ᠮᠣᠩᠭᠤᠯ ᠦᠨᠳᠦᠰᠦᠲᠡᠨ ᠤ ᠰᠢᠯᠦᠭᠴᠢ ᠴ᠊ · ᠥᠯᠵᠡᠶᠢᠪᠠᠲᠤ ᠶᠢᠨ ᠵᠣᠬᠢᠶᠠᠭᠰᠠᠨ ᠤᠶᠠᠩᠭ᠎ᠠ ᠶᠢᠨ ᠰᠢᠯᠦᠭ᠃ | ᠴ᠊ · ᠥᠯᠵᠡᠶᠢᠪᠠᠲᠤ ︵1909~1980︶ ᠰᠢᠨᠵᠢᠶᠠᠩ ᠤᠨ ᠲᠠᠷᠪᠠᠭᠠᠳᠠᠢ ᠬᠤᠳᠠ ᠶᠢᠨ ᠪᠠᠷᠠᠯᠠᠭ ᠤᠨ ᠨᠠᠢᠮᠠᠳᠤᠭᠠᠷ | ᠰᠤᠮᠤ ︵ᠤᠳᠣ ᠶᠢᠨ ᠧ ᠮᠢᠨ ᠰᠢᠶᠠᠨ︶ ᠤ ᠬᠥᠮᠥᠨ᠃ ᠲᠠᠷᠠ ᠰᠢᠨᠵᠢᠶᠠᠩ ᠤᠨ ᠠᠷᠠᠳ ᠤᠨ ᠬᠡᠪᠯᠡᠯ ᠤᠨ | ᠬᠤᠷᠢᠶᠠᠨ ᠤ ᠮᠣᠩᠭᠤᠯ ᠨᠠᠶᠢᠷᠠᠭᠤᠯᠬᠤ ᠬᠡᠯᠲᠡᠰ ᠤᠨ ᠳᠠᠷᠤᠭ᠎ᠠ᠂ ᠰᠢᠨᠵᠢᠶᠠᠩ ᠤᠨ ᠰᠤᠷᠭᠠᠨ ᠬᠥᠮᠦᠵᠢᠯ ᠤᠨ | ᠬᠡᠪᠯᠡᠯ ᠤᠨ ᠬᠤᠷᠢᠶᠠᠨ ᠤ ᠮᠣᠩᠭᠤᠯ ᠨᠠᠶᠢᠷᠠᠭᠤᠯᠬᠤ ᠬᠡᠯᠲᠡᠰ ᠤᠨ ᠳᠠᠷᠤᠭ᠎ᠠ᠂ ︽ᠦᠦᠷ ᠤᠨ ᠴᠣᠯᠮᠣᠨ︾ ᠰᠡᠳᠬᠦᠯ ᠤᠨ | ᠡᠷᠬᠢᠯᠠᠠ ᠨᠠᠶᠢᠷᠠᠭᠤᠯᠤᠭᠴᠢ ᠵᠡᠷᠭᠡ ᠲᠤᠰᠢᠶᠠᠯ ᠢ ᠬᠠᠷᠢᠭᠤᠴᠠᠵᠤ ᠥᠩᠭᠡᠷᠡᠪᠡ᠃ ᠲᠠᠷᠠ ᠮᠣᠩᠭᠤᠯ ᠬᠡᠯ᠎ᠠ ᠪᠠᠨ | ᠨᠠᠪᠳᠠᠷᠠᠳᠠᠯ᠎ᠠ ᠮᠡᠳᠡᠬᠦ ᠠᠴᠠ ᠭᠠᠳᠠᠨ᠎ᠠ ᠤᠶᠢᠭᠤᠷ᠂ ᠬᠠᠰᠠᠭ᠂ ᠬᠢᠲᠠᠳ ᠬᠡᠯᠡᠨ ᠳᠤ ᠴᠣ᠋ ᠲᠣᠩ ᠰᠠᠶᠢᠨ᠃ ᠪᠦᠭᠦᠳᠠ | ᠨᠠᠶᠢᠷᠠᠮᠳᠠᠬᠤ ᠮᠣᠩᠭᠤᠯ ᠠᠷᠠᠳ ᠤᠯᠤᠰ ᠤᠨ ᠠᠯᠳᠠᠷᠲᠤ ᠵᠣᠬᠢᠶᠠᠯᠴᠢ ᠼ᠊· ᠳᠠᠮᠳᠢᠨᠰᠦ᠋ᠷᠦᠩ ᠤᠨ ︽ᠰᠣᠯᠢ ᠶᠢ | ᠰᠣᠯᠢᠭᠰᠠᠨ︾ ᠭᠡᠬᠦ ᠰᠢᠯᠢᠳᠡᠭ ᠥᠭᠦᠯᠡᠯᠭᠡ ᠶᠢ ᠬᠠᠰᠠᠭ ᠬᠡᠯᠡᠨ ᠳᠡᠭᠡᠷ᠎ᠡ ᠣᠷᠴᠢᠭᠤᠯᠤᠭᠰᠠᠨ ᠪᠠᠶᠢᠨ᠎ᠠ᠃ ᠵᠣᠬᠢᠶᠠᠯ | ᠪᠦᠲᠦᠭᠡᠯ ᠨᠢ ︽ᠥᠩᠭᠡ ᠶᠢᠨ ︿ᠴᠡᠴᠡᠭ﹀︾᠂ ︽ᠰᠢᠨ᠎ᠡ ᠴᠠᠭ ᠤᠨ ᠡᠬᠡᠨᠡᠷ ᠬᠡᠦᠬᠡᠳ︾᠂ ︽ᠠᠷᠠᠢ ᠭᠥᠷᠳᠡᠭᠰᠡᠨ ᠰᠡᠯᠡᠭᠦᠦ︾ | ᠵᠡᠷᠭᠡ ᠰᠢᠯᠦᠭ᠂ ︽ᠪᠠᠭᠠᠲᠤᠷ︾᠂ ︽ᠡᠩᠨᠡᠭᠡ ᠳᠡᠭᠡᠨ ᠡᠷᠭᠢᠭᠰᠡᠨ ᠨᠢ︾ ᠵᠡᠷᠭᠡ ᠥᠭᠦᠯᠡᠯᠭᠡ᠂ ︽ᠳᠤᠷᠠᠰᠬᠠᠯ︾ ᠬᠡᠮᠡᠬᠦ | ᠨᠠᠶᠢᠷᠠᠭᠯᠠᠯ᠂ ︽ᠮᠠᠯᠴᠢᠳ ᠤᠨ ᠰᠡᠳᠬᠢᠯ︾ ᠬᠡᠮᠡᠬᠦ ᠲᠡᠭᠦᠪᠦᠷᠢ ᠲᠠᠢ᠃ ︽ᠠᠯᠳᠠᠠ ᠥᠯᠥᠭᠡᠢ ᠡᠬᠡ ᠣᠷᠣᠨ︾ ᠨᠢ | 1955 ᠣᠨ ᠳᠤ ᠪᠢᠴᠢᠭᠳᠡᠵᠦ᠂ 20 ᠬᠡᠳᠦᠨ ᠪᠠᠳᠠᠭ᠂ 100 ᠢᠯᠡᠭᠦᠦ ᠮᠥᠷ ᠲᠠᠢ᠃ ᠰᠢᠯᠦᠭᠴᠢ ᠣᠷᠭᠢᠯᠤᠮ᠎ᠠ | ᠬᠠᠯᠠᠭᠤᠨ ᠰᠡᠳᠬᠢᠯᠭᠡ ᠪᠠᠷ ᠠᠯᠳᠠᠠ ᠥᠯᠥᠭᠡᠢ ᠡᠬᠡ ᠣᠷᠣᠨ ᠤ ᠪᠠᠨ ᠰᠢᠨ᠎ᠡ ᠬᠤᠪᠢᠷᠠᠯᠲᠠ ᠶᠢ ᠤᠶᠠᠩᠭᠠᠯᠠᠨ | ᠮᠠᠭᠲᠠᠵᠤ᠂ ᠡᠪ ᠬᠠᠮᠲᠤ ᠨᠠᠮ ᠤᠨ ᠤᠳᠤᠷᠢᠳᠤᠯᠭ᠎ᠠ ᠳᠣᠣᠷ᠎ᠠ᠂ ᠡᠯ᠎ᠡ ᠦᠨᠳᠦᠰᠦᠲᠡᠨ ᠤ ᠠᠷᠠᠳ ᠲᠦᠮᠡᠨ ᠡᠷᠬᠡ | ᠲᠡᠭᠰᠢ ᠪᠠᠷ ᠡᠵᠡᠨ ᠰᠠᠭᠤᠵᠤ᠂ ᠵᠣᠯ ᠵᠢᠷᠭᠠᠯᠲᠠᠢ ᠠᠮᠢᠳᠤᠷᠠᠯ ᠢᠶᠠᠨ ᠡᠬᠢᠯᠡᠭᠦᠯᠵᠦ ᠪᠠᠶᠢᠬᠤ ᠶᠢ ᠬᠠᠷᠠᠭᠤᠯᠤᠨ ᠲᠤᠰᠬᠠᠵᠤ᠂ | ᠬᠠᠭᠤᠴᠢᠨ ᠨᠡᠶᠢᠭᠡᠮ ᠢ ᠵᠦᠢᠷᠯᠡᠰᠢ ᠦᠭᠡᠢ ᠵᠠᠨᠤᠨ ᠬᠤᠷᠣᠰᠬᠤ ᠰᠡᠳᠬᠢᠯᠭᠡ ᠨᠢ ᠴᠣ᠋ ᠪᠢᠯᠬᠠᠮ᠎ᠠ᠃ ᠲᠣᠰ ᠰᠢᠯᠦᠭ | ᠦᠨᠳᠦᠰᠦᠲᠡᠨ ᠤ ᠣᠨᠴᠠᠯᠢᠭ ᠢᠶᠠᠷ ᠴᠢᠩᠭ᠎ᠠ᠂ ᠬᠡᠯ᠎ᠠ ᠬᠡᠯᠡᠯᠭᠡ ᠨᠢ ᠤᠷᠠᠨ ᠲᠣᠳᠣ᠃ |