ᠴ᠊᠂ ᠱᠢᠷᠦᠨᠴᠢᠮᠡᠭ | ᠬᠦᠢᠳᠡᠨ ᠵᠢᠪᠠᠷ ᠬᠠᠴᠠᠷ ᠬᠠᠭᠠᠷᠢᠵᠦ ᠪᠠᠶᠢᠭᠰᠠᠨ ᠴᠤ ᠴᠠᠰᠤᠨ ᠤ ᠴᠢᠬᠢᠭ ᠠᠮᠢᠰᠬᠤᠯ | ᠠᠭᠤᠵᠢᠷᠠᠭᠤᠯᠵᠦ ᠨᠢᠭᠡᠯᠡᠲ᠋ᠠᠭᠠᠳᠠᠢ᠃ ᠲᠦᠷᠪᠡ ᠪᠠᠷ ᠡᠭᠡᠯᠵᠢᠯᠡᠳᠡᠭ ᠤᠯᠠᠷᠢᠯ ᠤᠨ ᠳᠤᠳᠤᠷ᠎ᠠ ᠨᠠᠳᠠ ᠳᠤ | ᠠᠪᠴᠦ ᠬᠡᠯᠡᠪᠡᠯ ᠬᠠᠮᠤᠭ ᠤᠨ ᠳᠤᠭᠤᠵᠦᠶᠠᠳᠠᠳᠠᠭ ᠨᠢ ᠡᠪᠦᠯ ᠪᠠᠶᠢᠳᠠᠭ᠃ ᠬᠠᠷᠢᠨ ᠡᠨᠡ ᠤᠯᠠᠷᠢᠯ ᠭᠠᠶᠢᠬᠠᠮᠰᠢᠭᠳᠠᠢ | ᠨᠢᠭᠡᠨ ᠳᠡᠭᠷᠢ ᠶᠢᠨ ᠡᠯᠴᠢ ᠪᠠᠶᠢᠳᠠᠭ ᠨᠢ ᠴᠠᠰᠤ ᠪᠢᠯᠡ᠃ᠴᠠᠰᠤ ᠤᠷᠤᠬᠤ ᠦᠶ᠎ᠡ ᠶᠢᠨ ᠨᠠᠮᠤᠭᠤᠬᠠᠨ ᠪᠠᠶᠢᠳᠠᠯ᠂ ᠰᠢᠨ᠎ᠠ | ᠴᠠᠰᠤᠨ ᠳᠡᠭᠡᠷ᠎ᠡ ᠠᠯᠬᠤᠬᠤ ᠴᠢᠮᠡᠭᠡ ᠶᠤᠰᠤᠳᠠᠢ ᠯᠡ ᠬᠤᠷᠸ᠎ᠠ ᠵᠢᠨᠲ᠋ᠡᠬᠦᠯᠳᠡᠷ ᠡᠭᠡᠰᠢᠭ ᠭᠡᠵᠦ ᠮᠡᠳᠡ᠃ ᠴᠠᠰᠤ | ᠪᠠᠶᠢᠳᠠᠭ ᠪᠤᠯᠬᠤᠷ ᠡᠪᠦᠯ ᠦᠪᠡᠷ ᠤᠨ ᠵᠢᠩᠬᠢᠨᠢ ᠦᠡᠭᠭᠡᠨ ᠳᠡᠭᠡᠨ ᠪᠠᠶᠢᠵᠦ ᠴᠢᠳᠠᠳᠠᠭᠰᠢᠤ᠃ ᠦᠷᠯᠦᠭᠡ ᠭᠡᠷ ᠠᠴᠠ ᠪᠠᠨ | ᠭᠠᠷᠤᠭᠠᠳ ᠠᠵᠢᠯ ᠤᠨ ᠭᠠᠵᠠᠷ ᠤᠷᠤᠭᠤ ᠪᠠᠨ ᠶᠠᠭᠠᠷᠠᠪᠴᠢᠯᠠᠨ ᠠᠯᠬᠤᠵᠦ ᠪᠠᠶᠢᠳᠠᠯᠠᠬᠠᠮᠢᠭᠠ ᠠᠴᠠ ᠭᠠᠷᠴᠤ | ᠢᠷᠡᠭᠰᠡᠨ ᠢ ᠶᠤᠮ ᠪᠤᠤ ᠮᠡᠳᠡ᠂ ᠨᠢᠭᠡ ᠰᠢᠷ᠎ᠠ ᠠᠯᠠᠭ ᠬᠦᠯᠦᠭᠡ ᠮᠢᠨᠦ ᠬᠤᠶᠢᠨ᠎ᠠ ᠡᠮᠦᠨ᠎ᠡ ᠤᠷᠤᠵᠦ ᠬᠦᠯᠤᠷᠢᠶᠠᠭᠠᠳ | ᠪᠠᠶᠢᠯ᠎ᠠ᠃ ᠵᠡᠭᠡᠯᠢ ᠪᠠᠷ ᠬᠦᠮᠦᠰ ᠨᠤᠬᠠᠢ ᠳᠠᠭᠠᠭᠤᠯᠤᠭᠠᠳ ᠯᠡ ᠶᠠᠪᠤᠳᠠᠭ ᠶᠤᠮ ᠴᠢᠨᠢ ᠪᠢ ᠡᠬᠢᠨ ᠳᠡᠭᠡᠨ | ᠳᠡᠬᠦᠨ ᠢᠨᠢᠭᠡ ᠶᠡᠭᠡ ᠰᠠᠨᠠᠭᠠᠨ ᠳᠠᠭᠠᠨ ᠠᠪᠤᠭᠰᠠᠨ ᠦᠭᠡᠢ᠃ ᠬᠠᠷᠢᠨ ᠬᠠᠭᠠᠰ ᠵᠠᠮ ᠬᠢᠷᠢᠳᠠᠢ ᠶᠠᠪᠤᠭᠠᠳ ᠰᠠᠶ᠋ᠢ | ᠡᠷᠬᠢᠨ ᠳᠤᠭᠤᠷᠢᠨ ᠳ᠋ᠤ᠋ᠨᠤᠬᠠᠢ ᠶᠢᠨ ᠡᠵᠡᠨ ᠬᠠᠷᠠᠭᠳᠠᠬᠤ ᠦᠭᠡᠢ ᠪᠠᠶᠢᠬᠤ ᠶᠢ ᠮᠡᠳᠡᠪᠡ᠃ ᠨᠡᠯᠢᠶᠡᠳ ᠵᠠᠶᠢᠳᠠᠢ | ᠨᠢᠭᠡ ᠨᠠᠰᠤᠳᠠᠨ ᠮᠦᠰᠦᠨ ᠳᠡᠭᠡᠷᠡᠭᠤᠯᠭᠤᠷᠢᠵᠦ ᠤᠨᠠᠬᠤ ᠠᠴᠠ ᠪᠠᠨ ᠬᠢᠴᠢᠶᠡᠵᠦ ᠪᠠᠶᠢᠬᠤ ᠪᠤᠯᠤᠯᠳᠠᠢ᠂ | ᠨᠢᠷᠤᠭᠤ ᠪᠠᠨ ᠪᠦᠭᠳᠦ᠋ᠢᠯᠭᠡᠨ ᠪᠡᠴᠢᠭᠡᠨᠡᠨ ᠠᠯᠬᠤᠬᠤᠬᠠᠷᠠᠭᠳᠠᠨᠠ᠃ ᠦᠨᠦᠳᠦᠷ ᠠᠵᠢᠯ ᠶᠡᠬᠡᠳᠠᠢ ᠪᠤᠯᠬᠤᠷ ᠡᠩ ᠤᠨ | ᠡᠳᠦᠷ ᠠᠴᠠ ᠪᠠᠨ ᠴᠠᠭ ᠭᠠᠷᠤᠢ ᠡᠷᠳᠡᠯᠡᠵᠦ ᠭᠠᠷᠴᠤ ᠢᠷᠡᠭᠰᠡᠨᠪᠤᠯᠬᠤᠷ ᠵᠡᠭᠡᠯᠢ ᠳᠡᠭᠡᠷ᠎ᠡ ᠳᠡᠷᠡ ᠨᠠᠰᠤᠳᠠᠨ᠂ | ᠪᠢᠴᠢᠬᠠᠨ ᠬᠦᠯᠦᠭᠡ ᠪᠢᠳᠡ ᠭᠤᠷᠪᠠ ᠠᠴᠠ ᠦᠭᠡᠷ᠎ᠡ ᠠᠮᠢᠳᠤ ᠠᠮᠢᠳᠠᠨ ᠠᠯᠠᠭᠠᠪᠠᠶᠢᠯᠠ᠃ ᠮᠢᠨᠦ ᠤᠷᠤᠰᠢᠨ ᠪᠤᠢ | ᠪᠢᠴᠢᠬᠠᠨ ᠬᠤᠳᠠ ᠮᠢᠨᠢ ᠰᠠᠶ᠋ᠢ ᠯᠡ ᠰᠠᠷᠢᠵᠦ ᠪᠠᠶᠢᠬᠤ ᠨᠢ᠃ ᠮᠦᠳᠳᠦ ᠯᠡ ᠪᠢᠴᠢᠬᠠᠨᠭᠡᠳᠡᠭ ᠢ ᠨᠢ | ᠮᠠᠷᠳᠠᠭᠤᠯᠤᠮᠠᠷ ᠱᠤᠤᠬᠢᠶᠠᠨ ᠠᠳᠡ ᠡᠬᠦᠰᠬᠦ ᠪᠤᠯᠤᠨ᠎ᠠ ᠭᠡᠵᠦ ᠪᠤᠳᠤᠬᠤ ᠠᠴᠠ ᠶᠠᠭ ᠡᠨᠡ ᠮᠦᠴᠡ ᠳᠤ | ᠨᠢᠳᠦᠨ ᠳ᠋ᠤ᠋ᠮᠢᠨᠢ ᠦᠷᠳᠦᠭᠰᠡᠨ ᠶᠠᠭᠤ ᠪᠦᠬᠦᠨ ᠮᠠᠰᠢ ᠲᠠᠶᠢᠪᠤᠡᠭ ᠬᠠᠷᠠᠭᠳᠠᠵᠦ ᠪᠠᠶᠢᠯ᠎ᠠ᠃ ᠳᠡᠯᠡᠭᠡᠶᠢᠴᠢᠯᠡᠯᠳᠡ | ᠳᠠᠶᠠᠭᠠᠷᠴᠢᠯᠠᠯᠳᠠ ᠵᠢᠨᠤᠷᠤᠰᠬᠠᠯ ᠳᠤᠮᠳᠠ ᠳᠡᠪᠵᠢᠶᠡᠨ ᠠᠴᠠ ᠠᠶᠤᠳᠠᠭ ᠪᠤᠯᠤᠭᠰᠠᠨ ᠨᠢ ᠭᠠᠭᠴᠠᠬᠠᠨ ᠪᠢ ᠯᠡ ᠪᠢᠰᠢ᠃ | ᠵᠢᠰᠦᠨ ᠵᠦᠢᠯ ᠤᠨ ᠳᠡᠷᠭᠡᠤᠨᠤᠭᠠ ᠬᠤᠷᠳᠤ ᠰᠢᠯᠭᠠᠨ ᠵᠦᠷᠢᠯᠳᠦᠭᠰᠡᠨ ᠳᠡᠪᠵᠢᠶᠠᠨ ᠱᠤᠤᠬᠢᠶᠠᠨ ᠠᠴᠠ | ᠰᠠᠯᠵᠦ᠂ ᠳᠦᠷ ᠴᠦ ᠭᠡᠰᠡᠨ ᠪᠢᠴᠢᠬᠠᠨᠬᠤᠳᠠ ᠶᠢᠨ ᠢᠶᠠᠨ ᠨᠠᠮ ᠵᠢᠮ ᠢ ᠮᠡᠳᠡᠷᠡᠬᠦ ᠨᠢ ᠰᠠᠶᠢᠬᠠᠨ ᠰᠠᠨᠠᠭᠳᠠᠵᠦ᠂ ᠨᠡᠩ | ᠴᠦ ᠰᠢᠷ᠎ᠠ ᠠᠯᠠᠭ ᠪᠢᠳᠡ ᠬᠤᠶᠠᠷ ᠤᠨ ᠤᠶᠢᠷᠠᠳᠤᠬᠤᠤᠷᠤᠨ ᠵᠠᠢ ᠶᠢ ᠳᠡᠯᠡᠭᠡᠳ ᠦᠭᠴᠢᠭᠡᠭᠰᠡᠨ ᠰᠢᠭ ᠪᠠᠶᠢᠪᠠ᠃ | ᠬᠦᠳᠡᠭᠡ ᠶᠢᠨ ᠪᠠᠯᠠᠷ ᠠᠴᠠ ᠪᠠᠨ ᠰᠠᠯᠵᠦ᠂ ᠬᠤᠯᠠ ᠶᠠᠪᠤᠵᠦ ᠶᠡᠭᠡ ᠵᠢᠦᠵᠡᠭᠦ ᠭᠡᠵᠦ ᠳᠡᠮᠡᠤᠯᠳᠡᠭ ᠪᠠᠶᠢᠭᠰᠠᠨ ᠮᠢᠨᠢ | ᠳᠡᠷᠡ ᠴᠠᠭ ᠲᠠᠭᠠᠨ ᠰᠠᠶᠢᠬᠠᠨ ᠯᠡ ᠪᠠᠶᠢᠭᠰᠠᠨ ᠪᠠᠶᠢᠬ᠎ᠠ᠂ ᠭᠡᠬᠦ ᠳᠤ ᠳᠦᠮᠡᠲ᠋ᠦ᠋ᠴᠢᠬᠢᠨᠡᠵᠦ ᠪᠤᠮ | ᠪᠤᠵᠢᠬᠢᠨᠠᠭᠰᠠᠨ ᠬᠤᠳᠠ ᠶᠢᠨ ᠭᠤᠳᠤᠮᠵᠢᠨ ᠠᠴᠠ ᠪᠢ ᠪᠤᠶᠢᠳᠡ ᠪᠦᠭᠯᠡᠬᠦᠦ ᠬᠦᠳᠡᠭᠡ ᠪᠠᠨ | ᠰᠠᠨᠠᠳᠠᠭᠪᠤᠯᠤᠭᠰᠠᠨ ᠨᠢ ᠤᠷᠴᠢᠮ ᠤᠨ ᠬᠤᠶᠠᠷ ᠵᠢᠯ ᠤᠨ ᠤᠴᠢᠷ᠃ ᠲᠠᠶᠢᠪᠤᠡᠭ ᠠᠮᠤᠭᠤᠯᠠᠩ ᠪᠠᠶᠢᠳᠠᠯ ᠤᠳᠤ ᠶᠢᠨ | ᠬᠦᠮᠦᠨ ᠤ ᠬᠠᠮᠤᠭ ᠤᠨᠬᠦ᠋ᠰᠡᠨ ᠡᠷᠡᠮᠡᠯᠵᠡᠳᠡᠭ ᠵᠦᠢᠯ ᠪᠤᠯᠵᠠᠢ᠃ ᠡᠨᠡ ᠦᠷᠯᠦᠭᠡ ᠶᠢᠨ ᠨᠠᠮ ᠳᠠᠶᠢᠪᠤᠡᠭ ᠪᠠᠶᠢᠳᠠᠯ | ᠶᠠᠭᠠᠷᠠᠤ ᠰᠠᠨᠳᠤᠷᠤᠤ ᠠᠯᠬᠤᠵᠦᠪᠠᠶᠢᠭᠰᠠᠨ ᠵᠢᠷᠦᠭᠡ ᠶᠢ ᠮᠢᠨᠢ ᠠᠮᠠᠷᠠᠭᠠᠵᠦ᠂ ᠳᠡᠭᠡᠷ᠎ᠡ ᠨᠢ ᠰᠢᠷ᠎ᠠ ᠠᠯᠠᠭ ᠲᠠᠢ | ᠤᠴᠠᠷᠠᠭᠤᠯᠤᠭᠰᠠᠨ ᠠᠴᠠ ᠬᠦᠮᠦᠨ ᠠᠮᠢᠳᠠᠨ ᠤᠬᠤᠭᠤᠷᠤᠨᠳᠤᠬᠢ ᠤᠶᠤᠨ ᠰᠦᠨᠡᠰᠦᠨ ᠤ ᠠᠭᠤᠰᠤᠯᠴᠠᠯ ᠠᠴᠠ | ᠪᠢ ᠳᠠᠶᠢᠪᠤᠰᠢᠷᠠᠯ᠂ ᠴᠡᠪᠡᠷ ᠳᠤᠩᠭᠠᠯᠠᠭ ᠤᠷᠤᠰᠢᠬᠤᠢ᠂ᠵᠢᠷᠦᠭᠡᠨ ᠠᠴᠠ ᠵᠢᠷᠦᠭᠡᠨ ᠳᠤ ᠬᠦᠷᠬᠦ ᠤᠷᠤᠨ ᠵᠠᠢ ᠶᠢᠨ | ᠦᠴᠢᠯ ᠢ ᠰᠤᠨᠤᠰᠴᠦ ᠲᠠᠶᠢᠳᠬᠤᠷᠠᠪᠠ᠃ ᠡᠨᠡ ᠯᠡ ᠬᠡᠮᠵᠢᠶᠡᠯᠡᠰᠢ ᠦᠭᠡᠢᠤᠯᠵᠠᠷᠬᠠᠯ ᠪᠤᠯᠵᠦ ᠪᠠᠶᠢᠪᠠ᠃ | ᠪᠢ ᠪᠠᠭ᠎ᠠ ᠠᠴᠠ ᠪᠠᠨ ᠨᠤᠬᠠᠢ ᠳᠤ ᠶᠡᠭᠡ ᠬᠠᠶᠢᠷᠠᠳᠠᠢ ᠪᠤᠯᠬᠤᠷ ᠰᠢᠷ᠎ᠠ ᠠᠯᠠᠭ ᠢ ᠠᠳᠠᠯᠠᠵᠦ | ᠭᠠᠳᠠᠭᠤᠷᠴᠢᠯᠠᠬᠤ ᠪᠤᠳᠤᠯᠤᠷᠤᠭᠰᠠᠨ ᠦᠭᠡᠢ᠃ ᠳᠡᠬᠦᠨ ᠤ ᠦᠭᠡᠳᠡ ᠠᠴᠠ ᠭᠠᠷ ᠢᠶᠠᠨ ᠰᠤᠩᠭᠠᠪᠠᠯ ᠶᠠᠭ ᠯᠡ | ᠢᠡᠭᠬᠢᠬᠦ ᠶᠢ ᠬᠦᠯᠢᠶᠡᠵᠦ ᠪᠠᠶᠢᠭᠰᠠᠨ ᠰᠢᠭ᠋ᠭᠠᠷ ᠢ ᠮᠢᠨᠢ ᠳᠠᠭᠠᠭᠠᠳ ᠳᠡᠭᠡᠭᠰᠢ ᠦᠰᠦᠷᠴᠦ ᠬᠡᠤᠬᠡᠳ ᠰᠢᠭ | ᠬᠦᠭᠡᠷᠦᠬᠦᠨ ᠠᠭᠠᠰᠢᠯᠠᠪᠠ᠃ ᠶᠠᠮᠠᠷ ᠴᠤ ᠠᠮᠢᠳᠠᠨ ᠤ ᠨᠢᠯᠬᠠᠵᠢᠭᠠᠬᠠᠨ ᠦᠶ᠎ᠡ ᠬᠦᠮᠦᠨ ᠤ ᠬᠠᠶᠢᠷ᠎ᠠ ᠳᠠᠳᠠᠮ᠎ᠠ | ᠡᠩᠬᠦᠷᠡᠢ ᠪᠠᠶᠢᠳᠠᠭ ᠤᠨ ᠤᠴᠢᠷ ᠰᠢᠷ᠎ᠠ ᠠᠯᠠᠭ ᠤᠨ ᠳᠡᠭᠳᠡᠨ ᠦᠰᠦᠷᠭᠢᠯᠡᠬᠦ ᠨᠢᠮᠠᠰᠢ ᠬᠦᠭᠡᠷᠦᠬᠦᠨ ᠬᠠᠷᠠᠭᠳᠠᠵᠦ᠂ | ᠰᠢᠵᠠᠭᠤ ᠬᠦᠳᠡᠯᠭᠡᠭᠡᠳ ᠪᠠᠶᠢᠪᠠ᠃ ᠪᠢ ᠤᠴᠦ᠋ᠢᠨ ᠰᠠᠭᠤᠵᠦ ᠰᠢᠷ᠎ᠠ ᠠᠯᠠᠭ ᠲᠠᠢ ᠤᠯᠠᠮᠤᠢᠢᠷᠠᠳᠤᠪᠠ᠃ ᠳᠡᠷᠡ | ᠪᠦᠷ ᠴᠤ ᠡᠷᠬᠡᠯᠡᠨ ᠨᠠᠯᠠᠵᠦ᠂ ᠭᠠᠵᠠᠷ ᠳᠠᠯᠪᠢᠭᠰᠠᠨ ᠪᠤᠭᠴᠤᠨ ᠳᠡᠭᠡᠷ᠎ᠡ ᠬᠦᠯ ᠢᠶᠠᠨ ᠳᠠᠯᠪᠢᠴᠢᠬᠠᠭᠠᠳᠭᠠᠷ ᠢ | ᠦᠨᠦᠷᠯᠡᠵᠦ ᠳᠤᠯᠢᠶᠠᠪᠠ᠃ ︽ᠴᠢ ᠨᠠᠮᠠᠢᠢ ᠡᠵᠡᠨ ᠢᠶᠠᠨ ᠭᠡᠵᠦ ᠠᠨᠳᠠᠭᠤᠷᠠᠭ᠎ᠠ ᠤᠤ︖︾᠂ ︽ᠶᠠᠭᠠᠬᠢᠬᠤ ᠪᠠᠷ ᠢᠶᠠᠨ | ᠡᠶᠢᠮᠦᠬᠦ᠋ᠭᠡᠷᠦᠬᠦᠨ ᠶᠤᠮ ᠪᠤᠢ︖︾ ᠭᠡᠵᠦ ᠪᠢ ᠬᠦᠮᠦᠨ ᠲᠠᠢ ᠶᠠᠷᠢᠵᠦ ᠪᠠᠶᠢᠬᠤ ᠰᠢᠭ᠋ ᠬᠡᠰᠡᠭ ᠰᠠᠭᠤᠯ᠎ᠠ᠃ | ᠰᠢᠷ᠎ᠠ ᠠᠯᠠᠭ ᠮᠢᠨᠦᠬᠤᠶᠢᠨᠡ ᠡᠮᠦᠨ᠎ᠡ ᠭᠠᠷᠴᠤ ᠳᠡᠭᠳᠡᠨ ᠦᠰᠦᠷᠦᠭᠰᠡᠭᠡᠷ ᠯᠡ᠁ ︽ᠵᠠ᠂ ᠪᠢ ᠠᠵᠢᠯ ᠶᠡᠬᠡᠳᠠᠢ | ᠪᠠᠶᠢᠭ᠎ᠠ ᠰᠢᠤ᠂ ᠶᠠᠪᠤᠯ᠎ᠠ ᠰᠢᠤ︾ᠭᠡᠳ ᠪᠤᠰᠴᠤ ᠠᠯᠬᠤᠬᠤ ᠳᠤ ᠰᠢᠷ᠎ᠠ ᠠᠯᠠᠭ ᠳᠠᠭᠠᠭᠰᠠᠭᠠᠷ ᠯᠡ ᠪᠠᠶᠢᠯ᠎ᠠ᠃ ᠪᠢ | ᠠᠯᠬᠤᠪᠠᠯ ᠳᠡᠷᠡ ᠲᠠᠭᠠᠨ ᠱᠤᠭᠰᠢᠵᠦ᠂ ᠪᠢᠵᠤᠭᠰᠤᠪᠠᠯ ᠳᠡᠷᠡ ᠴᠤ ᠵᠤᠭᠰᠤᠴᠢᠬᠠᠨᠠ᠃ ᠦᠭᠡᠳᠡ ᠠᠴᠠ ᠨᠢ ᠬᠦᠯ | ᠭᠠᠷ ᠢᠶᠠᠨ ᠬᠦᠳᠡᠯᠭᠡᠵᠦ ᠨᠠᠭᠠᠳᠪᠠᠯ ᠪᠦᠷ ᠴᠤ ᠦᠰᠦᠷᠴᠤᠲ᠋ᠡᠭᠳᠡᠭᠡᠳ ᠪᠠᠭᠠᠰᠢᠯᠠᠨᠠ᠃ ᠬᠠᠵᠠᠭᠤ ᠠᠴᠠ ᠭᠡᠨ ᠨᠢᠭᠡ | ᠬᠦᠮᠦᠨ ᠬᠠᠷᠠᠭᠰᠠᠨ ᠴᠤ ᠪᠢ ᠳᠡᠬᠦᠨ ᠤ ᠡᠵᠡᠨ ᠨᠢ ᠶᠤᠮ ᠰᠢᠭᠲ᠋ᠦ᠋ᠷᠦᠭᠳᠡᠯ ᠢ ᠦᠭᠬᠦ ᠨᠢ ᠯᠠᠪᠳᠠᠢ᠃ ᠪᠢ | ᠳᠠᠬᠢᠭᠠᠳ ᠯᠡ ᠤᠴᠦ᠋ᠢᠵᠦ ᠰᠠᠭᠤᠯ᠎ᠠ᠃ ᠬᠦᠯᠦᠭᠡ ᠪᠠᠰᠠᠯᠠ ᠭᠠᠷ ᠬᠦᠯ ᠢ ᠦᠨᠦᠷᠯᠡᠵᠦᠲ᠋ᠤᠯᠢᠶᠠᠭᠠᠳ ᠪᠡᠷᠭᠡᠳᠡᠨᠡ᠃ | ᠬᠡᠨᠡᠳᠳᠡ ᠶᠠᠪᠠᠭᠠᠨ ᠬᠦᠮᠦᠨ ᠤ ᠵᠠᠮ ᠳᠡᠭᠡᠷ᠎ᠡ ᠭᠠᠷᠴᠤ ᠢᠷᠡᠭᠰᠡᠨ ᠬᠠᠷ᠎ᠠ ᠦᠡᠭᠭᠡᠳᠦ ᠮᠠᠰᠢᠨ ᠤᠲ᠋ᠠᠭᠤ | ᠬᠦᠯᠦᠭᠡ ᠶᠢ ᠰᠤᠴᠢᠭᠠᠴᠢᠬᠠᠪᠠ᠃ ᠬᠦᠯᠦᠭᠡ ᠪᠢᠳᠡ ᠬᠤᠶᠠᠷ ᠢ ᠵᠠᠮ ᠠᠴᠠ ᠵᠠᠶᠢᠯᠠ ᠭᠡᠰᠡᠨ ᠵᠠᠷᠯᠢᠭ ᠪᠠᠶᠢᠬ᠎ᠠ᠂ | ᠮᠠᠰᠢᠨ ᠤᠯᠠᠪᠠᠷ ᠴᠢᠩᠭ᠎ᠠ ᠳᠤᠤᠭᠠᠷᠤᠭᠰᠠᠭᠠᠷ ᠬᠠᠵᠠᠭᠤ ᠪᠠᠷ ᠦᠡᠭᠭᠡᠷᠡᠪᠡ᠃ ᠶᠡᠷᠦᠨᠢ ᠨᠠᠮ ᠳᠠᠶᠢᠪᠤᠡᠭ ᠪᠠᠶᠢᠳᠠᠯ | ᠢᠡᠭᠬᠢᠵᠦ ᠯᠡᠡᠪᠳᠡᠭᠳᠡᠳᠡᠭ ᠨᠢ ᠨᠠᠳᠠ ᠳᠤ ᠠᠪᠴᠦ ᠬᠡᠯᠡᠪᠡᠯ ᠵᠢᠮ᠎ᠡ ᠶᠤᠰᠤ ᠰᠢᠭ᠋ ᠪᠤᠯᠴᠢᠬᠠᠭᠰᠠᠨ ᠬᠤᠶᠢᠨ᠎ᠠ ᠲᠡᠷᠡ | ᠴᠢᠩᠭ᠎ᠠ ᠳᠠᠭᠤᠨ ᠨᠠᠮᠠᠶᠢᠢᠰᠤᠴᠢᠭᠠᠵᠦ ᠦᠯᠦ ᠳᠡᠶᠢᠯᠦᠨ᠎ᠡ᠃ ᠬᠠᠷᠢᠨ ᠰᠢᠷ᠎ᠠ ᠠᠯᠠᠭ ᠰᠤᠴᠢᠭᠰᠠᠨ ᠳᠠᠭᠠᠨ | ᠬᠠᠮᠢᠭᠠᠰᠢ ᠪᠠᠨ ᠤᠷᠤᠬᠤ ᠪᠠᠨ ᠤᠯᠬᠤ ᠦᠭᠡᠢᠭᠡᠳᠦ ᠳᠡᠭᠳᠡᠭᠰᠡᠨ ᠢᠶᠠᠨ ᠪᠤᠭᠴᠤᠨ ᠳᠡᠭᠡᠷ᠎ᠡ ᠮᠢᠨᠢ ᠭᠠᠷᠤᠭᠠᠳ | ᠰᠠᠭᠤᠴᠢᠬᠠᠬᠤ ᠨᠢ ᠳᠡᠷᠡ᠃ ︽ᠴᠢ ᠮᠦᠨ ᠵᠠᠯᠢ ᠲᠠᠢ ᠶᠤᠮ ᠡ︾ᠭᠡᠳ ᠳᠤᠯᠤᠭᠠᠢ ᠶᠢ ᠨᠢ ᠢᠯᠪᠢᠬᠦ ᠳᠤ ᠳᠡᠷᠡ ᠶᠠᠭ | ᠯᠡ ᠮᠢᠨᠦ ᠦᠭᠡ ᠶᠢ ᠳᠦᠬᠦᠭᠡᠷᠡᠴᠢᠭᠡᠭᠰᠡᠨ ᠶᠤᠮ ᠰᠢᠭ ᠳᠤᠯᠤᠭᠠᠢ ᠪᠠᠨᠲ᠋ᠤᠩᠬᠤᠯᠵᠠᠭᠤᠯᠤᠨᠠ᠃ ᠲᠡᠷᠡ | ᠯᠠᠪᠠᠷ ᠤᠨ ᠳᠠᠭᠤᠨ ᠳᠤ ᠰᠤᠴᠢᠭᠠᠳ ᠡᠪᠦᠷ ᠲᠤ ᠮᠢᠨᠢ ᠰᠢᠷᠭᠤᠮᠠᠷ ᠪᠤᠯᠤᠨ᠎ᠠ᠃ ᠪᠢ ᠬᠡᠨᠡᠳᠳᠡᠲ᠋ᠡᠬᠦᠨ ᠤ ᠨᠢᠳᠦ | ᠪᠤᠯᠤᠷ ᠮᠡᠳᠦ ᠳᠤᠩᠭᠠᠯᠠᠭ ᠪᠠᠶᠢᠬᠤ ᠶᠢ ᠠᠵᠢᠵᠦ ᠮᠡᠳᠡᠪᠡ᠃ ᠪᠠᠭ᠎ᠠ ᠠᠴᠠ ᠪᠠᠨ ᠤᠯᠠᠨ ᠴᠤ ᠨᠤᠬᠠᠢ | ᠳᠡᠵᠢᠭᠡᠭᠰᠡᠨᠪᠤᠯᠪᠠᠴᠤ ᠨᠢᠳᠦ ᠶᠢ ᠨᠢ ᠦᠨᠦᠳᠦᠷ ᠯᠡ ᠢᠡᠭᠬᠢᠵᠦ ᠰᠠᠶᠢᠨ ᠠᠵᠢᠭᠯᠠᠭᠰᠠᠨ ᠶᠤᠮ ᠰᠢᠭ᠋ ᠰᠠᠨᠠᠭᠳᠠᠯ᠎ᠠ᠃ | ᠳᠡᠷᠡ ᠨᠢᠳᠦᠨ ᠳᠤ ᠴᠠᠰᠢᠬᠤᠯᠠᠳᠠᠬᠤ ᠳᠡᠷᠭᠡᠨ ᠤ ᠪᠠᠷ᠎ᠠ ᠤᠳᠤᠭ᠎ᠠ ᠲᠠᠢ ᠪᠠᠨ ᠳᠤᠪ ᠳᠤᠳᠤ ᠬᠠᠷᠠᠭᠳᠠᠵᠦ ᠪᠠᠶᠢᠯ᠎ᠠ᠃ | ︽ᠴᠢ ᠶᠠᠮᠠᠷ ᠰᠠᠶᠢᠬᠠᠨ ᠨᠢᠳᠦ ᠲᠠᠢᠶᠤᠮ ᠪᠤᠢ︖ ᠡᠶᠢᠮᠦ ᠳᠤᠩᠭᠠᠯᠠᠭ ᠨᠢᠳᠦ ᠪᠠᠨ ᠨᠠᠳᠠ ᠳᠤ ᠦᠭᠬᠦᠭᠡᠴᠢ︾ | ᠭᠡᠵᠦ ᠨᠠᠭᠠᠳᠤᠮ ᠬᠢᠵᠦ ᠬᠡᠯᠡᠬᠦ ᠳᠡᠭᠡᠨ ᠪᠢᠪᠠᠭᠠ ᠳᠠᠭᠠᠨ ᠰᠢᠳᠦ ᠤᠨᠠᠬᠤ ᠪᠠᠷ ᠨᠤᠬᠠᠢ ᠳᠤ ᠰᠢᠳᠡᠵᠦ ᠦᠭᠬᠦᠭᠡᠳ᠄ | ︽ᠰᠠᠶᠢᠨ ᠰᠢᠳᠦ ᠪᠠᠨ ᠦᠭᠬᠦᠭᠡᠴᠢ︾ ᠭᠡᠵᠦ ᠭᠤᠶᠤᠳᠠᠭᠪᠠᠶᠢᠭᠰᠠᠨ ᠢᠶᠠᠨ ᠪᠤᠳᠤᠵᠦ ᠤᠯᠪᠠ᠃ ︽ᠤᠨᠠᠭᠰᠠᠨ ᠰᠢᠳᠦ ᠪᠠᠨ | ᠦᠭᠡᠬᠦᠨ ᠳᠤ ᠪᠤᠭᠤᠭᠠᠳ ᠨᠤᠬᠠᠢ ᠳᠤ ᠦᠭᠬᠦ ᠳᠡᠭᠡᠨ ᠰᠠᠶᠢᠨᠰᠢᠳᠦ ᠪᠠᠨ ᠦᠭᠬᠦᠭᠡᠴᠢ ᠭᠡᠵᠦ ᠬᠡᠯᠡᠪᠡᠯ ᠰᠠᠶᠢᠬᠠᠨ | ᠴᠠᠭᠠᠨ ᠰᠢᠳᠦ ᠲᠠᠢ ᠪᠤᠯᠳᠠᠭ ᠶᠤᠮ︾ ᠭᠡᠰᠡᠨ ᠨᠠᠭᠠᠴᠤ ᠡᠮᠡᠭᠡ ᠶᠢᠨ ᠮᠢᠨᠢᠦᠭᠡ ᠰᠤᠨᠤᠰᠳᠠᠬᠤ ᠰᠢᠤᠬᠠᠨ | ᠪᠤᠯᠪᠠ᠃ ᠶᠡᠷᠦᠨᠢ ᠨᠤᠬᠠᠢ ᠶᠢᠨ ᠨᠢᠳᠦ ᠰᠢᠳᠦ ᠠᠴᠠ ᠡᠬᠢᠯᠡᠭᠡᠳ ᠪᠦᠬᠦ ᠶᠠᠭᠤᠮ᠎ᠠ ᠨᠢᠬᠦ᠋ᠮᠦᠨ ᠤ ᠬᠢ ᠠᠴᠠ | ᠪᠠᠬᠢᠵᠢᠬᠦᠨ ᠪᠠᠶᠢᠳᠠᠭ ᠴᠤ ᠪᠢᠯᠢᠤ⁈ ᠪᠢ ᠰᠢᠷ᠎ᠠ ᠠᠯᠠᠭ ᠤᠨ ᠨᠢᠳᠦ ᠶᠢ ᠤᠳᠠᠭᠠᠨ | ᠰᠢᠷᠳᠡᠬᠦ ᠳ᠋ᠡᠭᠡᠨᠲ᠋ᠡᠬᠦᠨ ᠤ ᠬᠢ ᠰᠢᠭ ᠪᠤᠯᠤᠷ ᠳᠤᠩᠭᠠᠯᠠᠭ ᠨᠢᠳᠦ ᠶᠢ ᠡᠳᠦᠢ ᠨᠠᠰᠤᠯᠠᠬᠤ ᠳᠠᠭᠠᠨ ᠤᠯᠵᠦ ᠬᠠᠷᠠᠭ᠎ᠠ | ᠦᠭᠡᠢ ᠪᠠᠨ ᠮᠡᠳᠡᠷᠡᠪᠡ᠃ ᠲᠡᠷᠡᠨᠢᠳᠦ ᠨᠠᠮᠠᠢᠢ ᠬᠦᠳᠦᠯᠦᠭᠰᠡᠭᠡᠷ ᠪᠤᠳᠤᠯ ᠤᠨ ᠳᠠᠯᠠᠢ ᠳᠤ ᠱᠤᠩᠪᠠᠭᠤᠯᠬᠤ ᠨᠢ ᠡ᠃ | ︽ᠡᠶᠢᠮᠦ ᠳᠤᠩᠭᠠᠯᠠᠭ ᠨᠢᠳᠦᠨ ᠳᠤ ᠬᠤᠷᠸᠡᠪᠤᠯᠠᠩᠬᠢᠷ ᠲᠠᠢ ᠬᠠᠷᠠᠭᠳᠠᠳᠠᠭ ᠶᠤᠮ ᠭᠡᠵᠢ ᠤᠤ︖ ᠦᠭᠡᠢ ᠪᠠᠶᠢᠭᠠᠰᠠᠢ︾ | ᠭᠡᠵᠦ ᠪᠢ ᠭᠬᠢᠷ ᠨᠠᠭᠠᠯᠳᠤᠬᠤ ᠠᠴᠠ ᠨᠢ ᠡᠮᠢᠶᠡᠨᠪᠤᠳᠤᠭᠰᠠᠨ ᠴᠤ ᠡᠴᠢᠨ᠎ᠡ ᠴᠠᠭᠠᠨ᠎ᠠ ᠪᠠᠨ ︽ᠳᠡᠩᠳᠡᠬᠦᠦ | ᠳᠤᠩᠭᠠᠯᠠᠭ ᠤᠨ ᠢᠶᠠᠨ ᠬᠤᠤᠷ ᠢ ᠠᠮᠰᠠᠵᠦ᠂ ᠭᠠᠵᠢ ᠪᠤᠷᠤᠭᠤ ᠶᠢ ᠦᠵᠡᠨᠶᠠᠳᠠᠬᠤ ᠳᠠᠭᠠᠨ ᠳᠠᠩᠴᠢ ᠶᠠᠳᠠᠷᠠᠳᠠᠭ ᠪᠤᠯ | ᠤᠤ︖ ᠬᠦᠯᠦᠭᠡ ᠮᠢᠨᠢ︾ ᠭᠡᠳᠡᠭ ᠡᠮᠢᠶᠡᠯ ᠳᠦᠷᠦᠭᠳᠡᠨ᠂ ᠰᠢᠷ᠎ᠠ ᠠᠯᠠᠭ ᠤᠨᠲ᠋ᠤᠯᠤᠭᠠᠢ ᠶᠢ ᠡᠪᠠᠶᠢᠯᠡᠨ ᠢᠯᠪᠢᠪᠡ᠃ | ᠳᠡᠩᠳᠡᠬᠦᠦ ᠴᠠᠶᠢᠯᠭᠠᠨ ᠴᠠᠭᠠᠪᠤᠷ ᠶᠠᠪᠤᠬᠤ ᠳᠤ ᠰᠡᠪᠳᠦᠵᠦ ᠭᠬᠢᠷᠳᠤᠬᠤ ᠨᠢ ᠠᠮᠠᠷᠬᠠᠨᠬᠤᠷᠸᠠ ᠠᠴᠠ ᠪᠠᠨ ᠪᠢ | ᠬᠦᠯᠦᠭᠡ ᠳᠤ ᠰᠡᠬᠦᠳᠡᠷ ᠦᠭᠡᠢ ᠭᠡᠭᠡᠨ ᠤᠷᠤᠨ ᠵᠠᠢ ᠭᠤᠶᠤᠵᠦ ᠵᠠᠯᠪᠠᠷᠢᠯ᠎ᠠ᠃ ᠰᠢᠷ᠎ᠠ ᠠᠯᠠᠭ ᠤᠨ ᠬᠢᠰᠢᠭ᠋ ᠭᠬᠢᠷ | ᠦᠭᠡᠢ ᠳᠤᠩᠭᠠᠯᠠᠭ ᠨᠢᠳᠦᠨ ᠠᠴᠠ ᠦᠨᠡᠳᠡᠢ ᠵᠦᠢᠯ ᠦᠭᠡᠷ᠎ᠡ ᠪᠠᠶᠢᠳᠠᠭ ᠪᠤᠯ ᠤᠤ︖ ᠮᠦᠡᠭᠬᠦ ᠴᠠᠭᠠᠨ | ᠨᠢᠳᠦᠤᠯᠠᠭᠠᠨ ᠡᠨᠡ ᠨᠡᠶᠢᠭᠡᠮ ᠳᠤ ᠬᠦᠮᠦᠨ ᠬᠠᠷ᠎ᠠ ᠳᠡᠷᠢᠬᠦᠳᠡᠨ ᠤᠯᠠᠶᠢᠷᠠᠵᠦ ᠪᠠᠶᠢᠨ᠎ᠠ᠃ ᠰᠢᠷᠦᠬᠦᠨ ᠤᠷᠤᠰᠬᠠᠯ ᠳᠤ | ᠬᠠᠮᠤᠷᠤᠭᠳᠠᠨᠤᠯᠠᠶᠢᠷᠠᠬᠤ ᠦᠭᠡᠢ ᠪᠠᠶᠢᠬᠤ ᠶᠢᠨ ᠠᠷᠭ᠎ᠠ ᠦᠭᠡᠢ ᠳᠤᠬᠢᠶᠠᠯᠳᠤᠯ ᠴᠦ ᠪᠤᠢ᠃ ᠬᠦᠵᠦᠬᠦᠦ ᠬᠦᠷᠳᠡᠶᠢᠨ | ᠵᠢᠳᠬᠦᠬᠦ ᠦᠭᠡᠢ ᠪᠤᠯᠰᠠᠶᠢᠬᠠᠨ ᠠᠮᠢᠳᠤᠷᠠᠬᠤ ᠳᠤ ᠭᠡᠴᠡᠬᠦᠳᠡᠵᠦ ᠪᠠᠶᠢᠬᠤ ᠶᠤᠮ ᠴᠢᠨᠢ᠁ ᠭᠡᠬᠦ ᠳᠤ ᠬᠦᠵᠦᠬᠦᠦ | ᠰᠤᠩᠭᠠᠭᠠᠨ ᠵᠢᠳᠬᠦᠬᠦ ᠶᠢᠨ ᠴᠠᠭ ᠲᠤ᠋ᠵᠢᠷᠦᠭᠡᠨ ᠤ ᠪᠠᠨ ᠶᠠᠳᠠᠷᠠᠯ ᠢ ᠭᠡᠳᠦ ᠨᠢ ᠰᠤᠨᠤᠰᠴᠦ ᠴᠢᠳᠠᠭᠰᠠᠨ ᠶᠤᠮ ᠪᠤᠯ︖ | ᠬᠦᠯᠦᠭᠡ ᠶᠢᠨ ᠬᠢ ᠰᠢᠭ ᠪᠤᠯᠤᠷ ᠳᠤᠩᠭᠠᠯᠠᠭᠵᠢᠷᠦᠭᠡ ᠰᠡᠳᠬᠢᠯ ᠢᠶᠠᠨ ᠭᠡᠳᠦᠨ ᠬᠦᠮᠦᠨ ᠠᠪᠴᠦ ᠦᠯᠡᠳᠡᠵᠦ | ᠴᠢᠳᠠᠭᠰᠠᠨ ᠶᠤᠮ ᠪᠤᠯ︖ ᠡᠶᠢᠮᠦ ᠪᠤᠯᠤᠷ ᠳᠤᠩᠭᠠᠯᠠᠭ ᠬᠠᠷᠠᠭ᠎ᠠ ᠵᠢᠤᠯᠠᠭᠠᠨ ᠤ ᠳᠤᠭᠤᠰᠤᠨ ᠳᠤ ᠦᠷᠳᠦᠬᠦᠯᠦᠯ | ᠦᠭᠡᠢ ᠶᠠᠭ ᠯᠡ ᠠᠳᠡ ᠨᠢ ᠮᠦᠡᠭᠭᠡᠯᠡᠨ ᠦᠯᠡᠳᠡᠭᠡᠮᠡᠷ ᠰᠠᠨᠠᠭᠳᠠᠪᠠ᠃ | ᠪᠢᠳᠡ ᠬᠤᠶᠠᠷ ᠴᠠᠰᠢ ᠨᠢ ᠶᠠᠪᠤᠯ᠎ᠠ᠃ ᠳᠡᠯᠭᠡᠬᠦᠷ ᠤᠨ ᠡᠬᠦᠳᠡ ᠪᠠᠷ ᠭᠠᠷᠬᠤ ᠳᠠᠭᠠᠨ᠄ ︽ᠡᠨᠡ ᠬᠦᠯᠦᠭᠡ | ᠦᠯᠦᠰᠴᠤᠪᠠᠶᠢᠭᠠ ᠶᠤᠮ ᠪᠤᠯ ᠤᠤ︖︾ ᠭᠡᠵᠦ ᠭᠠᠭᠴᠠᠭᠠᠷ ᠳᠦᠳᠦᠨᠡᠨ᠂ ᠬᠢᠮ᠎ᠠ ᠠᠪᠴᠤ ᠢᠳᠡᠬᠦᠯᠦᠶᠡ ᠭᠡᠵᠦ | ᠪᠤᠳᠤᠪᠠ᠃ ︽ᠴᠢ ᠡᠬᠦᠳᠡᠨᠲ᠋ᠡᠭᠡᠷᠡ ᠬᠦᠯᠢᠶᠡᠵᠦ ᠪᠠᠶᠢᠭᠠᠷᠠᠢ᠂ ᠪᠢ ᠤᠷᠤᠭᠠᠳ ᠬᠢᠮ᠎ᠠ ᠠᠪᠤᠭᠠᠳ ᠢᠷᠡᠶ᠎ᠠ᠂ | ᠮᠡᠳᠡᠪᠡᠤ︖︾ ᠭᠡᠵᠦ ᠰᠢᠷ᠎ᠠ ᠠᠯᠠᠭ ᠤᠨᠲ᠋ᠤᠯᠤᠭᠠᠢ ᠶᠢ ᠢᠯᠪᠢᠭᠡᠳ ᠳᠡᠯᠭᠡᠬᠦᠷ ᠲᠤ ᠤᠷᠤᠬᠤ ᠳᠤ ᠳᠡᠷᠡ ᠮᠢᠨᠦ | ᠬᠡᠯᠡᠭᠰᠡᠨ ᠢᠶᠠᠷ ᠤᠷᠤᠨ ᠠᠴᠠ ᠪᠠᠨ ᠬᠦᠳᠡᠯᠦᠯ ᠦᠭᠡᠢᠵᠤᠭᠰᠤᠵᠦ᠂ ᠨᠡᠪᠳᠡ ᠬᠠᠷᠠᠭᠳᠠᠬᠤ ᠰᠢᠯ ᠴᠤᠩᠬᠤ ᠪᠠᠷ ᠨᠠᠮᠠᠢᠢ | ᠬᠠᠷᠠᠭᠰᠠᠭᠠᠷ ᠪᠠᠶᠢᠪᠠ᠃ ᠪᠢ ᠬᠢᠮ᠎ᠠ ᠠᠪᠤᠭᠠᠳ ᠭᠠᠷᠴᠤ ᠢᠷᠡᠬᠦ ᠳ᠋ᠤ᠋ᠲ᠋ᠡᠷᠡ ᠳᠡᠭᠳᠡᠨ ᠦᠰᠦᠷᠬᠢᠯᠡᠵᠦ ᠪᠠᠶᠢᠭᠰᠠᠨ ᠴᠤ | ᠨᠡᠭᠡᠭᠡᠭᠡᠳ ᠦᠭᠬᠦ ᠪᠠᠷ ᠨᠢᠭᠡ ᠦᠨᠦᠷᠯᠡᠴᠢᠭᠡᠭᠡᠳ ᠢᠳᠡᠭᠰᠡᠨ ᠦᠭᠡᠢ᠃ ︽ᠴᠢᠦᠯᠦᠰᠬᠦ ᠦᠭᠡᠢ ᠪᠠᠶᠢᠨ᠎ᠠ ᠤᠤ︖ | ᠴᠢᠮ᠎ᠠ ᠳᠤ ᠠᠪᠤᠭᠰᠠᠨ ᠰᠢᠤ᠂ ᠢᠳᠡᠭᠡᠴᠢ︾ ᠭᠡᠵᠦ ᠬᠡᠳᠦᠢ ᠰᠢᠬᠠᠭᠰᠠᠨ ᠴᠤ ᠳᠡᠷᠡ ᠨᠢᠭᠡᠴᠦᠡᠮᠬᠦᠭᠰᠡᠨ ᠦᠭᠡᠢ᠃ | ᠤᠭ ᠨᠢ ᠳᠡᠷᠡ ᠦᠯᠦᠰᠦᠭᠡ ᠦᠭᠡᠢ ᠪᠠᠶᠢᠵᠦ ᠯᠡ ᠳ᠋ᠠ᠃ ᠡᠨᠡ ᠪᠠᠶᠢᠳᠠᠯ ᠨᠢ ᠨᠠᠳᠠ ᠳᠤ ᠬᠠᠷᠢᠨ ᠨᠢᠭᠡᠶᠤᠰᠤᠨ ᠤ | ᠳᠠᠶᠢᠪᠤᠰᠢᠷᠠᠯ ᠪᠤᠯᠵᠦ ᠪᠠᠶᠢᠪᠠ᠃ ᠭᠡᠷᠪᠡ ᠳᠡᠨᠦᠬᠦᠯ ᠨᠤᠬᠠᠢ ᠶᠤᠮ ᠪᠤᠯ ᠡᠨᠡ ᠡᠪᠦᠯ ᠤᠨ ᠬᠦᠢᠳᠡᠨ | ᠦᠷᠯᠦᠭᠡᠦᠯᠦᠰᠬᠦᠯᠡᠩ ᠯᠡ ᠪᠠᠶᠢᠬᠤ ᠶᠤᠰᠤᠳᠠᠢ᠃ ᠬᠤᠳᠠ ᠭᠠᠵᠠᠷ ᠬᠦᠮᠦᠨ ᠠᠮᠢᠳᠠᠨ ᠬᠠᠮᠢᠶᠠᠷᠬᠤ ᠦᠭᠡᠢ | ᠳᠡᠨᠦᠬᠦᠯ ᠨᠤᠬᠠᠢ ᠤᠯᠠᠨᠬᠠᠷᠠᠭᠳᠠᠳᠠᠭ᠃ ᠬᠦᠮᠦᠨ ᠢᠶᠠᠷ ᠠᠪᠴᠤ ᠬᠡᠯᠡᠪᠡᠯ ᠤᠷᠤᠬᠤ ᠭᠡᠷ ᠤᠤᠭᠤᠴᠢᠬᠤ ᠠᠶᠠᠭ᠎ᠠ | ᠦᠭᠡᠢ ᠬᠦᠭᠡᠷᠦᠬᠦᠢ ᠵᠠᠶᠠᠭᠠᠳᠠᠨ ᠭᠡᠰᠡᠨᠯᠡ ᠦᠭᠡ᠃ ᠴᠤᠯ ᠮᠢᠬ᠎ᠠ ᠪᠠᠷ ᠬᠢᠭᠰᠡᠨ ᠬᠢᠮ᠎ᠠ ᠪᠢᠰᠢ ᠪᠤᠯᠪᠠᠴᠤ | ᠦᠯᠦᠰᠬᠦᠯᠡᠩ ᠦᠶ᠎ᠡ ᠳᠤ ᠶᠤᠮ ᠪᠤᠯ ᠤᠯᠳᠠᠰᠢ ᠦᠭᠡᠢᠬᠤᠪᠤᠷ ᠢᠳᠡᠭᠡᠨ ᠭᠡᠵᠦ ᠯᠡ ᠮᠡᠳᠡ᠃ ︽ᠢᠳᠡᠬᠦ | ᠦᠭᠡᠢ ᠪᠠᠷ ᠦᠵᠡᠬᠦ ᠳᠤ ᠦᠷᠯᠦᠭᠡ ᠡᠵᠡᠨ ᠴᠢᠨᠢ ᠴᠢᠮ᠎ᠠ ᠶᠢ ᠰᠠᠶᠢᠨᠲ᠋ᠡᠵᠢᠭᠡᠭᠰᠡᠨ ᠪᠠᠶᠢᠬᠤ ᠨᠢ ᠡ᠂ ᠴᠢ | ᠡᠵᠡᠨ ᠲᠠᠢ ᠶᠤᠮ ᠪᠠᠶᠢᠨ᠎ᠠ᠃ ᠬᠤᠷᠳᠤᠨ ᠭᠡᠷ ᠲᠡᠭᠡᠨ ᠬᠠᠷᠢᠭᠠᠷᠠᠢ︾ ᠭᠡᠵᠦ ᠪᠢ ᠰᠢᠷᠡᠠᠯᠠᠭ ᠤᠨ ᠳᠤᠯᠤᠭᠠᠢ ᠶᠢ | ᠢᠯᠪᠢᠬᠦ ᠳᠤ ᠳᠡᠷᠡ ᠬᠦᠯ ᠢ ᠮᠢᠨᠢ ᠨᠠᠯᠠᠨ ᠬᠡᠪᠳᠡᠪᠡ᠃ ᠳᠡᠬᠦᠨ ᠳᠤ ᠢᠳᠡᠬᠦ ᠶᠠᠭᠤᠮ᠎ᠠ ᠦᠭᠬᠦ ᠡᠴᠠᠢᠯᠡᠬᠦᠦ | ᠢᠡᠭᠬᠢᠵᠦ ᠡᠷᠭᠡᠯᠡᠬᠦᠯᠬᠦ ᠨᠢ ᠭᠡᠷᠡᠭᠳᠠᠢ ᠪᠠᠶᠢᠭ᠎ᠠ ᠶᠤᠮ ᠪᠠᠶᠢᠨ᠎ᠠ᠃ ᠤᠭ ᠨᠢ ᠳᠡᠷᠡ ᠡᠬᠦᠨ ᠢ ᠯᠡ ᠬᠦᠰᠡᠭᠡᠳ | ᠪᠠᠶᠢᠭᠰᠠᠨᠠᠵᠢ᠃ ᠬᠦᠭᠡᠷᠦᠬᠦᠢ ᠨᠢᠯᠬ᠎ᠠ ᠠᠮᠢᠳᠠᠨ ᠶᠤᠮ ᠬᠤᠶᠢᠨ᠎ᠠ ᠡᠷᠭᠡᠯᠡᠯᠬᠦᠢ ᠶᠠᠭᠠᠬᠢᠬᠤᠪ ᠭᠡᠳᠡᠭ ᠪᠤᠳᠤᠯ ᠤᠨ ᠮᠢᠨᠢ | ᠵᠠᠪᠰᠠᠷ᠄ ︽ᠰᠢᠷᠠᠠᠯᠠᠭ ᠤᠨ ᠡᠵᠢ ᠨᠢ ᠬᠠᠮᠢᠭ᠎ᠠ ᠪᠠᠶᠢᠭ᠎ᠠ ᠶᠤᠮ ᠪᠤᠯ︖ ᠭᠡᠵᠢᠶ᠎ᠡ ᠡᠵᠢ ᠠᠴᠠ ᠪᠠᠨ ᠰᠠᠯᠤᠭᠰᠠᠨ ᠶᠤᠮ | ᠪᠤᠯ︖︾ ᠭᠡᠳᠡᠭ ᠪᠤᠳᠤᠯᠴᠠᠬᠢᠯᠤᠨ ᠤᠷᠤᠵᠦ ᠢᠷᠡᠪᠡ᠃ ᠬᠦᠮᠦᠨ ᠯᠡ ᠪᠢᠰᠢ᠂ ᠬᠤᠷᠸ᠎ᠠ ᠶᠢᠨ ᠪᠦᠬᠦ ᠠᠮᠢᠳᠠᠨ | ᠡᠵᠢ ᠲᠠᠢ ᠪᠠᠨ ᠯᠡ ᠪᠠᠶᠢᠬᠤ ᠳᠤ ᠬᠠᠮᠤᠭ ᠤᠨᠲ᠋ᠡᠭᠡᠳᠦ ᠠᠵᠠ ᠵᠢᠷᠭᠠᠯᠳᠠᠨ ᠪᠤᠯᠳᠠᠭ ᠨᠢ ᠮᠠᠷᠭᠤᠰᠢ ᠦᠭᠡᠢ ᠦᠨᠡᠨ᠃ | ᠳᠡᠩᠳᠡᠬᠦᠦ ᠵᠢᠵᠢᠭᠭᠡᠨ ᠬᠠᠷᠠᠭᠳᠠᠬᠤ ᠰᠢᠷ᠎ᠠ ᠠᠯᠠᠭᠬᠡᠨᠡᠳᠳᠡ ᠡᠵᠢ ᠠᠴᠠ ᠪᠠᠨ ᠡᠷᠳᠡ ᠦᠨᠦᠴᠢᠷᠡᠭᠰᠡᠨ ᠨᠠᠳᠠ ᠲᠠᠢ | ᠠᠳᠠᠯᠢᠬᠠᠨ ᠰᠠᠨᠠᠭᠳᠠᠬᠤ ᠪᠠᠷ ᠵᠢᠷᠦᠭᠡ ᠪᠠᠵᠠᠯᠠᠵᠦ ᠰᠢᠨᠠᠯᠪᠠ᠃ ᠪᠢᠲ᠋ᠡᠭᠷᠢ ᠦᠭᠡᠳᠡ ᠬᠠᠷᠠᠯ᠎ᠠ᠃ ᠦᠨᠦᠴᠢᠷᠡᠯ ᠤᠨ | ᠭᠠᠰᠢᠭᠤᠨ ᠳᠤ ᠤᠨᠠᠬᠤ ᠪᠦᠷᠢ ᠳᠡᠭᠷᠢ ᠦᠭᠡᠳᠡ ᠬᠠᠷᠠᠵᠦ ᠳᠠᠶᠢᠪᠤᠰᠢᠷᠠᠳᠠᠭ ᠮᠢᠨᠢᠵᠤᠷᠰᠢᠯ ᠪᠤᠯᠵᠠᠢ᠃ ᠡᠵᠢ ᠮᠢᠨᠢ | ᠳᠡᠭᠷᠢ ᠳᠡᠭᠡᠷ᠎ᠡ ᠠᠴᠠ ᠨᠠᠮ᠎ᠠ ᠶᠢ ᠬᠠᠷᠠᠳᠠᠭ ᠭᠡᠳᠡᠭ ᠲᠤ ᠶᠠᠭᠠᠬᠢᠭᠠᠳ ᠴᠦ ᠶᠤᠮ ᠪᠢ ᠵᠠᠭᠤᠨᠬᠤᠪᠢ ᠢᠳᠡᠭᠡᠳᠡᠭ᠃ | ᠪᠢ ᠬᠦᠯᠦᠭᠡ ᠶᠢ ᠴᠦ ᠳᠡᠭᠡᠭᠰᠢ ᠬᠠᠷᠠᠵᠦ ᠳᠠᠶᠢᠪᠤᠰᠢᠷᠠᠭᠠᠰᠠᠢ ᠭᠡᠵᠦ ᠬᠦᠰᠡᠭᠡᠳ ᠭᠠᠷ ᠢᠶᠠᠨ | ᠳᠡᠭᠡᠭᠰᠢᠰᠤᠩᠭᠠᠭᠠᠯᠠ᠃ ᠳᠡᠷᠡ ᠮᠢᠨᠦ ᠭᠠᠷ ᠢ ᠳᠠᠭᠠᠵᠦ ᠳᠡᠭᠷᠢ ᠦᠭᠡᠳᠡ ᠬᠠᠷᠠᠭᠰᠠᠨ ᠶᠤᠮᠰᠠᠨ᠃ ᠳᠡᠷᠡ ᠳᠡᠭᠷᠢ ᠠᠴᠠ | ᠶᠠᠭᠤ ᠮᠡᠳᠡᠷᠡᠭᠰᠡᠨ ᠢᠪᠢ ᠤᠭᠳᠤ ᠮᠡᠳᠡᠬᠦ ᠦᠭᠡᠢ᠃ ᠨᠤᠬᠠᠢ ᠶᠢᠨ ᠵᠢᠷᠦᠭᠡ ᠴᠤᠬᠤᠮ ᠶᠠᠭᠠᠬᠢᠵᠦ ᠳᠠᠶᠢᠪᠤᠰᠢᠷᠠᠳᠠᠭ ᠶᠤᠮ | ᠪᠤᠯ︖ ᠭᠠᠷ ᠢ ᠮᠢᠨᠢ ᠳᠠᠭᠠᠵᠦᠲ᠋ᠡᠭᠷᠢ ᠦᠭᠡᠳᠡ ᠬᠠᠷᠠᠭᠰᠠᠨ ᠳᠡᠬᠦᠨ ᠤ ᠵᠢᠷᠦᠭᠡ ᠰᠠᠶ᠋ᠢᠬᠢ ᠮᠠᠰᠢᠨ ᠤ ︽ᠰᠦᠷᠳᠡᠬᠦᠯᠦᠯ︾ | ᠢ ᠮᠠᠷᠳᠠᠵᠦ ᠴᠢᠳᠠᠭᠰᠠᠨ ᠴᠦ ᠪᠤᠯᠤᠤ︖ ᠡᠵᠢ ᠶᠢ ᠪᠠᠨ ᠬᠠᠷᠠᠭᠰᠠᠨ ᠰᠢᠭ᠋ ᠳᠠᠶᠢᠪᠤᠰᠢᠷᠠᠯ ᠢ ᠤᠯᠵᠦ ᠴᠢᠳᠠᠳᠠᠭ | ᠪᠤᠯ ᠶᠠᠮᠠᠷ ᠭᠤᠶᠤ ᠪᠤᠯ︖ ᠬᠦᠮᠦᠨ ᠤ ᠦᠰᠦᠨᠪᠤᠶᠢᠵᠢᠯᠳᠡ ᠶᠢᠨ ᠳᠤᠬᠠᠢ ᠭᠡᠳᠦᠬᠦᠯᠡ ᠪᠠᠨ ᠨᠢᠭᠡ ᠤᠳᠠᠭ᠎ᠠ | ᠵᠤᠭᠤᠭᠳᠠᠵᠦ ᠰᠠᠭᠤᠬᠤ ᠳᠤ ᠨᠢᠭᠡ ᠨᠠᠶᠢᠵᠠ ᠮᠠᠨᠢ᠄ ︽ᠬᠦᠮᠦᠨ ᠭᠡᠳᠡᠭᠠᠮᠢᠳᠠᠨ ᠤ ᠤᠳᠠᠭᠠᠨ ᠨᠢ ᠭᠡᠷᠡᠭ᠂ ᠭᠡᠴᠢᠨᠡᠨ ᠵᠢᠯ | ᠪᠤᠯᠵᠦ ᠪᠠᠶᠢᠮᠠᠨ ᠪᠠᠶ᠎ᠡ ᠪᠠᠨ ᠳᠠᠭᠠᠭᠠᠨ᠎ᠠ᠂ ᠪᠠᠶ ᠠ ᠪᠠᠨ ᠳᠠᠭᠠᠭᠠᠵᠦ ᠡᠨᠡᠲ᠋ᠡᠷᠡ ᠪᠠᠨ ᠬᠢᠴᠢᠭᠡᠪᠡᠴᠦ ᠪᠠᠷᠤᠭ | ᠬᠤᠷᠢ ᠬᠦᠷᠳᠡᠯ᠎ᠡ ᠨᠢ ᠬᠤᠶᠢᠨ᠎ᠡ ᠡᠮᠦᠨ᠎ᠡ ᠨᠢ ᠡᠨᠡ ᠳᠡᠷᠡ ᠶᠢ ᠨᠢ ᠪᠡᠯᠡᠳᠴᠤ ᠦᠭᠬᠦᠨ᠎ᠡ᠃ᠬᠤᠷᠠᠭ᠎ᠠ ᠳᠤᠭᠤᠯ | ᠶᠤᠮ ᠪᠤᠯ ᠬᠤᠷᠤᠮᠬᠠᠨ ᠵᠠᠭᠤᠷ᠎ᠠ ᠳᠡᠩᠭᠡᠭᠡᠳ ᠯᠡ ᠪᠡᠶ᠎ᠡ ᠪᠠᠨ ᠳᠠᠭᠠᠭᠠᠨ᠎ᠠ᠃ ᠨᠤᠬᠠᠢ ᠰᠢᠪᠠᠭᠤ ᠴᠤ ᠨᠢᠭᠡ ᠶᠡᠭᠡᠤᠳᠠᠬᠤ | ᠦᠭᠡᠢ᠃ ᠬᠦᠮᠦᠨ ᠰᠢᠭ ᠤᠳᠠᠭᠠᠨ ᠨᠢ ᠦᠭᠡᠢ︾ ᠭᠡᠵᠦ ᠶᠠᠷᠢᠵᠦ ᠪᠠᠶᠢᠭᠰᠠᠨ ᠨᠢ ᠪᠤᠳᠤᠭᠳᠠᠪᠠ᠃ ᠳᠡᠬᠡᠬᠦᠯᠡᠷ ᠨᠢ | ᠪᠢ᠄︽ᠨᠠᠰᠤ ᠨᠢ ᠤᠷᠳᠤ ᠶᠤᠮ ᠴᠢᠨᠢ ᠦᠰᠦᠨ ᠪᠤᠶᠢᠵᠢᠯᠳᠡ ᠶᠢᠨ ᠶᠠᠪᠤᠴᠠ ᠨᠢ ᠴᠤ ᠤᠷᠳᠤ ᠪᠠᠶᠢᠯᠬᠦᠢ︾ ᠭᠡᠵᠦ | ᠨᠢᠭᠡ ᠶᠡᠭᠡ ᠵᠢᠮᠡᠳᠡᠭᠰᠡᠨ ᠬᠦᠮᠦᠨ ᠪᠤᠯᠵᠦ ᠰᠡᠴᠡᠷᠭᠡᠵᠦ ᠪᠠᠶᠢᠭᠰᠠᠨ ᠢᠶᠠᠨ ᠡᠨᠡᠭᠡᠨ ᠬᠤᠷᠤᠮ ᠳᠤ ᠡᠷᠬᠢᠨ ᠰᠠᠨᠠᠪᠠ᠃ | ᠰᠢᠷ᠎ᠠ ᠠᠯᠠᠭ ᠤᠨ ᠮᠠᠰᠢᠨ ᠤᠲ᠋ᠠᠭᠤ ᠠᠴᠠ ᠰᠤᠴᠢᠵᠦ ᠶᠠᠭᠠᠬᠢᠬᠤ ᠪᠠᠨ ᠤᠯᠬᠤ ᠦᠭᠡᠢ ᠰᠠᠮᠠᠭᠠᠷᠳᠠᠭᠰᠠᠨ ᠪᠠᠶᠢᠳᠠᠯ ᠢ ᠨᠢ | ᠡᠷᠬᠢᠨ ᠰᠠᠨᠠᠬᠤ ᠪᠠᠷ ᠳᠡᠬᠦᠨ ᠢ ᠵᠢᠷᠦᠭᠡᠨᠤᠭ ᠠᠴᠠ ᠪᠠᠨ ᠬᠦᠭᠡᠷᠦᠬᠦ᠋ᠢᠯᠡᠬᠦ ᠪᠤᠳᠤᠯ ᠳᠦᠷᠦᠯᠡ᠃ ᠳᠡᠶᠢᠮᠦ ᠡ᠂ ᠭᠡᠷᠪᠡ | ᠴᠢ ᠬᠦᠮᠦᠨ ᠪᠠᠶᠢᠭᠰᠠᠨ ᠪᠤᠯ ᠤᠳᠤ ᠴᠤ ᠭᠡᠰᠡᠨᠡᠵᠢ ᠶᠢᠨ ᠢᠶᠠᠨ ᠡᠪᠦᠷ ᠲᠤ ᠡᠩᠭᠦᠷᠡᠶᠢᠯᠡᠭᠳᠡᠨ ᠵᠢᠷᠭᠠᠬᠤ | ᠬᠤᠪᠢ ᠲᠠᠢ ᠪᠠᠶᠢᠭᠰᠠᠨ᠃ | ᠪᠢ ᠪᠠᠶᠢᠭᠤᠯᠭ᠎ᠠ ᠶᠢᠨ ᠢᠶᠠᠨ ᠡᠬᠦᠳᠡᠨ ᠳᠤ ᠬᠦᠷᠦᠯ᠎ᠡ᠃ ᠰᠢᠷ᠎ᠠ ᠠᠯᠠᠭ ᠨᠠᠮᠠᠢᠢ ᠳᠠᠭᠠᠭᠰᠠᠨ ᠭᠡᠪ ᠢᠶᠠᠷ ᠢᠶᠠᠨ᠃ | ᠰᠢᠷᠠᠠᠯᠠᠭ ᠢ ᠤᠷᠬᠢᠭᠠᠳ ᠤᠷᠤᠵᠦ ᠴᠢᠳᠠᠬᠤ ᠦᠭᠡᠢ ᠭᠡᠰᠡᠭ ᠵᠤᠭᠰᠤᠪᠠ᠃ ᠠᠵᠢᠯ ᠶᠡᠬᠡᠳᠠᠢ ᠭᠡᠳ ᠡᠷᠳᠡᠯᠡᠵᠦ | ᠭᠠᠷᠴᠤ ᠢᠷᠡᠭᠰᠡᠨ ᠴᠤ᠋ᠲ᠋ᠡᠷᠡ ᠴᠠᠭ ᠢᠶᠠᠨ ᠪᠢ ᠨᠢᠭᠡᠨᠳᠡ ᠰᠢᠷ᠎ᠠ ᠠᠯᠠᠭ ᠲᠠᠢ ᠬᠠᠮᠳᠤ ᠦᠡᠭᠭᠡᠷᠡᠴᠢᠭᠡᠯᠡ᠃ ᠵᠠᠪᠠᠯ | ᠴᠠᠭ ᠲᠠᠭᠠᠨ ᠠᠵᠢᠯ ᠤᠨ ᠪᠠᠶᠢᠷᠢᠨ ᠳ᠋ᠠᠭᠠᠨᠪᠠᠶᠢᠬᠤ ᠶᠤᠰᠤᠳᠠᠢ ᠪᠤᠯᠬᠤᠷ ᠪᠢ ᠤᠷᠤᠬᠤ ᠯᠡ ᠭᠡᠷᠡᠭᠳᠠᠢ ᠪᠠᠶᠢᠪᠠ᠃ ᠪᠢ | ᠭᠡᠨ ᠨᠢᠭᠡ ᠬᠦᠮᠦᠨ ᠳᠤ ᠬᠠᠨᠳᠤᠭᠠᠳ ᠶᠠᠷᠢᠵᠦ ᠪᠠᠶᠢᠭᠠᠶᠤᠮ ᠰᠢᠭ᠋ ︽ᠵᠠ ᠪᠠᠶᠠᠷᠳᠠᠢ᠂ ᠪᠢ ᠤᠳᠤ ᠠᠵᠢᠯᠯᠠᠬᠤ ᠦᠭᠡᠢ | ᠪᠤᠯᠬᠤ ᠦᠭᠡᠢ ᠰᠢᠤ︾ ᠭᠡᠳ ᠤᠷᠤᠯ᠎ᠠ᠃ ᠴᠠᠬᠢᠯᠭᠠᠨ ᠱᠠᠳᠤᠬᠦ᠋ᠯᠢᠶᠡᠭᠡᠳ ᠭᠡᠰᠡᠭ ᠵᠤᠭᠰᠤᠬᠤ ᠵᠠᠭᠤᠷ᠎ᠠ ᠪᠢ | ᠭᠠᠳᠠᠭᠰᠢ ᠬᠠᠷᠠᠪᠠ᠃ ᠰᠢᠷ᠎ᠠ ᠠᠯᠠᠭ ᠶᠠᠪᠤᠭ᠎ᠠ ᠦᠭᠡᠢ ᠪᠠᠶᠢᠨ᠎ᠠ᠃ᠦᠭᠡᠳᠡ ᠠᠴᠠ ᠨᠢ ᠬᠠᠷᠠᠵᠦ ᠪᠠᠶᠢᠬᠤ ᠶᠢ | ᠮᠡᠳᠡᠭᠡᠳ ᠬᠦᠯ ᠢᠶᠠᠷ ᠢᠶᠠᠨ ᠰᠢᠯᠦᠨ ᠡᠬᠦᠳᠡ ᠶᠢ ᠳᠦᠯᠬᠢᠵᠦ ᠪᠠᠶᠢᠪᠠ᠃ ᠪᠢ ᠳᠡᠰᠦᠭᠰᠡᠨᠦᠭᠡᠢ ᠪᠤᠴᠠᠭᠠᠳ ᠭᠠᠷᠴᠤ | ᠢᠷᠡᠯ᠎ᠡ᠃ ︽ᠬᠦᠭᠡᠷᠦᠬᠦᠢ ᠮᠢᠨᠢ᠂ ᠮᠢᠨᠦ ᠶᠠᠭᠤ ᠨᠢ ᠴᠢᠮ᠎ᠠ ᠳᠤ ᠳᠠᠭᠠᠯᠠᠭᠳᠠᠭᠠ ᠶᠤᠮ ᠪᠤᠯ︖ ᠨᠠᠮᠠᠢᠢᠲ᠋ᠠᠭᠠᠭᠠᠳ ᠰᠠᠯᠬᠤ | ᠦᠭᠡᠢ ᠪᠠᠶᠢᠬᠤ ᠨᠢ ᠳᠡᠩᠳᠡᠬᠦᠦ ᠢᠳᠡᠭᠡᠭᠰᠡᠨ ᠤ ᠬᠢ ᠤᠤ︖︾ ᠭᠡᠵᠦ ᠪᠤᠳᠤᠭᠰᠠᠭᠠᠷ ᠰᠢᠷ᠎ᠠ | ᠠᠯᠠᠭ ᠢᠲ᠋ᠡᠪᠡᠷᠢᠯᠠ᠃ ᠳᠡᠷᠡ ᠨᠢᠭᠤᠷ ᠠᠮᠠ ᠶᠢ ᠦᠨᠦᠷᠯᠡᠵᠦ ᠰᠠᠶᠢᠮᠰᠤᠷᠬᠠᠭᠠᠳ ᠰᠦᠢᠳ᠃ ᠰᠢᠷ᠎ᠠ ᠠᠯᠠᠭ ᠤᠨ | ᠵᠢᠷᠦᠭᠡᠨ ᠴᠤᠬᠢᠯᠭᠠᠭᠠᠷ ᠲᠤ ᠮᠢᠨᠢ ᠮᠡᠳᠡᠷᠡᠭᠳᠡᠬᠦ ᠪᠠᠷ ᠪᠢ ᠬᠦᠯᠦᠭᠡ ᠶᠢ ᠲᠠᠭᠠᠨ ᠨᠢᠯᠬᠠᠷᠠᠨ ᠪᠠᠶᠢᠬᠤ ᠪᠠᠨ ᠮᠡᠳᠡᠷᠡᠪᠡ᠃ | ᠬᠦᠮᠦᠨ ᠪᠠᠭ᠎ᠠ ᠨᠠᠰᠤᠨ ᠳ᠋ᠠᠭᠠᠨᠬᠡᠵᠢᠶᠡ ᠴᠦ ᠪᠤᠴᠠᠵᠦ ᠳᠡᠶᠢᠯᠬᠦ ᠦᠭᠡᠢ ᠴᠦ ᠦᠪᠡᠷ ᠲᠤ ᠨᠢ ᠪᠠᠶᠢᠭᠰᠠᠨ ᠪᠠᠶᠢᠭ᠎ᠠ | ᠦᠭᠡᠢ ᠪᠦᠬᠦᠨ ᠢ ᠤᠷᠬᠢᠨ ᠨᠢᠯᠬᠠᠷᠠᠵᠦᠴᠢᠳᠠᠬᠤ ᠭᠡᠳᠡᠭ ᠵᠢᠷᠭᠠᠯ ᠪᠠᠶᠢᠬᠤ ᠨᠢ ᠡ᠃ ᠡᠨᠡᠭᠡᠨ ᠬᠤᠷᠤᠮ ᠳᠤ | ᠡᠩᠬᠦᠷᠡᠶᠢᠯᠡᠯ ᠤᠨ ᠦᠨ᠎ᠡ ᠴᠠᠨ᠎ᠠ ᠶᠠᠭᠤ ᠲᠠᠢ ᠴᠦ ᠵᠦᠢᠷᠯᠡᠰᠢᠦᠭᠡᠢ ᠡᠷᠬᠢᠮ ᠨᠠᠨᠳᠢᠨ ᠰᠠᠨᠠᠭᠳᠠᠪᠠ᠃ ᠪᠠᠭ᠎ᠠ | ᠪᠠᠶᠢᠬᠤ ᠳᠠᠭᠠᠨ ᠬᠤᠷᠳᠤᠬᠠᠨ ᠳᠤᠮᠤ ᠪᠤᠯᠬᠤ ᠶᠤᠮᠰᠠᠨ ᠭᠡᠵᠦ ᠮᠦᠷᠦᠭᠡᠳᠦᠳᠡᠭᠪᠠᠶᠢᠭᠰᠠᠨ ᠮᠢᠨᠢ ᠳᠤᠬᠠᠢ ᠶᠢᠨ | ᠨᠠᠰᠤᠨ ᠳᠠᠭᠠᠨ ᠪᠤᠯ ᠰᠠᠶᠢᠬᠠᠨ ᠯᠡ ᠪᠠᠶᠢᠭᠰᠠᠨ ᠪᠠᠶᠢᠬ᠎ᠠ᠃ ᠭᠡᠬᠦ ᠳᠤ ᠤᠳᠤ ᠢᠡᠭᠬᠢᠵᠦ ᠨᠢᠯᠬᠠᠵᠢᠭᠠᠯᠬᠠᠨ | ᠠᠮᠢᠳᠠᠨ ᠢ ᠳᠠᠭᠠᠵᠦ ᠡᠷᠭᠡᠯᠡᠬᠦ ᠭᠡᠳᠡᠭ ᠶᠠᠮᠠᠷ ᠦᠨ᠎ᠡ ᠲᠠᠢ ᠨᠠᠨᠳᠢᠨ ᠪᠠᠶᠢᠬᠤ ᠶᠢ ᠮᠡᠳᠡᠷᠡᠨ ᠵᠤᠭᠰᠤᠬᠤ ᠨᠢ ᠳ᠋ᠠ᠃ | ᠠᠮᠢᠳᠠᠨ ᠳᠤ ᠰᠡᠳᠬᠢᠯ ᠦᠭᠡᠢ ᠭᠡᠵᠦ ᠬᠡᠨ ᠬᠡᠯᠡᠪᠡ︖ ᠳᠡᠭᠡᠭᠡᠳ ᠴᠦ ᠠᠮᠢᠳᠠᠨ ᠠᠮᠢᠳᠠᠨ ᠤ ᠳᠤᠳᠤᠷ᠎ᠠ ᠠᠴᠠ | ᠨᠤᠬᠠᠢ ᠰᠢᠤᠳᠡ᠃ ᠨᠢᠭᠡᠨ ᠠᠬᠠᠮᠠᠳ ᠨᠤᠬᠠᠢ ᠶᠢᠨ ᠨᠢᠳᠦᠨ ᠤ ᠳᠤᠬᠠᠢ ᠬᠠᠭᠤᠴᠢᠯᠠᠭᠰᠠᠨ ᠢ ᠪᠢ ᠶᠡᠷᠦ ᠠᠴᠠ | ᠮᠠᠷᠳᠠᠳᠠᠭ ᠦᠭᠡᠢ᠃ ︽ᠶᠠᠮᠠᠷᠭᠡᠳᠡᠷ ᠳᠤᠭᠰᠢᠨ ᠵᠠᠭᠤᠳᠠᠭ ᠨᠤᠬᠠᠢ ᠪᠠᠶᠢᠯ᠎ᠠ ᠴᠦ ᠭᠡᠰᠡᠨ ᠨᠢᠳᠦ ᠶᠢ ᠨᠢ ᠡᠭᠴᠡ | ᠰᠢᠷᠳᠡᠭᠡᠳ ᠤᠳᠠᠭᠠᠨ ᠬᠠᠷᠠᠭᠠᠳ ᠪᠠᠶᠢᠬᠤ ᠪᠠᠷᠨᠤᠮᠤᠬᠠᠷᠠᠵᠦ ᠳᠠᠯᠳᠠᠷᠢᠳᠠᠭ ᠶᠤᠮ᠂ ᠬᠦᠮᠦᠨ ᠤ ᠨᠢᠳᠦ ᠠᠶᠤᠮᠰᠢᠭ ᠤᠨ | ᠭᠡᠬᠦ ᠳᠤ ᠨᠤᠬᠠᠢ ᠳᠡᠬᠦᠨ ᠢ ᠨᠢ ᠤᠡᠭᠰᠢᠨ ᠤᠶᠢᠯᠠᠭᠠᠵᠦᠴᠢᠳᠠᠳᠠᠭ ᠨᠢ ᠪᠦᠷ ᠬᠡᠴᠡᠬᠦᠦ︾ ᠭᠡᠰᠡᠨ ᠶᠠᠷᠢᠶ᠎ᠠ ᠨᠠᠮᠠᠶᠢᠢ | ᠰᠢᠷ᠎ᠠ ᠠᠯᠠᠭ ᠤᠨ ᠪᠤᠯᠤᠷ ᠳᠤᠩᠭᠠᠯᠠᠭ ᠨᠢᠳᠦ ᠲᠠᠢ ᠬᠤᠯᠪᠤᠭᠰᠠᠨ ᠪᠠᠶᠢᠵᠦᠯᠡ ᠳᠠᠭᠠᠷᠠᠭ᠎ᠠ᠃ ᠶᠡᠷᠦᠨᠢ ︽ᠬᠡᠤᠬᠡᠳ ᠨᠤᠬᠠᠢ | ᠬᠤᠶᠠᠷ ᠬᠦᠮᠦᠨ ᠳᠠᠨᠢᠳᠠᠭ︾ ᠭᠡᠵᠦ ᠪᠤᠭᠤᠷᠤᠯᠴᠤᠳ ᠮᠠᠨᠢ ᠶᠠᠷᠢᠳᠠᠭ ᠨᠢ ᠳᠦᠮᠡᠨᠵᠦ᠋ᠪ᠃ ᠨᠢᠳᠦ ᠭᠡᠳᠡᠭ ᠵᠢᠷᠦᠭᠡᠨ ᠤ | ᠡᠷᠭᠡᠳᠡᠨ ᠪᠤᠯᠤᠭᠠᠳ ᠳᠡᠷᠡ ᠤᠤ᠂ ᠡᠨᠡ ᠬᠤᠷᠸ᠎ᠠ ᠶᠢᠨ ᠠᠮᠢ ᠲᠠᠢ ᠪᠦᠬᠦᠨ ᠨᠢᠳᠦ ᠪᠠᠷ ᠵᠶ᠋ᠠᠨᠦᠭᠡ ᠬᠡᠯᠡᠵᠦ | ᠴᠢᠳᠠᠳᠠᠭ ᠨᠢ ᠦᠨᠡᠨ᠃ ᠬᠦᠳᠡᠭᠡ ᠪᠠᠶᠢᠬᠤ ᠳᠤ ᠶᠠᠭ ᠯᠡ ᠡᠬᠦᠨ ᠲᠠᠢ ᠠᠳᠠᠯᠢᠬᠠᠨ ᠰᠢᠷ᠎ᠠ ᠠᠯᠠᠭ | ᠬᠦᠯᠦᠭᠡᠲ᠋ᠡᠵᠢᠭᠡᠵᠦ ᠪᠠᠶᠢᠭᠰᠠᠨ ᠢᠶᠠᠨ ᠡᠷᠬᠢᠨ ᠰᠠᠨᠠᠪᠠ᠃ ᠳᠡᠷᠡ ᠨᠤᠬᠠᠢ ᠮᠠᠨ ᠤ ᠳᠤ ᠤᠯᠠᠨ ᠵᠢᠯ ᠪᠤᠯᠵᠦ ᠪᠢᠯᠡ᠃ | ᠰᠤᠷᠭᠠᠭᠤᠯᠢ ᠠᠴᠠ ᠪᠠᠨᠴᠢᠯᠦᠭᠡ ᠳᠠᠯᠪᠢᠭᠠᠳ ᠬᠠᠷᠢᠬᠤ ᠳᠤ ᠡᠮᠦᠨ᠎ᠡ ᠬᠦᠳᠦᠯ ᠢ ᠳᠠᠪᠠᠮᠠᠭᠴᠠ ᠤᠯᠵᠦ ᠬᠠᠷᠠᠴᠢᠬᠠᠭᠠᠳ | ᠰᠤᠮᠤᠳᠠᠵᠦ ᠢᠷᠡᠳᠡᠭ ᠨᠢ ᠤᠳᠤᠴᠤ ᠨᠢᠳᠦᠨ ᠳᠤ ᠳᠤᠳᠤᠬᠠᠨ᠃ ᠳᠡᠭᠡᠭᠡᠳ ᠬᠤᠶᠠᠭᠤᠯᠠ ᠪᠠᠨ ᠡᠯᠡᠰᠦᠨ ᠳᠡᠭᠡᠷ᠎ᠡ | ᠪᠦᠮᠪᠤᠷᠢᠵᠦ ᠨᠠᠭᠠᠳᠤᠭᠠᠳ ᠰᠦᠢᠳ ᠪᠤᠯᠳᠠᠭᠪᠠᠶᠢᠪᠠ ᠰᠢᠤ᠃ ᠰᠠᠨᠠᠭᠠᠨ ᠤ ᠴᠤ ᠶᠤᠮ ᠤᠤ ᠪᠤᠤ ᠮᠡᠳᠡ᠂ ᠡᠨᠡ | ᠬᠦᠯᠦᠭᠡ ᠮᠢᠨᠦ ᠰᠢᠷ᠎ᠠ ᠠᠯᠠᠭ ᠲᠠᠢ ᠨᠢᠭᠡᠯᠡ ᠠᠳᠠᠯᠢᠬᠠᠨᠬᠠᠷᠠᠭᠳᠠᠭᠠᠳ ᠪᠤᠯᠳᠠᠭ ᠦᠭᠡᠢ᠃ ᠬᠠᠷᠠᠮᠰᠠᠯᠳᠠᠢ ᠨᠢ ᠪᠢ | ᠬᠠᠶᠢᠷᠠᠳᠠᠢ ᠰᠢᠷ᠎ᠠ ᠠᠯᠠᠭ ᠤᠨ ᠢᠶᠠᠨ ᠨᠢᠳᠦ ᠶᠢ ᠨᠢᠭᠡᠴᠦ ᠤᠳᠠᠭ᠎ᠠ ᠨᠠᠷᠢᠨᠬᠠᠷᠠᠭᠠ ᠦᠭᠡᠢ ᠶᠤᠮ ᠪᠠᠶᠢᠵᠠᠢ᠃ | ᠭᠠᠷ ᠤᠳᠠᠰᠤ ᠮᠠᠨᠢ ᠵᠢᠩᠬᠢᠨᠠᠨ ᠳᠤᠤᠭᠠᠷᠪᠠ᠃ ᠠᠯᠪᠠᠨ ᠭᠡᠷ ᠠᠴᠠ ᠳᠠᠭᠤᠳᠠᠯᠭ᠎ᠠ ᠢᠷᠠᠵᠦ ᠪᠠᠶᠢᠬᠤ ᠨᠢ ᠡ᠃ | ᠮᠠᠰᠢᠶᠠᠭᠠᠷᠠᠤ ᠠᠵᠢᠯ ᠲᠠᠢ ᠶᠤᠮ ᠪᠤᠯᠬᠤᠷ ᠪᠢ ᠰᠢᠷ᠎ᠠ ᠠᠯᠠᠭ ᠢ ᠤᠷᠬᠢᠭᠠᠳ ᠤᠷᠤᠬᠤ ᠯᠡ ᠬᠡᠷᠡᠭᠳᠠᠢ | ᠪᠠᠶᠢᠪᠠ᠃ ᠪᠢ ᠭᠠᠷᠤᠳᠠᠰᠤ ᠪᠠᠨ ᠭᠠᠷᠭᠠᠵᠦ ᠭᠡᠳᠦᠨ ᠵᠢᠷᠤᠭ ᠠᠪᠤᠭᠰᠠᠨ ᠢᠶᠠᠨ ᠡᠷᠬᠢᠵᠦ ᠬᠠᠷᠠᠭᠰᠠᠨ ᠦᠭᠡᠢ | ᠤᠷᠤᠭᠠᠳ ᠶᠠᠪᠤᠯ᠎ᠠ᠃ ᠰᠡᠳᠬᠢᠯ ᠨᠢᠭᠡᠯᠡᠬᠦ᠋ᠨᠳᠦᠷᠦᠭᠡᠳ ᠶᠠᠭ ᠯᠡ ᠠᠯᠳᠠᠭ᠎ᠠ ᠭᠠᠷᠭᠠᠴᠢᠬᠠᠭᠰᠠᠨ ᠶᠤᠮ ᠰᠢᠭ᠋ | ᠳᠤᠭᠳᠠᠪᠤᠷᠢ ᠦᠭᠡᠢ᠃ ᠰᠠᠶ᠋ᠢᠬᠢ ᠵᠢᠷᠤᠭ ᠢᠶᠠᠨ ᠭᠠᠷᠭᠠᠵᠦᠤᠯᠠᠨ ᠤᠳᠠᠭ᠎ᠠ ᠦᠵᠡᠯ᠎ᠡ᠃ ︽ᠵᠠ ᠵᠠ᠁ ᠵᠦᠭᠡᠷ | ᠨᠢᠭᠡ ᠨᠤᠬᠠᠢ ᠶᠢᠨ ᠬᠦᠯᠦᠭᠡ ᠯᠡ ᠪᠢᠵᠠ︾ ᠭᠡᠵᠦ ᠦᠪᠡᠷ ᠢ ᠪᠠᠨᠲ᠋ᠠᠶᠢᠳᠬᠤᠷᠠᠭᠤᠯᠤᠨ ᠳᠦᠳᠦᠨᠡᠭᠰᠡᠨ ᠪᠤᠯᠪᠠᠴᠤ | ᠰᠡᠳᠬᠢᠯ ᠨᠢᠭᠡᠯᠡ ᠳᠠᠶᠢᠪᠤᠰᠢᠷᠠᠵᠦ ᠦᠭᠬᠦ ᠦᠭᠡᠢ ᠰᠢᠨᠠᠯᠭᠠᠭᠠᠳ ᠪᠠᠶᠢᠪᠠ᠃ᠰᠠᠶ᠋ᠢᠬᠢ ᠵᠢᠷᠤᠭ ᠠᠴᠠ ᠪᠠᠨ | ᠭᠤᠷᠪᠠ ᠶᠢ ᠰᠤᠩᠭᠤᠵᠦ ᠸᠢᠴᠠᠲ ᠳᠡᠭᠡᠷ᠎ᠡ ᠪᠠᠨ ᠨᠡᠶᠢᠳᠡᠯᠡᠯ᠎ᠡ᠃ ᠰᠡᠳᠬᠢᠯ ᠢᠭᠳᠦᠯᠦᠬᠦᠯᠦᠭᠰᠡᠨᠰᠠᠶᠢᠬᠠᠨ | ᠮᠦᠴᠡ ᠶᠢ ᠮᠦᠡᠭᠭᠡᠯᠡᠵᠦ ᠦᠯᠡᠳᠡᠭᠡᠬᠦ ᠭᠡᠰᠡᠨ ᠯᠡ ᠰᠠᠨᠠᠭ᠎ᠠ᠃ ᠨᠠᠶᠢᠵᠠ ᠨᠠᠷ ᠮᠢᠨᠢ ︽ᠳᠡᠬᠦᠨ ᠤ | ᠰᠡᠳᠬᠢᠯ ᠤᠨᠦᠭᠡ ᠶᠢ ᠤᠯᠵᠦ ᠰᠤᠨᠤᠰᠤᠭᠰᠠᠨ ᠤᠤ︖︾᠂ ︽ᠡᠵᠡᠨ ᠢᠶᠠᠨ ᠤᠯᠬᠤ ᠦᠭᠡᠢ ᠰᠠᠨᠳᠤᠷᠴᠤ ᠪᠠᠶᠢᠭ᠎ᠠ | ᠪᠠᠶᠢᠬ᠎ᠠ︾᠂ ︽ᠢᠳᠡᠬᠦᠶᠠᠭᠤᠮᠠ ᠦᠭᠬᠦᠭᠡᠴᠢ︾᠂ ︽ᠴᠢᠮ᠎ᠠ ᠲᠠᠢ ᠶᠠᠮᠠᠷ ᠨᠢᠭᠡᠨ ᠬᠤᠪᠢ ᠪᠠᠷᠢᠯᠳᠤᠯᠭ᠎ᠠ ᠲᠠᠢ ᠪᠠᠶᠢᠬ᠎ᠠ︾᠂ | ︽ᠴᠢ ᠳᠡᠵᠢᠭᠡᠭᠰᠡᠨ ᠪᠤᠯᠲ᠋ᠠᠭᠠᠷᠠᠨᠠ︾᠂ ︽ᠤᠳᠤ ᠬᠠᠮᠢᠭ᠎ᠠ ᠪᠠᠶᠢᠨ᠎ᠠ︖ ᠪᠢ ᠳᠡᠵᠢᠭᠡᠶᠡ︾ ᠭᠡᠵᠦ | ᠪᠤᠳᠤᠭᠰᠠᠨ ᠢᠶᠠᠷ ᠢᠶᠠᠨ ᠪᠤᠳᠠᠷᠠᠳᠠᠯ᠎ᠠ ᠦᠨᠡᠯᠡᠵᠡᠭᠡᠵᠦᠪᠠᠶᠢᠨᠠ᠃ ᠪᠢ ᠪᠦᠷ ᠴᠤ ᠰᠠᠭᠤᠭᠠᠳ ᠰᠠᠭᠤᠷᠢ ᠦᠭᠡᠢ ᠪᠤᠯᠪᠠ᠃ | ᠭᠠᠷ ᠲᠠᠬᠢ ᠠᠵᠢᠯ ᠢᠶᠠᠨ ᠳᠦᠡᠭᠭᠡᠵᠢ ᠠᠮᠵᠢᠭᠤᠯᠤᠮᠠᠭᠴᠠᠬᠦ᠋ᠶᠦᠭᠡᠳ ᠪᠠᠭᠤᠯ᠎ᠠ᠃ | ᠰᠢᠷ᠎ᠠ ᠠᠯᠠᠭ ᠤᠨ ᠪᠠᠷ᠎ᠠ ᠠᠯᠠᠭ᠎ᠠ᠃ ᠡᠷᠬᠢᠨ ᠳᠤᠭᠤᠷᠢᠨ ᠨᠡᠯᠢᠶᠡᠳ ᠬᠤᠯᠠ ᠭᠠᠵᠠᠷ ᠢᠶᠠᠷ ᠬᠠᠷᠠᠭ᠎ᠠ | ᠪᠡᠯᠴᠢᠭᠡᠯ᠎ᠡ᠃ᠤᠭᠳᠦ ᠬᠠᠷᠠᠭᠳᠠᠬᠤ ᠦᠭᠡᠢ ᠪᠠᠶᠢᠪᠠ᠃ ᠪᠢ ᠰᠢᠷ᠎ᠠ ᠠᠯᠠᠭ ᠢ ᠤᠷᠬᠢᠭᠠᠳ ᠤᠷᠤᠭᠰᠠᠨ ᠳᠠᠭᠠᠨ ᠬᠠᠷᠠᠮᠰᠠᠪᠠ᠃ | ᠮᠦᠰᠦᠨ ᠳᠡᠭᠡᠷᠡᠬᠠᠯᠳᠤᠷᠢᠬᠤ ᠠᠴᠠ ᠠᠶᠤᠭᠠᠳ ᠳᠦᠡᠭᠭᠡᠵᠢ ᠠᠯᠬᠤᠵᠦ ᠪᠠᠶᠢᠭᠰᠠᠨ ᠨᠠᠰᠤᠳᠠᠨ ᠤ | ᠳᠤᠬᠤᠢ ᠠᠴᠠ ᠨᠢ ᠳᠦᠰᠢᠭᠡ ᠦᠭᠡᠢ ᠪᠠᠨᠭᠤᠯᠤᠪᠠ᠃ ᠬᠠᠶᠢᠷ᠎ᠠ ᠪᠠᠷ ᠳᠤᠳᠠᠭᠰᠠᠨ ᠵᠢᠷᠦᠭᠡ ᠪᠠᠨ ᠪᠢ ᠭᠠᠷᠭᠠᠵᠦ | ᠠᠪᠴᠢᠷᠠᠭᠠᠳ ᠠᠷᠢᠭᠤᠯᠠᠵᠦ ᠠᠷᠢᠭᠤᠯᠠᠭᠠᠳ ᠪᠤᠴᠠᠭᠠᠵᠦᠤᠭᠰᠠᠷᠠᠮᠠᠷ ᠪᠤᠯᠪᠠ᠃ |