ᠤᠷᠲᠤ ᠶᠢᠨ ᠳᠠᠭᠤᠤ ᠤᠶᠠᠩᠭᠠᠷᠠᠬᠤ ᠭᠱᠠᠨ
ᠨᠡᠶᠢᠲᠡᠯᠡᠭᠰᠡᠨ ᠴᠠᠭ᠄
2024/3/12
ᠢᠯᠳᠠᠮᠬᠠᠨ ᠴᠠᠭᠠᠨ ᠬᠤᠷᠤᠭᠤᠨ ᠠᠴᠠ ᠤᠨᠳᠤᠷᠬᠤᠶᠠᠲᠤᠭ᠎ᠠ ᠶᠢᠨ ᠡᠭᠡᠰᠢᠭ ᠲᠠᠢ ᠪᠤᠭᠤᠷᠤᠯ ᠲᠠᠯ᠎ᠠ ᠶᠠᠳᠠᠬᠤ ᠶᠢᠨ ᠴᠠᠭ ᠲᠤ ᠴᠤ ᠲᠠᠰᠢᠭᠤᠷ ᠢᠶᠠᠨ ᠲᠤᠯᠤᠭ᠎ᠠ ᠦᠭᠡᠢᠶᠠᠰᠤ ᠬᠠᠲᠠᠭᠤ ᠶᠡᠬᠡᠰ ᠳᠡᠭᠡᠳᠦᠰ ᠲᠠᠨ᠎ᠠ᠄ᠤᠷᠲᠤ ᠶᠢᠨ ᠳᠠᠭᠤᠤ ᠤᠶᠠᠩᠭᠠᠷᠠᠬᠤ ᠭᠱᠠᠨᠤᠷᠢ ᠨᠠᠭᠠᠰᠢᠯᠠᠵᠤ ᠡᠳᠦᠷ ᠲᠡᠯᠡᠷᠡᠨ᠎ᠡᠤᠨᠠᠭ᠎ᠠ ᠲᠡᠩᠴᠡᠯᠳᠦᠵᠦ ᠵᠡᠷᠭᠡᠯᠭᠡᠨ ᠨᠠᠮᠢᠷᠠᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠠᠭᠤᠯᠠ ᠬᠥᠪᠴᠢ ᠶᠢᠨ ᠪᠤᠭᠤ ᠤᠷᠤᠮᠳᠠᠨ᠎ᠠᠤᠰᠤᠨ ᠤ ᠥᠨᠳᠥᠷ ᠠᠴᠠ ᠠᠩᠭᠢᠷ ᠭᠤᠩᠭᠠᠨᠠᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠡᠭᠦᠯᠡ ᠥᠩᠭᠡᠷᠡᠵᠦ ᠮᠠᠨᠠᠨ ᠲᠤᠨᠤᠨ᠎ᠠᠡᠭᠦᠳᠡᠨ ᠬᠥᠲᠥᠯ ᠢᠶᠠᠷ ᠨᠠᠷᠠ ᠳᠤᠯᠠᠶᠢᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠤᠢ ᠲᠠᠶᠢᠭ᠎ᠠ ᠶᠢᠨ ᠬᠥᠬᠦᠭᠡ ᠳᠣᠩᠭᠤᠳᠤᠨ᠎ᠠᠤᠯᠠᠨ ᠬᠡᠯᠡ ᠲᠠᠢ ᠰᠢᠪᠠᠭᠤᠳ ᠱᠣᠭᠰᠢᠷᠠᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠤᠨᠠᠭᠰᠠᠨ ᠬᠦᠯᠦᠭ ᠰᠠᠶᠢᠪᠤᠷᠢ ᠨᠡᠮᠡᠵᠦ ᠳᠣᠮᠪᠣᠯᠵᠠᠨ᠎ᠠᠤᠷᠭ᠎ᠠ ᠶᠢᠨ ᠴᠡᠭᠡᠵᠢ ᠠᠶᠢᠵᠠᠮ ᠴᠣᠬᠢᠵᠤ ᠨᠠᠬᠢᠯᠵᠠᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠰᠦᠷᠦᠭ ᠤᠨ ᠵᠠᠬ᠎ᠠ ᠪᠠᠷ ᠪᠥᠵᠥᠩ ᠲᠠᠤᠯᠠᠢ ᠲᠣᠩᠭᠤᠯᠵᠠᠨ᠎ᠠᠰᠡᠭᠦᠯᠲᠦ ᠶᠢᠨ ᠵᠡᠭᠡᠷ᠎ᠡ ᠲᠠᠭᠰᠢᠬᠤ ᠪᠠᠨ ᠤᠮᠠᠷᠲᠠᠵᠤ ᠴᠢᠩᠨᠠᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠭᠤᠣᠯ ᠭᠤᠷᠤᠬ᠎ᠠ ᠬᠥᠭ ᠨᠡᠶᠢᠯᠡᠭᠦᠯᠵᠦ ᠬᠤᠷᠴᠢᠭᠢᠨᠠᠨ᠎ᠠᠭᠤᠪᠢ ᠬᠠᠩᠭᠠᠢ ᠴᠡᠴᠡᠭ ᠢᠶᠠᠨ ᠪᠠᠷᠢᠵᠤ ᠪᠡᠶᠡᠯᠡᠨ᠎ᠡᠤᠷᠲᠤ ᠶᠢᠨ ᠳᠠᠭᠤᠤ ᠤᠶᠠᠩᠭᠠᠷᠠᠬᠤ ᠭᠱᠠᠨᠪᠦᠯᠢᠭᠡᠳ ᠣᠷᠬᠢᠭᠰᠠᠨ ᠠᠶᠢᠷᠠᠭ ᠥᠯᠢᠭᠡ ᠪᠠᠨ ᠳᠠᠪᠠᠵᠤ ᠰᠠᠬᠠᠷᠠᠨ᠎ᠠᠪᠦᠷᠬᠦᠭᠡᠷ ᠤᠨ ᠪᠣᠷᠣ ᠠᠷᠠᠵᠠ ᠳᠡᠭᠦᠵᠢᠩ ᠲᠣᠰᠬᠤ ᠳᠤ ᠬᠠᠩᠬᠤᠯᠤᠨ᠎ᠠᠤᠷᠲᠤ ᠶᠢᠨ ᠳᠠᠭᠤᠤ ᠤᠶᠠᠩᠭᠠᠷᠠᠬᠤ ᠭᠱᠠᠨᠠᠷᠭᠠᠯ ᠤᠨ ᠴᠡᠩᠬᠡᠷ ᠤᠲᠤᠭ᠎ᠠ ᠭᠡᠷ ᠤᠨ ᠲᠣᠭᠤᠨᠣ ᠪᠠᠷ ᠰᠤᠪᠤᠨ᠎ᠠᠠᠷᠠᠳ ᠤᠨ ᠰᠠᠶᠢᠬᠠᠨ ᠡᠭᠡᠰᠢᠭ ᠰᠣᠨᠣᠷ ᠲᠡᠯᠡᠵᠦ ᠰᠢᠷᠤᠩᠬᠠᠶᠢᠯᠠᠨ᠎ᠠ ᠁ᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠤᠰᠤ ᠤᠰᠤᠨ ᠤ ᠭᠡᠭᠡᠨ ᠮᠠᠨᠳᠠᠯ ᠳᠤ ᠴᠠᠭᠠᠨ ᠱᠦᠩ ᠲᠠᠲᠠᠨ᠎ᠠᠤᠯᠠᠭᠠᠨ ᠵᠢᠩᠰᠡ ᠲᠠᠢ ᠨᠤᠲᠤᠭ ᠤᠨ ᠠᠭᠤᠯᠠᠨ᠎ᠠ ᠠᠯ ᠰᠡᠭᠦᠯ ᠬᠠᠯᠢᠨ᠎ᠠᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠤᠲᠤᠭᠠᠨ ᠳᠤ ᠬᠠᠭᠰᠠᠭᠰᠠᠨ ᠴᠣᠨᠵᠢ ᠶᠢᠨ ᠳᠣᠷᠣ ᠠᠴᠠ ᠬᠠᠷᠠᠩᠭ᠎ᠠ ᠬᠠᠩᠭᠢᠨᠠᠨ᠎ᠠᠤᠤᠬᠠᠢ ᠰᠢᠩᠭᠡᠭᠰᠡᠨ ᠣᠨ ᠵᠢᠯ ᠤᠨ ᠲᠣᠭᠤᠰᠣᠨ᠎ᠠ ᠴᠠᠬᠢᠭᠤᠷ ᠴᠠᠬᠢᠨ᠎ᠠᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠲᠠᠪᠤᠨ ᠵᠢᠩ ᠤᠨ ᠦᠦᠷ ᠢᠶᠠᠷ ᠴᠠᠩ ᠲᠠᠢ ᠳᠥᠷᠥᠭᠡ ᠬᠠᠷᠭᠢᠨ᠎ᠠᠲᠠᠪᠠᠭ ᠨᠢ ᠲᠠᠰᠤᠷᠬᠠᠢ ᠴᠢᠨ᠋ᠸ᠎ᠠ ᠰᠠᠯᠬᠢ ᠰᠢᠩᠰᠢᠯᠡᠨ ᠤᠯᠢᠨ᠎ᠠᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠡᠷᠲᠡ ᠪᠠᠯᠠᠷ ᠤᠨ ᠤᠤᠭᠠᠨ ᠠᠶᠠᠯᠭᠤ ᠶᠢᠷᠲᠢᠨᠴᠦᠰ ᠤᠨ ᠲᠤᠶᠢᠯ ᠳᠤ ᠠᠨᠢᠷᠲᠤᠨ᠎ᠠᠡᠴᠢᠨ᠎ᠡ ᠭᠦᠨ ᠬᠤᠯᠠᠬᠢ ᠴᠢᠨᠠᠳᠤ ᠠᠴᠠ ᠤᠭᠤᠷᠠᠭ ᠰᠢᠷ᠎ᠠ ᠭᠡᠭᠡ ᠲᠡᠮᠲᠡᠷᠢᠭᠳᠡᠨ᠎ᠡᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠣᠳᠣᠲᠤ ᠲᠡᠭᠷᠢ ᠣᠷᠴᠢᠬᠤ ᠣᠷᠴᠢᠯᠠᠩ ᠤᠨ ᠲᠡᠩᠭᠡᠯᠢᠭ ᠳᠡᠪᠬᠡᠭᠳᠡᠨ᠎ᠡᠣᠯᠬᠤ ᠠᠯᠳᠠᠬᠤ ᠶᠢᠨ ᠲᠣᠪᠬᠢᠭ᠎ᠠ ᠣᠳᠣ ᠯᠡ ᠨᠢᠭᠡ ᠬᠠᠨᠵᠠᠷᠠᠨ᠎ᠠᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠤᠷᠤᠭ ᠤᠨ ᠴᠡᠩᠬᠡᠷ ᠬᠠᠳᠠᠭ ᠳᠡᠭᠡᠷ᠎ᠡ ᠥᠨᠳᠡᠭᠡᠨ ᠰᠦᠢ ᠲᠣᠭᠲᠠᠨ᠎ᠠᠤᠲᠤᠭᠠᠨ ᠳᠤ ᠰᠢᠷᠠᠯᠠᠭᠰᠠᠨ ᠡᠷᠦᠬᠡᠨ ᠤ ᠣᠭᠤᠰᠣᠷ ᠢ ᠰᠢᠨ᠎ᠡ ᠬᠥᠮᠥᠨ ᠳᠠᠯᠠᠯᠤᠨ᠎ᠠᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠬᠠᠨ᠎ᠠ ᠶᠢᠨ ᠲᠣᠯᠣᠭᠠᠢ ᠶᠢᠨ ᠨᠠᠷᠠᠨ ᠳᠤ ᠬᠠᠵᠠᠭᠠᠷ ᠤᠨ ᠲᠣᠪᠣᠷᠤᠤ ᠭᠢᠯᠠᠯᠵᠠᠨ᠎ᠠᠬᠠᠨᠴᠤᠢ ᠪᠠᠨ ᠰᠤᠭᠤᠯᠳᠤᠷᠭᠠᠯᠠᠭᠰᠠᠨ ᠡᠷ᠎ᠡ ᠭᠡᠷ ᠤᠨ ᠬᠤᠶᠢᠮᠤᠷ ᠠᠴᠠ ᠬᠥᠭᠡᠮᠡᠶᠢᠯᠡᠨ᠎ᠡᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠢᠰᠡᠭᠡᠢ ᠮᠠᠨᠴᠤᠢ ᠳᠤ ᠳᠤᠭᠵᠢᠷᠠᠬᠤ ᠲᠠᠪᠠᠭ ᠭᠡᠵᠢᠭᠡ ᠲᠠᠢ ᠵᠤᠯᠠᠢ ᠳᠡᠭᠡᠷ᠎ᠡᠡᠷᠭᠢᠯᠳᠦᠵᠦ ᠪᠤᠢ ᠠᠯᠲᠠᠨ ᠲᠢᠲᠢᠮ ᠡᠵᠡᠨ ᠢᠶᠠᠨ ᠣᠯᠵᠤ ᠭᠡᠷᠡᠯᠲᠦᠨ᠎ᠡᠤᠷᠲᠤ ᠶᠢᠨ ᠳᠠᠭᠤᠤ ᠰᠢᠷᠤᠩᠬᠠᠶᠢᠯᠠᠬᠤ ᠭᠱᠠᠨᠠᠷᠪᠠᠨ ᠰᠠᠷ᠎ᠠ ᠶᠢᠨ ᠤᠶᠠᠩᠭ᠎ᠠ ᠠᠶᠠᠭ᠎ᠠ ᠡᠭᠰᠢᠶᠡᠬᠦ ᠦᠭᠡᠢ ᠴᠠᠯᠭᠢᠨ᠎ᠠᠠᠷᠠᠳ ᠤᠨ ᠰᠠᠶᠢᠬᠠᠨ ᠡᠭᠡᠰᠢᠭ ᠬᠠᠶᠠᠭ᠎ᠠ ᠲᠡᠯᠡᠵᠦ ᠰᠢᠪᠲᠤᠷᠠᠨ᠎ᠠ ᠁ᠤᠷᠲᠤ ᠶᠢᠨ ᠳᠠᠭᠤᠤ ᠰᠢᠪᠲᠤᠷᠠᠬᠤ ᠭᠱᠠᠨᠬᠤᠷᠯᠣ ᠡᠷᠭᠢᠭᠰᠡᠨ ᠨᠠᠷᠠ ᠲᠣᠭᠤᠨᠣ ᠳᠡᠭᠡᠷ᠎ᠡ ᠴᠡᠯᠮᠡᠶᠢᠨ᠎ᠡᠬᠤᠯᠠ ᠡᠴᠢᠭᠰᠡᠨ ᠯᠤᠤᠭᠠᠷ ᠤᠨ ᠠᠶᠠᠨ ᠤ ᠵᠢᠯᠣᠭᠤ ᠡᠷᠭᠢᠨ᠎ᠡᠤᠷᠲᠤ ᠶᠢᠨ ᠳᠠᠭᠤᠤ ᠰᠢᠪᠲᠤᠷᠠᠬᠤ ᠭᠱᠠᠨᠬᠠᠯᠲᠠᠷ ᠮᠠᠶᠢᠬᠠᠨ ᠤ ᠵᠥᠷᠢᠯᠭᠡ ᠰᠡᠬᠦᠵᠦ ᠭᠠᠯ ᠤᠨ ᠠᠬ᠎ᠠ ᠰᠤᠨᠢᠶᠠᠨ᠎ᠠᠬᠠᠰ ᠰᠢᠯᠪᠢ ᠲᠠᠢ ᠮᠥᠩᠭᠦᠨ ᠭᠠᠩᠰᠠᠨ ᠳᠤ ᠳ᠋ᠦᠩᠰᠡ ᠪᠣᠭᠰᠢᠨ᠎ᠠᠤᠷᠲᠤ ᠶᠢᠨ ᠳᠠᠭᠤᠤ ᠰᠢᠪᠲᠤᠷᠠᠬᠤ ᠭᠱᠠᠨᠬᠤᠮ ᠲᠠᠢ ᠠᠳᠠᠨ ᠤ ᠪᠤᠷᠠᠨᠲᠠᠭ ᠰᠢᠭᠦᠷᠴᠦ ᠵᠣᠭᠳᠣᠷ ᠬᠥᠳᠡᠯᠭᠡᠨ᠎ᠡᠬᠤᠯᠠ ᠶᠢᠨ ᠵᠡᠷᠭᠡᠯᠭᠡᠨ ᠢᠷᠠᠭᠳᠠᠵᠤ ᠨᠤᠲᠤᠭ ᠤᠨ ᠪᠠᠷ᠎ᠠ ᠬᠠᠷᠠᠭᠳᠠᠨ᠎ᠠᠤᠷᠲᠤ ᠶᠢᠨ ᠳᠠᠭᠤᠤ ᠰᠢᠪᠲᠤᠷᠠᠬᠤ ᠭᠱᠠᠨ ᠪ᠊‍ᠤᠷ ᠪᠤᠷ ᠪᠣᠷᠣᠭᠠᠨ ᠰᠢᠪᠡᠷᠡᠵᠦ ᠠᠭᠰᠠᠨ ᠢᠶᠠᠨ ᠵᠣᠭᠰᠣᠨ᠎ᠠᠪᠣᠷᠣ ᠪᠣᠯᠵᠣᠮᠣᠷ ᠤᠨ ᠰᠡᠭᠦᠳᠡᠷ ᠭᠡᠷ ᠤᠨ ᠬᠠᠭᠠᠯᠭ᠎ᠠ ᠪᠠᠷ ᠳᠤᠰᠤᠨ᠎ᠠᠤᠷᠲᠤ ᠶᠢᠨ ᠳᠠᠭᠤᠤ ᠰᠢᠪᠲᠤᠷᠠᠬᠤ ᠭᠱᠠᠨᠥᠩᠭᠡ ᠨᠣᠭᠤᠭᠠᠨ ᠳᠡᠨᠵᠢᠨ ᠳᠤ ᠵᠦᠢᠯ ᠤᠨ ᠴᠡᠴᠡᠭᠡᠰ ᠮᠢᠷᠠᠯᠵᠠᠨ᠎ᠠᠥᠷᠯᠥᠭᠡ ᠦᠳᠡᠰᠢ ᠶᠢᠨ ᠰᠠᠯᠬᠢᠨ ᠠᠴᠠ ᠠᠭᠢ ᠶᠢᠨ ᠠᠭᠠᠭ ᠠᠮᠲᠠᠭᠳᠠᠨ᠎ᠠᠤᠷᠲᠤ ᠶᠢᠨ ᠳᠠᠭᠤᠤ ᠰᠢᠪᠲᠤᠷᠠᠬᠤ ᠭᠱᠠᠨᠥᠷᠭᠡᠨ ᠴᠡᠭᠡᠵᠢ ᠲᠠᠢ ᠳᠡᠪᠡᠯ ᠤᠨ ᠲᠣᠷᠭᠠᠨ ᠪᠦᠰᠡ ᠠᠭᠰᠠᠨ᠎ᠠᠥᠭᠡᠳᠡᠩ ᠬᠤᠸᠠᠷ ᠲᠠᠢ ᠭᠤᠲᠤᠯ ᠤᠨ ᠰᠤᠷᠤᠨ ᠨᠣᠭᠲᠣ ᠴᠢᠪᠴᠠᠷᠠᠨ᠎ᠠᠤᠷᠲᠤ ᠶᠢᠨ ᠳᠠᠭᠤᠤ ᠰᠢᠪᠲᠤᠷᠠᠬᠤ ᠭᠱᠠᠨᠤᠷᠢᠲᠠᠢ ᠬᠢᠷ᠎ᠠ ᠶᠢ ᠥᠭᠰᠥᠵᠦ ᠠᠮᠤᠭᠤᠯᠠᠩ ᠰᠦᠷᠦᠭ ᠲᠡᠯᠡᠬᠡᠨ᠎ᠡᠤᠷᠲᠤ ᠰᠤᠶᠢᠯᠠᠭ᠎ᠠ ᠲᠠᠢ ᠬᠥᠯᠥᠭ ᠤᠨ ᠰᠤᠮᠤᠨ ᠵᠢᠷᠤᠭ᠎ᠠ ᠵᠠᠳᠠᠭᠠᠶᠢᠷᠠᠨ᠎ᠠᠤᠷᠲᠤ ᠶᠢᠨ ᠳᠠᠭᠤᠤ ᠰᠢᠪᠲᠤᠷᠠᠬᠤ ᠭᠱᠠᠨᠡᠪᠦᠭᠡᠳ ᠶᠢᠨ ᠲᠣᠬᠤᠢ ᠶᠢ ᠲᠦᠰᠢᠵᠦ ᠬᠥᠭᠡᠷᠭᠡ ᠬᠠᠳᠠᠭ ᠵᠥᠷᠢᠭᠦᠯᠦᠨ᠎ᠡᠥᠩᠭᠡᠷᠡᠭᠰᠡᠨ ᠡᠳᠦᠭᠡ ᠶᠢ ᠥᠭᠦᠯᠡᠵᠦ ᠦᠭᠡᠨ ᠤ ᠬᠡᠩᠬᠡᠭ ᠨᠡᠭᠡᠭᠡᠭᠳᠡᠨ᠎ᠡᠤᠷᠲᠤ ᠶᠢᠨ ᠳᠠᠭᠤᠤ ᠰᠢᠪᠲᠤᠷᠠᠬᠤ ᠭᠱᠠᠨᠳᠠᠪᠬᠤᠷ ᠳᠠᠪᠬᠤᠷ ᠳᠤᠭᠤᠷ᠎ᠠ ᠡᠷᠭᠢᠵᠦ ᠬᠤᠭᠤᠯᠠᠢ ᠵᠠᠰᠠᠬᠤ ᠰᠣᠨᠣᠰᠳᠠᠨ᠎ᠠᠳᠠᠷᠠᠭᠠᠴᠢ ᠶᠢᠨ ᠳᠠᠭᠤᠨ ᠤ ᠠᠶᠠᠯᠭᠤ ᠡᠯᠭᠦᠵᠦ ᠠᠷᠠᠳ ᠤᠨ ᠳᠠᠭᠤᠤ ᠤᠶᠠᠩᠭᠠᠷᠠᠨ᠎ᠠ ᠁ᠤᠷᠲᠤ ᠶᠢᠨ ᠳᠠᠭᠤᠨ ᠳᠤ ᠤᠶᠠᠩᠭᠠᠷᠠᠭᠰᠠᠨ ᠠᠭᠤᠳᠠᠮ ᠬᠡᠭᠡᠷ᠎ᠡ ᠨᠤᠲᠤᠭ ᠲᠠᠨ᠎ᠠᠤᠷᠢᠳᠤ ᠶᠢᠨ ᠲᠣᠮᠤᠭ ᠢ ᠱᠠᠰᠲᠢᠷᠯᠠᠭᠰᠠᠨ ᠤᠬᠠᠭᠠᠨᠲᠤ ᠮᠡᠷᠭᠡᠨ ᠳᠡᠭᠡᠳᠦᠰ ᠲᠠᠨ᠎ᠠᠤᠭᠤᠷᠠᠭ ᠰᠢᠷ᠎ᠠ ᠭᠡᠷᠡᠯ ᠢᠶᠠᠨ ᠢᠪᠡᠭᠡᠭᠴᠢ ᠮᠥᠩᠬᠡ ᠬᠥᠬᠡ ᠲᠡᠭᠷᠢ ᠲᠠᠨ᠎ᠠᠤᠳᠤᠮ ᠤᠨ ᠶᠡᠭᠡ‌ᠥᠨᠳᠥᠷ ᠪᠣᠱᠣᠭᠠᠨ ᠳᠤ ᠬᠤᠷᠮᠣᠢ ᠳᠡᠪᠢᠰᠦᠨ ᠮᠥᠷᠭᠦᠮᠦ︕ ᠳᠠᠭᠠᠳᠬᠠᠮᠤ︕
 
ᠢᠷᠡᠯᠲᠡ᠄ ᠪᠤᠭᠤᠳᠤ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号