴᠢᠷᠠᠵᠤ ᠥᠭᠴᠡᠢ᠃ | | ᠳ᠋ᠦ᠋ᠨᠬᠤᠸᠠᠩ ᠤᠨ ᠮᠦ᠋ᠥᠸ᠋ᠭᠤᠤ ᠠᠭᠤᠢ | ᠬᠢᠮᠤᠷᠠᠯ ᠤᠨ ᠢᠯᠡᠳᠬᠡᠭᠴᠢ ᠲᠤᠭ᠎ᠠ᠄ ★★★ | 1000 ᠭᠠᠷᠤᠢ ᠵᠢᠯ ᠤᠨ ᠲᠤᠷᠰᠢ᠂ ᠥᠩᠭᠡᠷᠡᠭᠰᠡᠨ ᠤ ᠲᠡᠦᠬᠡ ᠪᠠᠨ ᠡᠨᠡ ᠬᠦ ᠬᠠᠭᠠᠰ ᠬᠠᠳᠠᠨ ᠤ ᠠᠰᠬ᠎ᠠ | ᠬᠠᠲᠠᠨ ᠳᠤ ᠬᠤᠷᠠᠮᠳᠤᠭᠤᠯᠵᠤ᠂ ᠲᠦᠮᠡᠨ ᠪᠣᠳᠢ ᠰᠤᠳᠤᠷ ᠬᠠᠳᠠᠭᠠᠯᠠᠭᠰᠠᠨ ᠴᠢᠯᠠᠭᠤᠨ ᠠᠭᠤᠢ ᠲᠡᠳᠦᠢ ᠪᠢᠰᠢ᠂ | ᠮᠢᠩᠭᠠᠨ ᠪᠤᠷᠬᠠᠨ ᠤ ᠬᠠᠮᠲᠤ ᠪᠠᠷ ᠥᠩᠭᠡᠷᠡᠭᠦᠯᠦᠭᠰᠡᠨ ᠠᠭᠤᠯᠠᠨ ᠠᠭᠤᠢ ᠴᠤ ᠲᠡᠳᠦᠢ ᠪᠢᠰᠢ᠂ ᠨᠠᠩ ᠴᠤ ᠨᠢᠭᠡᠨ | ᠬᠤᠣᠰ ᠦᠭᠡᠢ ᠭᠤᠶᠢᠳᠠ ᠰᠠᠶᠢᠬᠠᠨ ︽ᠳᠣᠷᠣᠨᠠᠳᠠᠬᠢᠨ ᠤ ᠤᠷᠠᠯᠢᠭ ᠤᠨ ᠬᠡᠷᠡᠯᠳᠦ ᠰᠤᠪᠤᠳ︾ ᠪᠣᠯᠤᠭᠰᠠᠨ ᠶᠤᠮ᠃ | ᠭᠡᠪᠡᠴᠦ ᠤᠷᠵᠢᠨᠤᠨ ᠵᠢᠯ ᠤᠨ ᠴᠠᠭ ᠮᠥᠴᠡ ᠨᠢ ᠥᠨᠢ ᠡᠭᠦᠷᠢᠳᠡ ᠪᠠᠯᠠᠷᠠᠰᠢ ᠦᠭᠡᠢ ᠲᠡᠦᠬᠡ ᠶᠢ | ᠦᠯᠡᠳᠡᠭᠡᠬᠦ ᠪᠠᠷ ᠪᠠᠷᠠᠬᠤ ᠦᠭᠡᠢ᠂ ᠮᠢᠩᠭᠠᠨ ᠵᠢᠯ ᠤᠨ ᠰᠠᠯᠬᠢ ᠰᠢᠭᠤᠷᠭᠠᠨ ᠤ ᠢᠨᠴᠠᠭᠠᠬᠤ ᠲᠠᠭᠤᠨ ᠨᠢ ᠴᠦ ᠮᠦᠥᠸ᠋ | ᠭᠤᠸ ᠠᠭᠤᠢ ᠶᠢᠨ ᠭᠤᠶᠢᠳᠠ ᠰᠠᠶᠢᠬᠠᠨ ᠢ ᠡᠳᠦᠷ ᠰᠥᠨᠢ ᠦᠭᠡᠢ ᠲᠠᠯᠬᠢᠳᠠᠵᠤ ᠪᠠᠶᠢᠳᠠᠭ᠃ | | | ᠳ᠋ᠦᠨᠬᠤᠸᠠᠩ ᠤᠨ ᠠᠭᠤᠷ ᠠᠮᠢᠰᠬᠤᠯ ᠭᠠᠩ ᠬᠠᠭᠤᠷᠠᠢ ᠰᠠᠯᠬᠢ ᠶᠡᠬᠡᠲᠡᠢ᠂ ᠡᠯᠡᠰᠦ ᠰᠢᠷᠣᠢ ᠬᠤᠷᠠᠵᠤ᠂ | ᠰᠠᠯᠬᠢᠨ ᠳᠤ ᠢᠳᠡᠭᠳᠡᠭᠰᠡᠨ᠂ ᠲᠣᠭᠤᠰᠣ ᠰᠢᠷᠣᠢ ᠲᠠᠢ ᠪᠠᠶᠢᠳᠠᠭ ᠨᠢ ᠮᠦᠥᠸ᠋ᠭᠤᠤ ᠠᠭᠤᠢ ᠳᠤ ᠠᠪᠴᠤ ᠬᠡᠯᠡᠪᠡᠯ᠂ | ᠲᠡᠳᠡᠭᠡᠷ ᠨᠢ ᠶᠠᠭ ᠯᠠ ᠰᠥᠨᠢ ᠶᠢᠨ ᠬᠠᠷᠠᠩᠭᠤᠢ ᠳᠤ ᠨᠢᠭᠤᠭᠳᠠᠵᠤ ᠪᠠᠶᠢᠭ᠎ᠠ ᠶᠠᠷᠭᠠᠴᠢᠨ ᠰᠢᠭ᠋᠂ ᠪᠠᠯᠠᠷᠠᠰᠢ ᠦᠭᠡᠢ | ᠤᠷᠠᠯᠢᠭ ᠢ ᠠᠭᠠᠵᠢᠮ ᠢᠶᠠᠷ ᠪᠣᠭᠤᠮᠢᠯᠠᠵᠤ ᠪᠠᠶᠢᠭ᠎ᠠ ᠶᠤᠮ᠃ ᠳ᠋ᠦ᠋ᠨᠬᠤᠸᠠᠩ ᠤᠨ ᠠᠭᠤᠷ ᠠᠮᠢᠰᠬᠤᠯ ᠭᠠᠩ ᠬᠠᠭᠤᠷᠠᠢ | ᠪᠥᠭᠡᠳ ᠰᠠᠯᠬᠢ ᠶᠡᠬᠡᠲᠡᠢ᠂ ᠡᠯᠡᠰᠦ ᠰᠢᠷᠣᠢ ᠬᠤᠷᠠᠵᠤ᠂ ᠰᠠᠯᠬᠢᠨ ᠳᠤ ᠢᠳᠡᠭᠳᠡᠭᠰᠡᠨ᠂ ᠲᠣᠭᠤᠰᠣ ᠰᠢᠷᠣᠢ ᠲᠠᠢ | ᠪᠠᠶᠢᠳᠠᠭ ᠨᠢ ᠶᠠᠭ ᠯᠠ ᠰᠥᠨᠢ ᠶᠢᠨ ᠬᠠᠷᠠᠩᠭᠤᠢ ᠳᠤ ᠨᠢᠭᠤᠭᠳᠠᠵᠤ ᠪᠠᠶᠢᠭ᠎ᠠ ᠶᠠᠷᠭᠠᠴᠢᠨ ᠰᠢᠭ᠋ ᠪᠠᠶᠢᠳᠠᠭ᠃ | ᠣᠷᠳᠣ ᠬᠤᠭᠤᠴᠠᠭᠠᠨ ᠤ ᠬᠦᠴᠦᠲᠦ ᠡᠯᠡᠰᠦ ᠰᠢᠭᠤᠷᠭ᠎ᠠ ᠨᠢ ᠠᠰᠬ᠎ᠠ ᠬᠠᠳᠠᠨ ᠤ ᠪᠡᠶ᠎ᠡ ᠶᠢ ᠨᠢ ᠬᠠᠷᠭᠢᠰ | ᠬᠡᠷᠴᠡᠭᠡᠢ ᠪᠠᠷ ᠢᠳᠡᠭᠳᠡᠭᠦᠯᠵᠦ᠂ ᠪᠦᠲᠦᠴᠡ ᠨᠢ ᠰᠤᠯᠠ ᠵᠠᠳᠠᠭᠠᠢ ᠠᠭᠤᠢ ᠶᠢᠨ ᠣᠷᠣᠢ ᠳᠡᠭᠡᠷᠡᠬᠢ ᠬᠠᠶᠢᠷ ᠴᠢᠯᠠᠭᠤᠯᠢᠭ | ᠨᠢ ᠰᠠᠯᠬᠢᠨ ᠳᠤ ᠢᠳᠡᠭᠳᠡᠭᠰᠡᠨ ᠠᠴᠠ ᠪᠣᠯᠵᠤ ᠠᠭᠠᠵᠢᠮ ᠢᠶᠠᠷ ᠨᠢᠮᠭᠡᠷᠡᠵᠦ᠂ ᠤᠷᠢᠳᠴᠢᠯᠠᠨ ᠮᠡᠳᠡᠵᠦ ᠪᠣᠯᠬᠤ | ᠢᠷᠡᠭᠡᠳᠦᠢ ᠳᠤ᠂ ᠡᠨᠡ ᠬᠦ ᠤᠷᠠᠯᠢᠭ ᠤᠨ ᠡᠷᠳᠡᠨᠢᠰ ᠤᠨ ᠰᠠᠩ ᠨᠢ ᠡᠯᠡᠰᠦᠨ ᠲᠠᠩᠭᠢᠰ ᠲᠤ ᠵᠢᠪᠴᠦ᠂ ᠬᠠᠮᠤᠭ | ᠠᠩᠬᠠᠨ ᠤ ᠪᠣᠷᠣᠭᠵᠢᠭᠤᠨ ᠳᠦᠷᠢ ᠳᠡᠭᠡᠨ ᠪᠤᠴᠠᠵᠤ ᠢᠷᠡᠬᠦ ᠮᠠᠭᠠᠳ ᠦᠭᠡᠢ᠃ | | | ᠵᠤᠷᠭᠠᠢ ᠨᠣᠶᠢᠲᠠᠨ ᠭᠠᠵᠠᠷ | ᠬᠢᠮᠤᠷᠠᠯ ᠤᠨ ᠢᠯᠡᠳᠬᠡᠭᠴᠢ ᠲᠤᠭ᠎ᠠ᠄ ★ ★★ ★ | ᠠᠳᠡᠪᠣᠯ ᠷᠸᠢᠢᠷ ᠶᠡᠭᠡ ᠬᠡᠭᠡᠷ᠎ᠡ ᠲᠠᠯ᠎ᠠ᠂ ᠴᠡᠴᠡᠭ ᠤᠨ ᠨᠠᠭᠤᠷ᠂ ᠯᠠᠩᠮᠤ ᠶᠡᠭᠡ ᠬᠠᠪᠴᠢᠯ ᠪᠠ ᠶᠡᠭᠡ ᠬᠡᠰᠡᠭ | ᠪᠠᠯᠠᠷ ᠣᠶ ᠪᠠᠶᠢᠵᠤ᠂ ᠳᠡᠯᠡᠬᠡᠢ ᠶᠢᠨ ᠥᠨᠳᠥᠷ ᠠᠭᠤᠯᠠ ᠶᠢᠨ ᠪᠦᠰᠡ ᠶᠢᠨ ᠪᠣᠳᠠᠰ ᠤᠨ ᠲᠥᠷᠥᠯ ᠢᠶᠠᠷ ᠬᠠᠮᠤᠭ ᠤᠨ | ᠪᠠᠶᠠᠯᠢᠭ ᠭᠠᠵᠠᠷ ᠣᠷᠣᠨ ᠤ ᠨᠢᠭᠡ ᠪᠣᠯᠬᠤ ᠪᠥᠭᠡᠳ ᠮᠠᠨ ᠤ ᠤᠯᠤᠰ ᠤᠨ ᠲᠥᠪᠡᠳ ᠤᠨ ᠾᠢᠮᠠᠯᠠᠶ᠎ᠠ ᠶᠢᠨ | ᠬᠥᠳᠡᠯᠭᠡᠭᠡᠨᠲᠦ ᠤᠷᠭᠤᠮᠠᠯ ᠤᠨ ᠣᠷᠣᠨ ᠤ ᠰᠢᠰᠲ᠋ᠧᠮ ᠵᠢᠴᠢ ᠲᠡᠭᠦᠨ ᠤ ᠠᠮᠢᠳᠤ ᠪᠣᠳᠠᠰ ᠤᠨ ᠣᠯᠠᠨ ᠶᠠᠩᠵᠤᠲᠤ | ᠴᠢᠨᠠᠷ ᠤᠨ ᠴᠢᠬᠤᠯᠠ ᠰᠠᠭᠤᠷᠢ ᠣᠷᠣᠨ ᠪᠦᠰᠡ ᠪᠣᠯᠣᠨ᠎ᠠ᠃ | ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠲᠠᠯ᠎ᠠ ᠨᠤᠲᠤᠭ ᠲᠤ ᠵᠣᠭᠰᠣᠬᠤ ᠳᠤ᠂ ᠨᠢᠳᠦ ᠳᠦᠭᠦᠷᠡᠩ | ᠨᠣᠮᠢᠨ ᠨᠣᠭᠤᠭᠠᠨ᠂ ᠪᠠᠳᠠᠷᠠᠨ ᠳᠡᠯᠭᠡᠷᠡᠭᠰᠡᠨ ᠴᠡᠴᠡᠭ ᠬᠤᠸᠠᠷ᠂ ᠳᠡᠭᠦᠯᠢᠨ ᠳᠠᠪᠬᠢᠵᠤ ᠪᠠᠶᠢᠭ᠎ᠠ ᠠᠷᠤᠤᠬᠠᠨ ᠮᠣᠷᠢ᠂ | ᠰᠦᠷᠦᠭ ᠰᠦᠷᠦᠭ ᠦᠬᠡᠷ ᠬᠤᠨᠢ ᠨᠢ ᠶᠠᠭ ᠯᠠ ᠵᠡᠭᠦᠳᠦ ᠵᠡᠷᠭᠡᠯᠭᠡᠨ ᠤ ᠠᠮᠢᠲᠠᠨ ᠤ ᠸᠠᠩᠲᠤ ᠤᠯᠤᠰ ᠲᠤ ᠣᠷᠣᠭᠰᠠᠨ | ᠮᠡᠲᠦ ᠰᠠᠨᠠᠭᠳᠠᠨ᠎ᠠ᠃ | | ᠠᠳᠡᠬᠢ ᠬᠠᠬᠢᠷ ᠬᠦᠢᠲᠡᠨ ᠴᠢᠭᠢᠭᠯᠢᠭ ᠥᠨᠳᠦᠷᠯᠢᠭ ᠤᠨ ᠠᠭᠤᠷ ᠠᠮᠢᠰᠬᠤᠯ ᠨᠢ ᠥᠪᠡᠷᠮᠢᠴᠡ | ᠣᠨᠴᠠᠯᠢᠭ ᠲᠠᠢ ᠬᠦᠯᠦᠷᠡᠳᠦ ᠨᠠᠮᠤᠭ ᠢ ᠡᠭᠦᠳᠦᠨ ᠪᠦᠲᠦᠭᠡᠭᠰᠡᠨ ᠪᠥᠭᠡᠳ ᠡᠨᠡ ᠬᠦ ᠲᠤᠭ᠎ᠠ ᠲᠣᠮᠰᠢ ᠦᠭᠡᠢ ᠣᠯᠠᠨ | ᠤᠯᠠᠭᠠᠨ ᠴᠡᠷᠢᠭ ᠤᠨ ᠪᠠᠶᠢᠯᠳᠤᠭᠴᠢᠳ ᠤᠨ ᠠᠮᠢ ᠨᠠᠰᠤ ᠶᠢ ᠵᠠᠯᠭᠢᠭᠰᠠᠨ ᠦᠬᠦᠯ ᠤᠨ ᠭᠠᠵᠠᠷ ᠨᠢ ᠴᠦ ᠦᠨᠡᠨ ᠳᠡᠭᠡᠨ | ᠠᠳᠡᠬᠢ ᠮᠢᠩᠭ᠎ᠠ ᠭᠠᠷᠤᠢ ᠵᠦᠢᠯ ᠤᠨ ᠠᠮᠢᠲᠠᠨ ᠤᠷᠭᠤᠮᠠᠯ ᠤᠨ ᠬᠠᠮᠠᠭᠠᠯᠠᠯᠲᠠ ᠶᠢᠨ ᠰᠠᠬᠢᠭᠤᠯᠰᠤᠨ ᠪᠣᠯᠬᠤ ᠶᠤᠮ᠃ | ᠲᠤᠬᠠᠢ ᠶᠢᠨ ᠵᠢᠯ ᠤᠨ ᠦᠬᠦᠯ ᠤᠨ ᠮᠥᠷ ᠲᠠᠢ ᠬᠠᠷᠢᠴᠠᠭᠤᠯᠪᠠᠯ᠂ ᠥᠨᠥᠳᠥᠷ ᠤᠨ ᠵᠤᠷᠭᠠᠢ ᠨᠡᠩ ᠴᠤ | ᠬᠥᠮᠥᠰ ᠢ ᠠᠶᠤᠨ ᠭᠡᠯᠮᠡᠭᠳᠡᠭᠦᠯᠵᠦ᠂ ᠨᠤᠭᠤ ᠭᠠᠵᠠᠷ ᠶᠡᠭᠡ ᠬᠡᠪᠴᠢᠶ᠎ᠡ ᠪᠠᠷ ᠪᠠᠭᠠᠰᠴᠤ᠂ ᠲᠠᠯ᠎ᠠ ᠨᠤᠲᠤᠭ ᠦᠷᠭᠦᠯᠵᠢᠯᠡᠨ | ᠡᠯᠡᠰᠦᠵᠢᠵᠦ᠂ ᠨᠠᠭᠤᠷ ᠴᠥᠭᠦᠷᠥᠮ ᠡᠬᠢᠯᠡᠨ ᠠᠪᠴᠢᠵᠤ ᠪᠠᠶᠢᠨ᠎ᠠ ᠁ | ᠬᠠᠮᠤᠭ ᠤᠨ ᠠᠶᠤᠮᠰᠢᠭᠲᠠᠢ ᠬᠡᠯᠡᠯᠭᠡ ᠭᠡᠪᠡᠯ᠂ ᠬᠡᠷᠪᠡ ᠡᠯᠡᠰᠦᠷᠬᠡᠭᠵᠢᠯ ᠢ ᠵᠠᠰᠠᠵᠤ ᠳᠡᠶᠢᠯᠬᠦ ᠦᠭᠡᠢ ᠪᠣᠯ᠂ | 20 ᠵᠢᠯ ᠪᠣᠯᠣᠯ ᠦᠭᠡᠢ ᠪᠠᠷ ᠠᠳᠡᠬᠢ ᠨᠢ ᠳᠡᠯᠡᠬᠡᠢ ᠶᠢᠨ ᠲᠡᠯᠡᠶ ᠶᠢᠨ ᠲᠦᠪᠰᠢᠨ ᠠᠴᠠ ᠬᠠᠮᠤᠭ ᠤᠨ ᠥᠨᠳᠥᠷ | ᠥᠨᠳᠦᠷᠯᠢᠭ ᠤᠨ ᠡᠯᠡᠰᠦᠨ ᠴᠥᠯ ᠪᠠ ᠡᠯᠡᠰᠦᠨ ᠰᠢᠭᠤᠷᠭ᠎ᠠ ᠶᠢᠨ ᠡᠬᠢ ᠶᠢᠨ ᠣᠷᠣᠨ ᠤ ᠨᠢᠭᠡ ᠪᠣᠯᠵᠤ᠂ ᠰᠠᠯᠬᠢᠨ ᠤ | ᠡᠬᠢ ᠲᠠᠢ ᠮᠥᠷᠲᠡᠭᠡᠨ ᠪᠠᠰᠠ ᠡᠯᠡᠰᠦᠨ ᠤ ᠡᠬᠢ ᠲᠠᠢ ᠪᠠᠶᠢᠵᠤ᠂ ᠡᠯᠡᠰᠦ ᠲᠣᠭᠤᠰᠣᠨ ᠤ ᠡᠬᠢ ᠶᠢ ᠮᠢᠩᠭ᠎ᠠ ᠭᠠᠷᠤᠢ | ᠮᠧᠲᠷ ᠬᠡᠶᠢᠰᠬᠡᠪᠡᠯ᠂ ᠳᠤᠮᠳᠠᠳᠤ ᠤᠯᠤᠰ ᠤᠨ ᠶᠡᠭᠡ ᠬᠠᠭᠠᠰ ᠢ ᠰᠠᠯᠬᠢ ᠰᠢᠭᠤᠷᠭᠠᠨ ᠳᠤ ᠪᠦᠷᠬᠦᠭᠦᠯᠵᠦ ᠲᠠᠶᠢᠯᠤᠨ᠎ᠠ᠃ | | ᠯᠦᠬᠦ᠋ ᠨᠠᠭᠤᠷ | ᠬᠢᠮᠤᠷᠠᠯ ᠤᠨ ᠢᠯᠡᠳᠬᠡᠭᠴᠢ ᠲᠤᠭ᠎ᠠ᠄ ★ ★★ ★ | ᠵᠠᠷᠢᠮ ᠬᠥᠮᠥᠨ ᠲᠡᠭᠦᠨ ᠢ ᠬᠥᠮᠥᠨ ᠤ ᠶᠢᠷᠲᠢᠨᠴᠦ ᠶᠢᠨ ᠬᠠᠮᠤᠭ ᠰᠡᠭᠦᠯᠴᠢ ᠶᠢᠨ ᠨᠢᠭᠡ ᠬᠡᠰᠡᠭ ᠴᠡᠪᠡᠷ | ᠬᠥᠷᠥᠰᠥ ᠭᠡᠵᠦ ᠬᠡᠯᠡᠳᠡᠭ᠂ ᠲᠡᠭᠦᠨ ᠤ ᠥᠩᠭᠡᠷᠡᠭᠰᠡᠨ ᠤ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠨᠠᠭᠤᠷ ᠤᠨ | ᠤᠰᠤ ᠪᠠᠷ ᠢᠶᠠᠨ ᠮᠤᠷᠰᠤᠴᠤᠳ ᠤᠨ ᠮᠢᠩᠭᠠᠨ ᠣᠨ ᠤ ᠨᠠᠮ ᠰᠡᠯᠡᠭᠦᠨ ᠪᠠᠶᠢᠳᠠᠯ ᠢ ᠰᠠᠬᠢᠨ ᠬᠠᠮᠠᠭᠠᠯᠠᠪᠠ᠃ ᠭᠡᠲᠡᠯ᠎ᠡ | ᠵᠤᠭᠠᠴᠠᠭᠰᠠᠳ ᠤᠨ ᠪᠥᠭᠡᠮᠨᠡᠷᠡᠬᠦ ᠶᠢ ᠳᠠᠭᠠᠯᠳᠤᠨ᠂ ᠲᠡᠳᠡᠭᠡᠷ ᠮᠢᠩᠭᠠᠨ ᠵᠢᠯ ᠤᠨ ᠤᠯᠠᠮᠵᠢᠯᠠᠯ ᠤᠳ ᠨᠢ ᠥᠩᠭᠡ | ᠢᠯᠭᠠᠷᠠᠮ᠎ᠠ ᠥᠩᠭᠡ ᠢᠯᠭᠠᠷᠠᠨ ᠬᠤᠪᠢᠷᠠᠵᠤ ᠡᠬᠢᠯᠡᠭᠰᠡᠨ ᠪᠠᠶᠢᠨ᠎ᠠ᠃ | ᠵᠡᠭᠡᠯᠢ ᠳᠡᠭᠡᠷ᠎ᠡ ᠬᠥᠭᠵᠢᠶᠡᠨ ᠨᠠᠷᠭᠢᠶᠠᠨ ᠲᠠᠢ ᠡᠯᠳᠡᠪ ᠵᠦᠢᠯ ᠤᠨ ᠬᠥᠮᠥᠰ᠂ ᠳᠡᠯᠭᠡᠭᠦᠷ ᠠᠴᠠ ᠤᠯᠠᠮᠵᠢᠯᠠᠭᠳᠠᠨ | ᠭᠠᠷᠤᠭᠰᠠᠨ ᠳᠡᠯᠭᠡᠷᠡᠮᠡᠯ ᠳᠠᠭᠤᠤ᠂ ᠵᠠᠮ ᠤᠨ ᠬᠠᠵᠠᠭᠤ ᠳᠤ ᠰᠦᠨᠳᠡᠷᠯᠡᠭᠰᠡᠨ ᠠᠷᠢᠬᠢᠨ ᠮᠤᠬᠤᠯᠠᠭ ᠤᠳ ᠨᠢ ᠶᠠᠭ ᠯᠠ | ᠨᠢᠭᠡᠨ ᠦᠢᠮᠡᠭᠡᠨ ᠱᠤᠤᠭᠢᠶᠠᠨ ᠲᠠᠢ ᠬᠤᠳᠠ ᠶᠢᠨ ᠬᠤᠷᠢᠶᠠᠩᠭᠤᠢ ᠳᠦᠷᠰᠦ ᠰᠢᠭ ᠢᠶᠠᠷ ᠦᠨᠳᠦᠰᠦᠲᠡᠨ ᠤ ᠵᠠᠩ | ᠦᠢᠯᠡ ᠪᠠᠷ ᠪᠢᠯᠬᠠᠭᠰᠠᠨ ᠬᠤᠣᠰ ᠳᠠᠭᠤᠤ ᠪᠠ ᠤᠷᠤᠬ ᠪᠠᠷᠢᠯᠳᠤᠬᠤ ᠵᠠᠩ ᠳᠠᠳᠬᠠᠯ ᠨᠢ ᠴᠦ ᠵᠤᠭᠠᠴᠠᠭᠰᠠᠳ ᠢ | ᠠᠶᠠᠳᠠᠨ ᠲᠠᠭᠠᠬᠰᠠᠨ ᠲᠣᠭᠯᠠᠯᠲᠠ ᠪᠣᠯᠤᠭᠰᠠᠨ ᠪᠠᠶᠢᠨ᠎ᠠ᠃ | | ᠦᠰᠦᠷᠦᠭᠰᠡᠨ ᠲᠦᠳᠡᠭ ᠭᠠᠯ᠂ ᠪᠥᠵᠢᠭᠯᠡᠭᠰᠡᠨ ᠬᠤᠷᠮᠣᠢ᠂ ᠰᠡᠳᠬᠢᠯ ᠬᠥᠳᠡᠯᠭᠡᠮ᠎ᠡ ᠳᠠᠭᠤᠤ ᠶᠢᠨ ᠠᠶᠠᠰ | ᠳᠤᠮᠳᠠ ᠤᠯᠠᠮ ᠠᠴᠠ ᠤᠯᠠᠮ ᠤᠯᠠᠨ ᠮᠤᠳᠤ᠋ ᠶᠢᠨ ᠬᠥᠪᠡᠭᠦᠳ ᠥᠬᠢᠳ ᠯᠦᠬᠦ᠋ ᠨᠠᠭᠤᠷ ᠠᠴᠠ ᠭᠠᠷᠴᠤ ᠢᠷᠡᠬᠦ ᠨᠢ | ᠶᠠᠭ ᠪᠢᠳᠡᠨ ᠤ ᠣᠷᠣᠶ᠎ᠠ ᠭᠡᠵᠦ ᠪᠤᠳᠤᠵᠤ ᠪᠠᠶᠢᠭᠰᠠᠨ ᠲᠠᠢ ᠠᠳᠠᠯᠢ ᠶᠤᠮ᠃ | ᠯᠦᠬᠦ᠋ ᠨᠠᠭᠤᠷ ᠨᠢ ᠲᠡᠭᠦᠨ ᠤ ᠪᠠᠯᠠᠷ ᠡᠷᠲᠡᠨ ᠤ ᠪᠠ ᠡᠭᠡᠯ ᠪᠣᠷᠣᠭᠵᠢᠭᠤᠨ ᠳᠤ ᠪᠠᠶᠢᠬᠤ ᠪᠢᠰᠢ᠂ ᠬᠠᠷᠢᠨ | ᠲᠡᠭᠦᠨ ᠤ ᠡᠷᠲᠡᠨ ᠤ ᠪᠠ ᠨᠢᠭᠤᠴᠠ ᠳᠠᠯᠳᠠ ᠳᠤ ᠪᠠᠶᠢᠨ᠎ᠠ᠂ ᠭᠡᠲᠡᠯ᠎ᠡ ᠡᠳᠡᠭᠡᠷ ᠨᠢ ᠪᠦᠷ ᠲᠡᠭᠦᠨ ᠠᠴᠠ ᠰᠠᠯᠵᠤ | ᠶᠠᠪᠤᠬᠤ ᠳᠤ ᠲᠡᠷᠡ ᠬᠦ ᠨᠠᠭᠤᠷ ᠤᠨ ᠤᠰᠤ ᠶᠢ ᠣᠯᠵᠤ ᠦᠵᠡᠬᠦ ᠦᠭᠡᠢ ᠪᠣᠯ ᠪᠠᠰᠠ ᠬᠡᠨ ᠤ ᠨᠢᠯᠪᠤᠰᠤ ᠪᠣᠯᠬᠤ ᠪᠤᠢ︖ | | | ᠲᠤᠲᠤᠷᠭ᠎ᠠ ᠶᠢᠨ ᠬᠤᠳᠠ ᠶᠢᠨ ᠠᠳᠢᠨ | ᠬᠢᠮᠤᠷᠠᠯ ᠤᠨ ᠢᠯᠡᠳᠬᠡᠭᠴᠢ ᠲᠤᠭ᠎ᠠ᠄ ★ ★★ ★ | ᠲᠤᠲᠤᠷᠭ᠎ᠠ ᠶᠢᠨ ᠬᠤᠳᠠ ᠳᠤ ᠣᠴᠢᠵᠤ ᠥᠩᠭᠡᠷᠡᠭᠰᠡᠨ ᠬᠥᠮᠥᠨ ᠪᠦᠬᠦᠨ ᠴᠥᠮ ᠲᠡᠭᠦᠨ ᠤ ᠭᠤᠶᠤ | ᠰᠠᠶᠢᠬᠠᠨ᠂ ᠠᠷᠢᠭᠤᠨ ᠴᠡᠪᠡᠷ᠂ ᠡᠶ᠎ᠡ ᠵᠣᠬᠢᠴᠠᠯ᠂ ᠭᠠᠶᠢᠬᠠᠮᠰᠢᠭ ᠲᠤ ᠲᠠᠲᠠᠭᠳᠠᠨ ᠬᠥᠳᠡᠯᠵᠦ᠂ ᠲᠤᠲᠤᠷᠭ᠎ᠠ ᠶᠢᠨ | ᠬᠤᠳᠠ ᠶᠢᠨ ᠥᠨᠴᠥᠭ ᠪᠤᠯᠤᠩ ᠪᠣᠯᠭᠠᠨ ᠳᠤ ᠶᠠᠪᠤᠬᠤ ᠨᠢ ᠬᠥᠮᠥᠰ ᠢ ᠳᠤᠮᠤᠬ ᠤᠨ ᠳᠤᠮᠤᠭ ᠲᠤ ᠪᠠᠶᠢᠬᠤ ᠰᠢᠭ᠋ | ᠪᠣᠯᠭᠠᠳᠠᠭ᠃ | ᠲᠤᠲᠤᠷᠭ᠎ᠠ ᠶᠢᠨ ᠬᠤᠲᠠ ᠶᠢᠨ ᠭᠤᠶᠣ ᠰᠠᠶᠢᠬᠠᠨ ᠨᠢ ᠰᠠᠶᠢᠬᠠᠨ ᠦᠵᠡᠮᠵᠢ ᠶᠢᠨ ᠠᠯᠢᠨ ᠳᠤᠨᠢ ᠴᠤ | ᠭᠡᠰᠡᠨ ᠲᠡᠭᠦᠨ ᠤ ᠨᠢᠭᠤᠴᠠ ᠳᠠᠯᠳᠠ ᠶᠢᠨ ᠳᠣᠲᠣᠷ᠎ᠠ ᠠᠬᠤᠭᠤᠯᠤᠭᠳᠠᠵᠤ ᠪᠠᠶᠢᠳᠠᠭ᠂ ᠨᠢᠭᠤᠴᠠ ᠳᠠᠯᠳᠠ ᠶᠢᠨ | ᠳᠣᠮᠤᠭ ᠶᠠᠷᠢᠶ᠎ᠠ᠂ ᠣᠨᠴᠠᠭᠠᠶ ᠢᠳᠡᠭᠡᠨ ᠤᠮᠳᠠᠭᠠᠨ᠂ ᠣᠨᠴᠠᠭᠠᠶ ᠬᠤᠷᠢᠮ ᠤᠨ ᠵᠠᠩ ᠳᠠᠳᠬᠠᠯ ᠁ ᠮᠤᠨᠠᠯᠢᠰᠠ | ᠶᠢᠨ ᠢᠨᠢᠶᠡᠮᠰᠦᠭᠯᠡᠯ ᠨᠢ ᠬᠥᠮᠥᠨ ᠳᠤ ᠥᠯᠥ ᠮᠡᠳᠡᠭᠳᠡᠬᠦ ᠨᠢᠭᠤᠴᠠ ᠪᠣᠯᠵᠠᠢ᠃ | | | ᠲᠤᠲᠤᠷᠭ᠎ᠠ ᠶᠢᠨ ᠬᠤᠳᠠ ᠶᠢᠨ ᠭᠤᠸ᠎ᠠ ᠰᠠᠶᠢᠬᠠᠨ ᠠᠴᠠ ᠪᠣᠯᠵᠤ᠂ ᠬᠥᠮᠥᠰ ᠬᠤᠶᠢᠨ᠎ᠠ ᠬᠤᠶᠢᠨ᠎ᠠ ᠠᠴᠠ ᠪᠠᠨ | ᠬᠦᠷᠦᠯᠴᠡᠨ ᠢᠷᠡᠵᠦ᠂ ᠮᠠᠰᠢ ᠤᠯᠠᠨ ᠨᠡᠭᠡᠭᠡᠭᠰᠡᠨ ᠵᠣᠴᠢᠳ ᠤᠨ ᠪᠠᠭᠤᠳᠠᠯ ᠳᠤ ᠬᠥᠮᠥᠰ ᠦᠢᠮᠡᠯᠳᠦᠨ ᠱᠤᠤᠭᠢᠯᠳᠤᠵᠤ᠂ | ᠲᠤᠩ ᠬᠦᠷ ᠨᠠᠷᠭᠢᠶᠠᠨ ᠨᠢ ᠬᠠᠷᠢᠨ ᠶᠡᠷᠦ ᠠᠴᠠ ᠨᠠᠮ ᠰᠡᠯᠡᠭᠦᠨ ᠨᠢᠭᠤᠴᠠᠭᠠᠢ ᠪᠠᠶᠢᠭᠰᠠᠨ ᠲᠤᠲᠤᠷᠭ᠎ᠠ ᠶᠢᠨ ᠬᠤᠳᠠ ᠶᠢ | ᠦᠢᠮᠡᠭᠦᠯᠦᠭᠡᠳ᠂ ᠨᠠᠭᠠᠰᠢ ᠴᠠᠭᠠᠰᠢ ᠶᠠᠪᠤᠵᠤ ᠪᠠᠶᠢᠭ᠎ᠠ ᠬᠥᠮᠥᠰ ᠢ ᠪᠠᠯᠠᠭ ᠠᠯᠳᠠᠨ ᠰᠢᠷᠳᠡᠵᠤ ᠰᠠᠭᠤᠪᠠ᠃ | ᠬᠥᠮᠥᠨ ᠲᠥᠷᠥᠯᠬᠢᠲᠡᠨ ᠤ ᠮᠡᠳᠡᠯᠭᠡ ᠦᠭᠡᠢ ᠨᠢ ᠪᠤᠷᠬᠠᠨ ᠰᠠᠬᠢᠭᠤᠯᠰᠤᠨ ᠢ ᠬᠢᠯᠢᠩᠨᠡᠭᠦᠯᠦᠭᠰᠡᠨ ᠠᠴᠠ | ᠪᠣᠯᠤᠭᠰᠠᠨ ᠪᠠᠶᠢᠵᠤ ᠮᠡᠳᠡᠨ᠎ᠡ᠂ 2008 ᠣᠨ ᠤ ᠨᠢᠭᠡ ᠤᠳᠠᠭᠠᠨ ᠤ ᠶᠡᠭᠡ ᠭᠠᠵᠠᠷ ᠬᠥᠳᠡᠯᠦᠯᠲᠡ ᠨᠢ ᠠᠯᠢ ᠤᠯᠠᠨ | ᠦᠵᠡᠰᠬᠦᠯᠡᠩᠲᠦ ᠰᠠᠶᠢᠬᠠᠨ ᠬᠤᠳᠠ᠂ ᠠᠯᠢ ᠤᠯᠠᠨ ᠦᠵᠡᠰᠬᠦᠯᠡᠩᠲᠦ ᠰᠠᠶᠢᠬᠠᠨ ᠣᠶᠢᠲᠤ ᠭᠠᠵᠠᠷ ᠢ ᠡᠪᠳᠡᠷᠬᠡᠢ | ᠪᠠᠭᠤᠷᠢ ᠪᠣᠯᠭᠠᠨ ᠬᠤᠪᠢᠷᠠᠭᠤᠯᠪᠠ᠂ ᠰᠧᠴᠤᠸᠠᠨ ᠤ ᠡᠮᠦᠨ᠎ᠡ ᠬᠡᠰᠡᠭ ᠲᠤ ᠪᠠᠶᠢᠭ᠎ᠠ ᠲᠤᠲᠤᠷᠭ᠎ᠠ ᠶᠢᠨ ᠬᠤᠳᠠ ᠶᠢᠨ | ᠥᠩᠭᠡ ᠦᠵᠡᠮᠵᠢ ᠬᠡᠪ ᠢᠶᠠᠷ ᠢᠶᠠᠨ ᠪᠠᠶᠢᠵᠤ ᠮᠡᠳᠡᠨ᠎ᠡ᠂ ᠭᠡᠲᠡᠯ᠎ᠡ ᠬᠡᠨ ᠲᠡᠭᠦᠨ ᠤ ᠬᠤᠪᠢ ᠵᠠᠶᠠᠭ᠎ᠠ ᠶᠢ ᠪᠠᠲᠤᠯᠠᠵᠤ | ᠴᠢᠳᠠᠬᠤ ᠪᠤᠢ︖ | | ᠲᠠᠷᠢᠮ ᠤᠨ ᠭᠤᠣᠯ | ᠬᠢᠮᠤᠷᠠᠯ ᠤᠨ ᠢᠯᠡᠳᠬᠡᠭᠴᠢ ᠲᠤᠭ᠎ᠠ᠄ ★ ★★ ★ ★ | ᠥᠩᠭᠡᠷᠡᠭᠰᠡᠨ ᠳᠤ ᠲᠠᠷᠢᠮ ᠤᠨ ᠭᠤᠣᠯ ᠴᠤ ᠤᠰᠤᠨ ᠳᠤ ᠮᠡᠯᠮᠡᠯᠵᠡᠨ᠂ ᠶᠠᠩᠵᠤ ᠪᠦᠷᠢ ᠶᠢᠨ ᠳᠦᠷᠢ | ᠪᠠᠶᠢᠳᠠᠯ ᠲᠠᠢ ᠪᠠᠶᠢᠪᠠ᠃ | ᠬᠤᠶᠠᠷ ᠬᠥᠪᠡᠭᠡᠨ ᠤ ᠲᠣᠣᠷᠠᠢ ᠶᠢᠨ ᠣᠢ ᠨᠠᠷᠠ ᠶᠢ ᠪᠦᠷᠬᠦᠵᠦ᠂ ᠨᠠᠪᠴᠢ ᠪᠣᠯᠭᠠᠨ ᠳᠤ ᠨᠡᠷᠡᠨ ᠬᠤᠸᠠᠷ ᠮᠡᠲᠦ | ᠳᠤᠯᠠᠭᠠᠬᠠᠨ ᠪᠠᠶᠢᠵᠤ᠂ ᠰᠠᠯᠠᠭ᠎ᠠ ᠨᠠᠮᠠᠭ᠎ᠠ ᠪᠣᠯᠭᠠᠨ ᠳᠤ ᠰᠢᠵᠢᠷ ᠠᠯᠲᠠ ᠮᠡᠲᠦ ᠭᠡᠷᠡᠯ ᠰᠠᠴᠤᠷᠠᠵᠤ᠂ ᠵᠦᠢᠷᠯᠡᠰᠢ ᠦᠭᠡᠢ | ᠠᠯᠲᠠᠨ ᠰᠢᠷᠭᠠᠯ ᠥᠩᠭᠡ ᠳᠤ ᠵᠡᠷᠯᠢᠭ ᠴᠢᠨᠠᠷ ᠪᠢᠯᠬᠠᠵᠤ᠂ ᠬᠥᠮᠥᠰ ᠢ ᠰᠣᠴᠢᠭᠠᠨ᠎ᠠ᠃ | | ᠵᠠᠭᠤ ᠮᠢᠩᠭᠠᠨ ᠵᠢᠯ ᠤᠨ ᠲᠤᠷᠰᠢ ᠬᠥᠮᠥᠰ ᠤᠨ ᠲᠠᠰᠤᠷᠠᠰᠢ ᠦᠭᠡᠢ ᠠᠲᠠᠷ ᠬᠠᠭᠠᠯᠪᠤᠷᠢᠯᠠᠬᠤ᠂ ᠳᠠᠶᠢᠨ | ᠪᠠᠶᠢᠯᠳᠤᠭᠠᠨ ᠳᠤ ᠣᠷᠣᠯᠴᠠᠬᠤ ᠶᠢ ᠳᠠᠭᠠᠯᠳᠤᠨ᠂ ᠲᠣᠣᠷᠠᠢ ᠶᠢᠨ ᠣᠶ ᠨᠢ 3000 ᠵᠢᠯ ᠤᠨ ᠥᠨᠥᠴᠢᠨ ᠯᠠᠮᠠ ᠮᠡᠲᠦ | ᠠᠮᠢ ᠨᠠᠰᠤᠨ ᠤ ᠣᠷᠴᠢᠯ ᠢ ᠴᠤ ᠪᠡᠶᠡᠯᠡᠭᠦᠯᠵᠦ ᠠᠮᠵᠢᠭ᠎ᠠ ᠦᠭᠡᠢ ᠪᠠᠷ ᠬᠤᠪᠠᠭ᠋ᠠᠶᠢᠷᠠᠨ ᠦᠬᠦᠯ᠎ᠡ᠃ | ᠥᠨᠥᠳᠥᠷ ᠤᠨ ᠲᠠᠷᠢᠮ ᠤᠨ ᠭᠤᠣᠯ ᠨᠢ ᠵᠣᠪᠠᠨᠢᠯ ᠤᠨ ᠳᠤᠮᠳᠠ ᠪᠦᠷᠬᠦᠭᠳᠡᠵᠦ᠂ ᠳᠣᠣᠷᠠᠳᠤ ᠤᠷᠤᠰᠬᠠᠯ ᠤᠨ | ᠤᠷᠤᠰᠬᠠᠯ ᠲᠠᠰᠤᠷᠠᠭᠰᠠᠨ ᠣᠷᠳᠣ ᠨᠢ 320 ᠺᠢᠯᠣᠮᠧᠲᠷ ᠪᠠᠶᠢᠵᠤ᠂ ᠨᠠᠷᠠᠲᠠᠢ ᠯᠣᠪ ᠨᠠᠭᠤᠷ᠂ ᠲᠠᠶᠢᠲᠮᠨ ᠨᠠᠭᠤᠷ | ᠵᠠᠯᠭᠠᠭ᠎ᠠ ᠪᠠᠷ ᠬᠠᠳᠠᠵᠤ ᠰᠢᠷᠭᠢᠪᠡ ᠁ | ᠲᠠᠷᠢᠮ ᠤᠨ ᠭᠤᠣᠯ᠂ ᠡᠨᠡ ᠬᠦ ᠮᠢᠩᠭᠠᠨ ᠵᠢᠯ ᠢ ᠲᠤᠭᠤᠯᠤᠭᠰᠠᠨ ᠨᠢᠯᠪᠤᠰᠤ᠂ ᠪᠢᠳᠡ ᠣᠳᠣ ᠪᠦᠬᠦ ᠬᠦᠴᠦ ᠪᠠᠨ | ᠰᠢᠪᠬᠠᠵᠤ ᠪᠠᠶᠢᠭᠠᠳ ᠲᠡᠭᠦᠨ ᠤ ᠤᠨᠠᠬᠤ ᠶᠢ ᠬᠤᠷᠢᠭᠯᠠᠵᠤ ᠳᠡᠶᠢᠯᠦᠨ᠎ᠡ ᠦᠦ ᠦᠭᠡᠢ ᠦᠦ︖ | | ᠠᠪᠠ ᠥᠨᠳᠦᠷᠯᠢᠭ | ᠬᠢᠮᠤᠷᠠᠯ ᠤᠨ ᠢᠯᠡᠳᠬᠡᠭᠴᠢ ᠲᠤᠭ᠎ᠠ᠄ ★ ★ ★★ ★ | ᠳᠠᠯᠠᠶ ᠶᠢᠨ ᠲᠦᠪᠰᠢᠨ ᠠᠴᠠ 3000 ᠭᠠᠷᠤᠢ ᠮᠧᠲᠷ ᠡᠷᠭᠦᠭᠳᠡᠭᠰᠡᠨ ᠥᠨᠳᠦᠷᠯᠢᠭ ᠳᠡᠭᠡᠷ᠎ᠡ᠂ ᠳᠣᠯᠭᠢᠶᠠᠯᠠᠨ | ᠳᠣᠯᠭᠢᠶᠠᠯᠠᠭᠰᠠᠨ ᠭᠤᠣᠯ ᠤᠨ ᠤᠰᠤ ᠮᠤᠷᠤᠢ ᠰᠠᠷᠤᠢ ᠤᠷᠤᠰᠴᠤ᠂ ᠴᠠᠰᠤᠲᠤ ᠠᠭᠤᠯᠠ ᠰᠡᠬᠦᠶᠢᠨ ᠰᠦᠨᠳᠡᠷᠯᠡᠵᠦ᠂ | ᠮᠠᠯ ᠤᠨ ᠳᠠᠭᠤᠤ ᠤᠶᠠᠩᠭᠠᠯᠠᠨ᠂ ᠵᠡᠷᠯᠢᠭ ᠰᠠᠷᠯᠤᠭ᠂ ᠲᠥᠪᠡᠳ ᠪᠥᠬᠦᠩ᠂ ᠵᠡᠷᠯᠢᠭ ᠡᠯᠵᠢᠭᠡ ᠵᠡᠷᠭᠡ ᠲᠠᠯ᠎ᠠ | ᠨᠤᠲᠤᠭ ᠤᠨ ᠠᠷᠢᠭᠤᠨ ᠰᠦᠨᠡᠰᠦ ᠬᠥᠮᠥᠰ ᠤᠨ ᠬᠠᠷᠠᠭᠠᠨ ᠳᠤ ᠪᠦᠷᠦᠭ ᠪᠠᠷᠤᠭ ᠬᠠᠷᠠᠭᠳᠠᠨ᠎ᠠ᠃ | ᠲᠥᠪᠡᠳᠴᠦᠳ ᠤᠨ ᠦᠶ᠎ᠡ ᠶᠢᠨ ᠦᠶ᠎ᠡ ᠳᠡᠭᠡᠨ ᠡᠬᠡ ᠪᠠᠶᠢᠭᠠᠯᠢ ᠳᠤ ᠦᠨᠡᠨᠴᠢ ᠰᠢᠳᠤᠷᠭᠤ ᠳᠠᠷᠤᠤ | ᠬᠥᠩᠭᠡᠮᠰᠦᠭ ᠪᠠᠶᠢᠭᠰᠠᠨ ᠤ ᠠᠴᠢ ᠪᠠᠷ᠂ ᠡᠨᠡ ᠬᠦ ᠶᠢᠷᠲᠢᠨᠴᠦ ᠶᠢᠨ ᠭᠠᠳᠠᠨᠠᠬᠢ ᠲᠤᠭᠤᠷ ᠤᠨ ᠬᠦᠷᠢᠶᠡᠯᠡᠩ ᠨᠢ ᠣᠨ | ᠰᠠᠷ᠎ᠠ ᠶᠢᠨ ᠰᠢᠯᠭᠠᠯᠲᠠ ᠶᠢ ᠳᠠᠭᠠᠭᠠᠵᠤ᠂ ᠠᠵᠠ ᠵᠠᠪᠰᠢᠶᠠᠨ ᠢᠶᠠᠷ ᠬᠠᠳᠠᠭᠠᠯᠠᠭᠳᠠᠵᠠᠢ᠃ | | ᠭᠡᠲᠡᠯ᠎ᠡ ᠥᠨᠥᠳᠥᠷ ᠤᠨ ᠠᠪᠠ ᠳᠤ ᠭᠠᠵᠠᠷ ᠪᠣᠯᠭᠠᠨ ᠳᠤ ᠤᠳᠤ ᠦᠶ᠎ᠡ ᠶᠢᠨ ᠪᠣᠯᠪᠠᠰᠤᠨ ᠤ ᠤᠯᠠ ᠮᠥᠷ | ᠳᠦᠭᠦᠷᠴᠦ᠂ ᠪᠣᠯᠣᠳ ᠰᠢᠷᠪᠦᠰᠦᠲᠦ ᠱᠦᠢᠨᠢ ᠨᠢ ᠤᠢ ᠶᠢᠨ ᠬᠤᠭᠤᠷᠣᠨᠳᠣᠬᠢ ᠡᠷᠲᠡᠨ ᠤ ᠴᠢᠶᠠᠩ ᠦᠨᠳᠦᠰᠦᠲᠡᠨ ᠤ | ᠠᠷᠠᠳ ᠤᠨ ᠣᠷᠣᠨ ᠰᠠᠭᠤᠴᠠ ᠶᠢ ᠣᠷᠣᠯᠠᠵᠤ᠂ ᠡᠯ᠎ᠡ ᠵᠦᠢᠯ ᠤᠨ ᠵᠤᠭᠠᠴᠠᠯ ᠤᠨ ᠤᠬᠠᠭᠤᠯᠭ᠎ᠠ ᠶᠢᠨ ᠭᠠᠷ | ᠠᠪᠤᠯᠭ᠎ᠠ ᠶᠢᠨ ᠳᠡᠪᠲᠡᠷ ᠨᠢ ᠬᠥᠮᠥᠰ ᠤᠨ ᠠᠩᠬᠠᠷᠤᠯ ᠢ ᠲᠠᠲᠠᠵᠤ᠂ ᠠ ᠪᠠ ᠶᠢ ᠳᠡᠯᠡᠬᠡᠢ ᠠᠴᠠ ᠤᠯᠠᠮ ᠣᠶᠢᠷᠠᠬᠠᠨ | ᠪᠣᠯᠭᠠᠪᠠ᠃ | ᠮᠠᠰᠢ ᠣᠯᠠᠨ ᠭᠠᠵᠠᠷ ᠤᠨ ᠲᠠᠯ᠎ᠠ ᠨᠤᠲᠤᠭ ᠤᠯᠠᠮ ᠠᠴᠠ ᠤᠯᠠᠮ ᠨᠢᠮᠭᠡᠷᠡᠵᠦ᠂ ᠬᠠᠯᠴᠠᠭᠠᠢ ᠡᠯᠡᠰᠦᠷᠬᠡᠭ | ᠭᠠᠵᠠᠷ ᠨᠢ ᠦᠵᠡᠬᠦ ᠳᠤ ᠮᠠᠭᠤᠬᠠᠢ ᠰᠣᠷᠪᠢ ᠰᠢᠭ ᠠᠭᠠᠵᠢᠮ ᠢᠶᠠᠷ ᠥᠷᠭᠡᠵᠢᠨ ᠳᠡᠯᠭᠡᠷᠡᠵᠦ᠂ ᠣᠶ ᠰᠢᠭᠤᠢ ᠳᠤ | ᠨᠠᠭᠠᠳᠤᠨ ᠬᠥᠭᠡᠭᠡᠭᠳᠡᠵᠦ ᠪᠠᠶᠢᠭᠰᠠᠨ ᠠᠮᠢᠲᠠᠳ ᠨᠢ ᠴᠦ ᠣᠶ ᠴᠡᠭᠡᠵᠢᠨ ᠳᠠᠬᠢ ᠵᠢᠷᠤᠭ ᠪᠣᠯᠤᠭᠰᠠᠨ ᠪᠠᠶᠢᠨ᠎ᠠ᠃ | | ᠬᠥᠮᠥᠨ ᠤ ᠣᠷᠴᠢᠯᠠᠩ ᠤᠨ ᠡᠳᠡᠭᠡᠷ ᠳ᠋ᠧᠪᠡᠵᠡᠨ ᠤ ᠣᠷᠣᠨ ᠠᠷᠢᠯᠤᠭᠰᠠᠨ ᠨᠢ ᠡᠰᠡᠷᠭᠦᠴᠡᠵᠦ ᠪᠣᠯᠣᠰᠢ | ᠦᠭᠡᠢ ᠪᠠᠶᠢᠭᠠᠯᠢ ᠶᠢᠨ ᠬᠦᠴᠦᠨ ᠵᠦᠢᠯ ᠲᠠᠢ ᠭᠡᠳᠡᠭ ᠢ ᠦᠭᠡᠶᠢᠰᠬᠡᠵᠦ ᠪᠣᠯᠬᠤ ᠦᠭᠡᠢ᠂ ᠭᠡᠪᠡᠴᠦ ᠬᠥᠮᠥᠨ | ᠲᠥᠷᠥᠯᠬᠢᠲᠡᠨ ᠤ ᠠᠵᠢᠯᠯᠠᠭ᠎ᠠ ᠠᠴᠠ ᠲᠡᠳᠡᠨ ᠳᠤ ᠤᠴᠠᠷᠠᠭᠤᠯᠤᠭᠰᠠᠨ ᠬᠤᠣᠷ ᠬᠥᠨᠥᠭᠡᠯ ᠠᠴᠠ ᠨᠡᠩ ᠤᠯᠠᠨ | ᠪᠣᠯᠤᠭᠰᠠᠨ ᠶᠤᠮ᠃ | ᠬᠡᠳᠦᠨ ᠵᠢᠯ ᠤᠨ ᠳᠠᠷᠠᠭ᠎ᠠ᠂ ᠠᠷᠢᠭᠤᠨ ᠳᠠᠷᠬᠠᠨ ᠴᠠᠰᠤᠲᠤ ᠠᠭᠤᠯᠠ ᠪᠠᠰᠠ ᠪᠠᠶᠢᠭᠰᠠᠭᠠᠷ ᠪᠠᠶᠢᠵᠤ ᠮᠡᠳᠡᠨ᠎ᠡ | ᠂ ᠭᠡᠪᠡᠴᠦ ᠬᠥᠬᠡᠮᠳᠦᠭ ᠨᠣᠭᠤᠭᠠᠨ ᠲᠠᠯ᠎ᠠ ᠶᠢᠨ ᠪᠦᠰᠡᠯᠡᠯᠲᠡ ᠶᠢᠨ ᠳᠤᠮᠳᠠ ᠪᠢᠰᠢ᠂ ᠮᠢᠩᠭᠠᠨ ᠵᠢᠯ ᠢ ᠲᠤᠭᠤᠯᠤᠭᠰᠠᠨ | ᠡᠷᠲᠡᠨ ᠤ ᠪᠠᠭᠤᠷᠢ ᠪᠠᠰᠠ ᠪᠠᠶᠢᠭᠰᠠᠭᠠᠷ᠂ ᠭᠡᠪᠡᠴᠦ ᠪᠥᠬᠦ ᠪᠡᠶ᠎ᠡ ᠶᠢᠨ ᠰᠢᠷᠬ᠎ᠠ ᠰᠣᠷᠪᠢ ᠲᠠᠢ ᠪᠠᠶᠢᠵᠤ ᠮᠡᠳᠡᠨ᠎ᠡ᠂ ᠲᠡᠷᠡ | ᠦᠶ᠎ᠡ ᠳᠤ᠂ ᠮᠠᠨ ᠤ ᠦᠷ᠎ᠡ ᠠᠴᠢ ᠨᠠᠷ ᠵᠥᠪᠬᠡᠨ ᠬᠡᠷᠡᠯ ᠵᠢᠷᠤᠭ ᠤᠨ ᠳᠣᠲᠣᠷ᠎ᠠ ᠠᠴᠠ ᠲᠡᠳᠡᠨ ᠤ ᠭᠤᠸ᠎ᠠ | ᠰᠠᠶᠢᠬᠠᠨ ᠢ ᠰᠡᠷᠡᠵᠦ ᠮᠡᠳᠡᠬᠦ ᠯᠡ ᠬᠡᠷᠡᠭ ᠪᠣᠯᠵᠠᠢ᠃ | ᠰᠠᠶᠢᠬᠠᠨ ᠦᠵᠡᠮᠵᠢ ᠬᠥᠮᠥᠨ ᠢ ᠬᠦᠯᠢᠶᠡᠬᠦ ᠦᠭᠡᠢ᠂ ᠨᠢᠭᠡ ᠴᠠᠭ ᠤᠨ ᠠᠯᠳᠠᠭᠳᠠᠯ ᠢ ᠨᠢᠭᠡ ᠨᠠᠰᠤᠨ ᠤ ᠪᠠᠨ | ᠬᠠᠷᠠᠮᠰᠠᠯ ᠪᠣᠯᠭᠠᠵᠤ ᠪᠣᠯᠬᠤ ᠦᠭᠡᠢ᠂ ᠭᠡᠪᠡᠴᠦ ᠪᠠᠰᠠ ᠨᠢᠭᠡ ᠴᠠᠭ ᠤᠨ ᠬᠥᠭᠵᠢᠯᠲᠡ ᠳᠤ ᠣᠷᠣᠭᠤᠯᠵᠤ ᠪᠣᠯᠬᠤ ᠦᠭᠡᠢ᠂ | ᠡᠳᠡᠭᠡᠷ ᠰᠠᠶᠢᠬᠠᠨ ᠦᠵᠡᠮᠵᠢ ᠳᠤ ᠨᠥᠬᠦᠪᠦᠷᠢᠯᠡᠬᠦ ᠶᠢᠨ ᠠᠷᠭ᠎ᠠ ᠦᠭᠡᠢ ᠬᠤᠣᠷ ᠬᠥᠨᠥᠭᠡᠯ ᠠᠪᠴᠢᠷᠠᠵᠤ ᠥᠭᠭᠦᠨ᠎ᠡ᠃ | | | | | | | | | | | | | | | | |