ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠤᠲᠤᠭ ᠲᠡᠪᠢᠰᠭᠡᠷ ᠳᠡᠭᠡᠷ᠎ᠡ ᠨᠤᠲᠤᠭᠰᠢᠳᠠᠭ ᠪᠠ ᠬᠠᠪᠤᠷ | ᠢᠷᠡᠵᠦ ᠨᠠᠮᠤᠷ ᠪᠤᠴᠠᠳᠠᠭ ᠵᠢᠭᠦᠷᠲᠡᠨ ᠭᠡᠪᠡᠯ ᠪᠦᠷᠭᠦᠳ᠂ ᠶᠣᠯᠤ᠂ ᠡᠯᠢᠶ᠎ᠡ᠂ ᠬᠡᠷᠢᠶ᠎ᠡ᠂ ᠱᠠᠭᠠᠵᠠᠭᠠᠢ᠂ ᠲᠤᠷᠯᠢᠶᠠᠬ᠎ᠠ᠂ | ᠰᠢᠷ᠎ᠠ ᠰᠢᠪᠠᠭᠤ᠂ ᠣᠭᠤᠯᠢ᠂ ᠬᠦᠭᠦᠭᠡ᠂ ᠨᠣᠭᠳᠤᠷᠣᠣ᠂ ᠢᠲᠠᠭᠤ᠂ ᠲᠠᠰ᠂ ᠰᠠᠷ᠂ ᠪᠦᠳᠦᠭᠦᠨ ᠬᠠᠷ᠎ᠠ ᠰᠢᠪᠠᠭᠤ᠂ | ᠴᠠᠭᠠᠨ ᠡᠯᠢᠭᠡ ᠲᠠᠢ ᠰᠢᠪᠠᠭᠤ᠂ ᠮᠠᠯᠠᠭᠠᠢ ᠲᠠᠢ ᠰᠢᠪᠠᠭᠤ᠂ ᠯᠠᠮᠠ ᠭᠠᠯᠠᠭᠤ᠂ ᠴᠠᠭᠠᠨ ᠭᠠᠯᠠᠭᠤ᠂ ᠠᠩᠭᠢᠷ᠂ ᠬᠠᠷᠴᠠᠭᠠᠢ | ᠂ ᠲᠣᠭᠤᠳᠠᠭ᠂ ᠥᠪᠦᠭᠡᠯᠵᠢ᠂ ᠲᠠᠯᠠᠨ ᠬᠡᠯᠡᠲᠦ᠂ ᠣᠶᠢᠯᠠᠭᠠᠨ ᠰᠢᠪᠠᠭᠤ᠂ ᠪᠣᠯᠵᠤᠮᠤᠷ᠂ ᠭᠤᠷᠭᠤᠤᠯ᠂ ᠶᠠᠩᠵᠤ | ᠪᠦᠷᠢ ᠶᠢᠨ ᠴᠡᠭᠴᠦᠭᠡᠢ ᠵᠡᠷᠭᠡ ᠨᠢᠭᠡᠨᠲᠡ ᠮᠡᠳᠡᠭᠰᠡᠨ 102 ᠵᠦᠢᠯ ᠤᠨ ᠰᠢᠪᠠᠭᠤ ᠪᠣᠢ᠃ ᠡᠭᠦᠨ ᠳᠤ ᠪᠦᠷᠢᠨ ᠪᠤᠰᠤ | ᠪᠦᠷᠢᠳᠭᠡᠯ ᠢᠶᠠᠷ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠵᠢᠭᠦᠷᠲᠡᠨ ᠭᠤᠷᠪᠠ᠂ ᠬᠤᠶᠠᠳᠤᠭᠠᠷ | ᠳᠡᠰ ᠤᠨ ᠬᠠᠮᠠᠭᠠᠯᠠᠯᠲᠠ ᠶᠢᠨ ᠵᠢᠭᠦᠷᠲᠡᠨ ᠠᠷᠪᠠ ᠭᠠᠷᠤᠢ ᠪᠠᠶᠢᠳᠠᠭ᠃ | ᠲᠣᠲᠤᠭ ᠲᠤᠭᠤᠷᠤᠤᠯᠢᠭ ᠰᠢᠪᠠᠭᠤᠨ ᠤ ᠪᠠᠭ᠂ ᠲᠣᠲᠤᠭ ᠤᠨ ᠢᠵᠠᠭᠤᠷ᠂ ᠲᠥᠷᠥᠯ᠃ ᠪᠡᠶ᠎ᠡ ᠶᠢᠨ ᠤᠷᠲᠤ ᠨᠢ | 103cm᠂ ᠳᠠᠯᠠᠪᠴᠢ ᠨᠢ 60cm᠂ ᠰᠡᠭᠦᠯ ᠨᠢ 24cm᠂ ᠬᠤᠰᠢᠭᠤ ᠨᠢ 4.7 cm᠂ ᠤᠯᠠ ᠪᠡᠷᠪᠡᠭᠡᠷ ᠨᠢ | 14.1cm ᠬᠦᠷᠳᠡᠭ᠃ ᠬᠤᠰᠢᠭᠤ ᠨᠢ ᠣᠬᠤᠷ ᠪᠥᠭᠡᠳ ᠬᠠᠪᠲᠠᠭᠠᠶᠢᠪᠲᠤᠷ᠂ ᠬᠥᠬᠡ ᠥᠩᠭᠡ ᠲᠠᠢ᠂ | ᠦᠵᠦᠭᠦᠷ ᠨᠢ ᠬᠠᠷᠠᠪᠲᠤᠷ᠃ ᠨᠢᠳᠦ ᠨᠢ ᠬᠠᠷ᠎ᠠ ᠬᠦᠷᠡᠩ᠂ ᠬᠥᠯ ᠨᠢ ᠤᠷᠲᠤ ᠪᠦᠳᠦᠭᠦᠨ᠂ ᠭᠤᠷᠪᠠᠨ ᠬᠤᠷᠤᠭᠤ ᠲᠠᠢ᠃ | ᠲᠣᠯᠣᠭᠠᠢ᠂ ᠬᠦᠵᠦᠭᠦᠦ᠂ ᠴᠡᠭᠡᠵᠢ ᠨᠢ ᠬᠥᠬᠡ᠃ ᠨᠠᠬᠠᠢ᠂ ᠬᠤᠭᠤᠯᠠᠢ ᠨᠢ ᠴᠠᠭᠠᠨ᠂ ᠤᠷᠲᠤ ᠦᠰᠦᠯᠢᠭ ᠥᠳᠥ | ᠰᠤᠨᠤᠨ ᠭᠠᠷᠳᠠᠭ᠃ ᠨᠢᠷᠤᠭᠤ ᠪᠡᠶ᠎ᠡ ᠨᠢ ᠬᠤᠩᠭᠤᠷ ᠬᠤᠸᠠ ᠳᠡᠭᠡᠷ᠎ᠡ ᠬᠥᠨᠳᠡᠯᠡᠨ ᠬᠠᠷ᠎ᠠ ᠵᠣᠷᠪᠣᠰ ᠤᠳ ᠲᠠᠢ᠃ | ᠰᠡᠭᠦᠯ ᠤᠨ ᠭᠤᠣᠯ ᠦᠳᠦ ᠨᠢ ᠨᠢᠷᠦᠭᠤᠨ ᠪᠡᠶ᠎ᠡ ᠶᠢᠨ ᠥᠩᠭᠡ ᠲᠠᠢ ᠪᠠᠨ ᠠᠳᠠᠯᠢ᠂ ᠦᠵᠦᠭᠦᠷ ᠨᠢ ᠴᠠᠭᠠᠨ᠂ ᠪᠤᠰᠤᠳ | ᠦᠳᠦ ᠶᠢᠨ ᠴᠠᠭᠠᠨ ᠨᠢ ᠶᠡᠭᠡ ᠪᠣᠯᠪᠠᠴᠤ ᠦᠵᠦᠭᠦᠷ ᠬᠠᠪᠢ ᠪᠠᠷ ᠢᠶᠠᠨ ᠬᠥᠨᠳᠡᠯᠡᠨ ᠬᠠᠷ᠎ᠠ ᠵᠣᠷᠪᠣᠰ ᠲᠠᠢ᠃ | ᠳᠠᠯᠠᠪᠴᠢᠨ ᠤ ᠪᠦᠷᠬᠦᠭᠦᠯ ᠥᠳᠥ ᠬᠥᠬᠡ᠂ ᠦᠵᠦᠭᠦᠷ ᠨᠢ ᠴᠠᠭᠠᠨ᠃ ᠲᠡᠷᠢᠭᠦᠨ ᠪᠠ ᠳᠡᠳ᠋ ᠨᠢᠰᠦᠯᠲᠡ ᠶᠢᠨ | ᠥᠳᠥ ᠨᠢ ᠬᠠᠷ᠎ᠠ ᠪᠣᠷᠣ᠂ ᠤᠭ ᠨᠢ ᠴᠠᠭᠠᠨ᠃ ᠭᠤᠳᠠᠭᠠᠷ ᠨᠢᠰᠦᠯᠲᠠ ᠶᠢᠨ ᠥᠳᠥ ᠨᠢ ᠴᠠᠭᠠᠨ᠃ ᠴᠡᠭᠡᠵᠢᠨ ᠤ | ᠬᠤᠶᠠᠷ ᠬᠠᠵᠠᠭᠤ ᠲᠠᠯ᠎ᠠ ᠨᠢ ᠨᠢᠷᠤᠭᠤ ᠪᠡᠶ᠎ᠡ ᠲᠠᠢ ᠪᠠᠨ ᠠᠳᠠᠯᠢ ᠥᠩᠭᠡ ᠲᠠᠢ ᠪᠠᠶᠢᠵᠤ᠂ ᠡᠯᠢᠭᠡᠨ ᠪᠡᠶ᠎ᠡ ᠨᠢ ᠴᠠᠭᠠᠨ | ᠥᠩᠭᠡ ᠲᠠᠢ᠃ | ᠰᠢᠯᠢ ᠵᠣ᠂ ᠬᠥᠳᠡᠭᠡ ᠲᠠᠯ᠎ᠠ ᠪᠠᠷ᠂ ᠡᠪᠡᠰᠦᠨ ᠤ ᠨᠢᠯᠬ᠎ᠠ ᠨᠠᠪᠴᠢ ᠨᠠᠬᠢᠶ᠎ᠠ᠂ ᠥᠷ᠎ᠡ ᠵᠢᠮᠢᠰ ᠪᠣᠯᠣᠨ ᠡᠯᠳᠡᠪ | ᠵᠢᠵᠢᠭ ᠠᠮᠢᠲᠠᠳ ᠢᠶᠠᠷ ᠢᠳᠡᠰᠢ ᠪᠣᠯᠭᠠᠳᠠᠭ᠃ ᠭᠠᠵᠠᠷ ᠲᠤ ᠡᠭᠦᠷᠯᠡᠨ 2 — 3 ᠬᠦᠷᠡᠩ ᠪᠢᠳᠠᠷ ᠪᠦᠬᠦᠢ | ᠬᠥᠬᠡᠪᠲᠥᠷ ᠥᠨᠳᠡᠭᠡ ᠭᠠᠷᠭᠠᠳᠠᠭ᠃ ᠮᠢᠬ᠎ᠠ ᠨᠢ ᠠᠮᠲᠠᠲᠠᠢ᠃ ᠥᠳᠥ ᠨᠢ ᠭᠤᠶᠣᠯᠭᠠᠨ ᠳᠤ ᠣᠷᠣᠳᠠᠭ᠃ | ᠰᠢᠨᠵᠢᠶᠠᠩ᠂ ᠥᠪᠥᠷ ᠮᠣᠩᠭᠤᠯ᠂ ᠵᠡᠭᠦᠨ ᠬᠤᠶᠢᠲᠤ ᠶᠢᠨ ᠤᠮᠠᠷ᠎ᠠ ᠲᠠᠯ᠎ᠠ ᠪᠠᠷ ᠦᠷᠡᠵᠢᠵᠦ᠂ ᠡᠪᠦᠯ ᠭᠠᠨᠰᠤ᠂ | ᠾᠧᠪᠧᠢ ᠪᠠᠷ ᠣᠴᠢᠵᠤ ᠡᠪᠥᠯᠵᠢᠳᠡᠭ᠃ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ ᠪᠦᠷᠢᠳᠬᠡᠭᠦᠯᠦᠭᠰᠡᠨ | ᠵᠢᠭᠦᠷᠲᠡᠨ ᠪᠣᠯᠣᠨ᠎ᠠ᠃ | ᠬᠠᠷ᠎ᠠ ᠥᠷᠪᠢ ᠥᠷᠪᠢᠯᠢᠭ ᠰᠢᠪᠠᠭᠤᠨ ᠤ ᠪᠠᠭ᠂ ᠥᠷᠪᠢ ᠶᠢᠨ ᠢᠵᠠᠭᠤᠷ᠂ ᠲᠥᠷᠥᠯ᠃ ᠪᠡᠶ᠎ᠡ ᠶᠢᠨ ᠤᠷᠲᠤ | ᠨᠢ 100 cm᠂ ᠳᠠᠯᠠᠪᠴᠢ ᠨᠢ 51cm᠂ ᠰᠡᠭᠦᠯ ᠨᠢ 22cm᠂ ᠬᠤᠰᠢᠭᠤ ᠨᠢ 19 cm᠂ ᠤᠯᠠ | ᠪᠡᠷᠪᠡᠭᠡᠷ ᠨᠢ 18.5cm ᠬᠦᠷᠳᠡᠭ᠃ ᠬᠤᠰᠢᠭᠤ ᠨᠢ ᠪᠠᠭ᠎ᠠ ᠬᠠᠪᠲᠠᠭᠠᠶᠢᠪᠲᠤᠷ ᠴᠢᠭᠡ ᠤᠷᠲᠤ᠂ ᠬᠠᠷ᠎ᠠ ᠤᠯᠠᠭᠠᠨ | ᠥᠩᠭᠡ ᠲᠠᠢ᠃ ᠨᠢᠳᠦ ᠨᠢ ᠬᠦᠷᠡᠩ᠂ ᠬᠥᠯ ᠬᠦᠵᠦᠭᠦᠦ ᠨᠢ ᠤᠷᠲᠤ᠂ ᠬᠥᠯ ᠤᠨ ᠰᠢᠯᠪᠢᠨ ᠤ ᠬᠠᠭᠠᠰ ᠨᠢ ᠨᠢᠴᠦᠭᠦᠨ᠂ | ᠤᠯᠠᠭᠠᠨ ᠥᠩᠭᠡ ᠲᠠᠢ᠃ ᠬᠤᠷᠤᠭᠤ ᠨᠢ ᠤᠷᠲᠤ ᠪᠣᠰᠣ᠂ ᠤᠭ ᠲᠠᠭᠠᠨ ᠲᠤᠲᠠᠭᠤ ᠰᠠᠷᠢᠰᠤ ᠲᠠᠢ᠃ ᠲᠣᠯᠣᠭᠠᠢ᠂ | ᠬᠦᠵᠦᠭᠦᠦ᠂ ᠴᠡᠭᠡᠵᠢ᠂ ᠨᠢᠷᠤᠭᠤ᠂ ᠳᠠᠯᠠᠪᠴᠢ ᠪᠠ ᠰᠡᠭᠦᠯ ᠤᠨ ᠥᠳᠥ ᠨᠢ ᠪᠥᠷ ᠬᠦᠷᠡᠪᠲᠦᠷ ᠬᠠᠷ᠎ᠠ᠂ | ᠬᠢᠯᠲᠠᠭᠠᠨᠠᠭᠰᠠᠨ ᠶᠠᠭᠠᠨ ᠨᠣᠭᠤᠭᠠᠨ ᠭᠢᠯᠪᠠᠭ᠎ᠠ ᠲᠠᠢ᠃ ᠪᠤᠰᠤᠳ ᠪᠡᠶ᠎ᠡ ᠨᠢ ᠪᠥᠷ ᠴᠠᠭᠠᠨ᠃ ᠠᠭᠤᠯᠠᠨ ᠤ ᠭᠤᠣᠯ | ᠭᠤᠷᠣᠬᠠᠨ ᠠᠴᠠ ᠵᠢᠭᠠᠰᠤ᠂ ᠮᠡᠯᠡᠬᠡᠢ ᠪᠣᠯᠣᠨ ᠰᠢᠪᠠᠵᠢ᠂ ᠮᠣᠭᠠᠢ ᠵᠡᠷᠭᠡ ᠶᠢ ᠪᠠᠷᠢᠵᠤ ᠢᠳᠡᠳᠡᠭ᠃ ᠶᠡᠷᠦᠳᠡᠭᠡᠨ ᠳᠠᠩ | ᠭᠠᠭᠴᠠᠭᠠᠷ ᠶᠠᠪᠤᠵᠤ ᠮᠣᠲᠣᠨ ᠳᠡᠭᠡᠷ᠎ᠡ ᠬᠤᠨᠣᠭᠯᠠᠳᠠᠭ᠃ ᠬᠠᠪᠴᠠᠭᠠᠢ ᠴᠢᠯᠠᠭᠤᠨ ᠳᠡᠭᠡᠷ᠎ᠡ ᠡᠭᠦᠷᠯᠡᠨ 4 ᠶᠠᠭᠠᠨ | ᠥᠨᠳᠡᠭᠡ ᠭᠠᠷᠭᠠᠳᠠᠭ ᠠᠩᠭᠠᠬᠠᠶᠢᠲᠤ ᠰᠢᠪᠠᠭᠤ ᠪᠣᠯᠣᠨ᠎ᠠ᠃ | ᠪᠥᠬᠦ ᠣᠷᠣᠨ ᠳᠤ ᠪᠥᠷ ᠲᠠᠭᠠᠷᠠᠯᠳᠤᠬᠤ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ | ᠪᠦᠷᠢᠳᠬᠡᠭᠦᠯᠦᠭᠰᠡᠨ ᠵᠢᠭᠦᠷᠲᠡᠨ ᠪᠣᠯᠣᠨ᠎ᠠ᠃ | ᠬᠦᠷᠡᠩ ᠪᠦᠷᠭᠦᠳ ᠬᠠᠷᠴᠠᠭᠠᠶᠢᠯᠢᠭ ᠰᠢᠪᠠᠭᠤᠨ ᠤ ᠪᠠᠭ᠂ ᠬᠠᠷᠴᠠᠭᠠᠢ ᠶᠢᠨ ᠢᠵᠠᠭᠤᠷ᠂ ᠪᠦᠷᠭᠦᠳ ᠤᠨ | ᠲᠥᠷᠥᠯ᠃ ᠪᠡᠶ᠎ᠡ ᠶᠢᠨ ᠤᠷᠲᠤ ᠨᠢ 30.9cm᠂ ᠳᠠᠯᠠᠪᠴᠢ ᠨᠢ 66cm᠂ ᠰᠡᠭᠦᠯ ᠨᠢ 37cm᠂ | ᠬᠤᠰᠢᠭᠤ ᠨᠢ 6 cm᠂ ᠤᠯᠠ ᠪᠡᠷᠪᠡᠬᠡᠢ ᠨᠢ 12cm ᠬᠦᠷᠳᠡᠭ᠃ ᠬᠤᠰᠢᠭᠤ ᠨᠢ ᠬᠠᠷᠠᠪᠲᠤᠷ ᠬᠦᠷᠡᠩ᠂ | ᠦᠵᠦᠭᠦᠷ ᠨᠢ ᠮᠠᠬᠢᠷ᠂ ᠤᠭ ᠲᠠᠬᠢ ᠰᠢᠷ᠎ᠠ ᠯᠠᠯᠢᠭ ᠪᠦᠷᠬᠦᠭᠦᠯ ᠨᠢ ᠬᠤᠰᠢᠭᠤᠨ ᠤ ᠪᠠᠨ ᠬᠠᠭᠠᠰ ᠲᠤ ᠬᠦᠷᠳᠡᠭ᠃ | ᠬᠠᠮᠠᠷ ᠤᠨ ᠨᠥᠬᠡ ᠨᠢ ᠲᠥᠭᠦᠷᠢᠭ ᠬᠡᠯᠪᠡᠷᠢᠲᠡᠢ᠃ ᠨᠢᠳᠦ ᠨᠢ ᠤᠯᠠᠪᠤᠷ ᠬᠦᠷᠡᠩ᠃ ᠬᠥᠯ ᠨᠢ ᠰᠢᠷ᠎ᠠ᠂ ᠬᠢᠮᠤᠰᠤ ᠨᠢ | ᠬᠠᠷ᠎ᠠ᠂ ᠤᠯᠠ ᠪᠡᠷᠪᠡᠬᠡᠢ ᠨᠢ ᠣᠬᠤᠷ᠂ ᠥᠳᠥ ᠪᠠᠷ ᠪᠦᠷᠬᠦᠭᠳᠡᠳᠡᠭ᠃ ᠬᠤᠶᠢᠲᠤ ᠬᠤᠷᠤᠭᠤᠨ ᠬᠢᠮᠤᠰᠤ ᠨᠢ ᠤᠷᠲᠤ᠃ | ᠲᠣᠯᠣᠭᠠᠢ ᠶᠢᠨ ᠣᠷᠣᠢ ᠨᠢ ᠬᠠᠷ᠎ᠠ ᠬᠦᠷᠡᠩ᠂ ᠳᠤᠬᠤ ᠪᠠ ᠬᠦᠵᠦᠭᠦᠨ ᠠᠷᠤ ᠬᠥᠪᠡᠭᠡ ᠨᠢ ᠴᠠᠶᠢᠪᠤᠷ᠂ ᠤᠯᠠᠪᠤᠷ | ᠬᠦᠷᠡᠩ ᠬᠠᠷᠪᠤᠭᠤᠯ ᠬᠡᠯᠪᠡᠷᠢ ᠶᠢᠨ ᠥᠳᠥ ᠲᠠᠢ᠃ ᠠᠷᠤ ᠪᠡᠶ᠎ᠡ ᠨᠢ ᠤᠯᠠᠪᠤᠷ ᠬᠦᠷᠡᠩ ᠪᠠᠶᠢᠵᠤ᠂ ᠭᠠᠭᠴᠠ ᠮᠥᠷᠥᠨ ᠤ | ᠥᠳᠥ ᠨᠢ ᠴᠠᠶᠢᠪᠤᠷ᠂ ᠨᠢᠷᠤᠭᠤᠨ ᠤ ᠥᠳᠥᠨ ᠤ ᠤᠭ ᠨᠢ ᠴᠠᠭᠠᠨ ᠪᠠᠶᠢᠳᠠᠭ᠃ ᠡᠯᠢᠭᠡᠨ ᠪᠡᠶ᠎ᠡ ᠨᠢ ᠬᠠᠷᠠᠪᠲᠤᠷ | ᠬᠦᠷᠡᠩ ᠪᠠᠶᠢᠵᠤ᠂ ᠴᠡᠭᠡᠵᠢᠨ ᠤ ᠥᠳᠥᠨ ᠤ ᠭᠤᠣᠯ ᠨᠢ ᠴᠠᠶᠢᠪᠤᠷ᠂ ᠰᠡᠭᠦᠯ ᠤᠨ ᠳᠣᠲᠤᠷ᠎ᠠ ᠪᠦᠷᠬᠦᠭᠦᠯ ᠥᠳᠥ ᠨᠢ | ᠬᠤᠸᠠ ᠪᠤᠶᠤ ᠬᠥᠬᠡᠪᠲᠦᠷ ᠪᠣᠷᠣ᠃ ᠬᠠᠮᠤᠭ ᠭᠠᠳᠠᠨᠠᠬᠢ 3 ᠨᠢᠰᠦᠯᠲᠡ ᠶᠢᠨ ᠥᠳᠥᠨ ᠠᠴᠠ ᠪᠤᠰᠤᠳ ᠨᠢᠰᠦᠯᠲᠡ ᠶᠢᠨ | ᠥᠳᠥᠨ ᠤ ᠤᠭ ᠨᠢ ᠪᠦᠷ ᠴᠠᠭᠠᠨ᠂ ᠰᠡᠭᠦᠯ ᠨᠢ ᠬᠦᠷᠡᠪᠲᠦᠷ ᠪᠣᠷᠣ᠂ ᠦᠵᠦᠭᠦᠷ ᠨᠢ ᠬᠠᠷ᠎ᠠ ᠪᠠᠶᠢᠳᠠᠭ᠃ | ᠥᠨᠳᠥᠷ ᠠᠭᠤᠯᠠᠷᠬᠠᠭ ᠭᠠᠵᠠᠷ᠂ ᠰᠢᠯᠮᠤᠤᠰᠤᠲᠤ ᠣᠢ ᠪᠠᠷ ᠪᠠᠶᠢᠷᠢᠯᠠᠨ ᠨᠤᠭᠤᠰᠤ᠂ ᠭᠠᠯᠠᠭᠤ᠂ ᠲᠠᠷᠪᠠᠭ᠎ᠠ᠂ | ᠲᠠᠤᠯᠠᠢ ᠵᠡᠷᠭᠡ ᠲᠣᠮᠣᠪᠲᠤᠷ ᠠᠮᠢᠲᠠᠳ ᠢ ᠪᠠᠷᠢᠵᠤ ᠢᠳᠡᠳᠡᠭ᠃ ᠥᠨᠳᠥᠷ ᠮᠣᠳᠣᠨ ᠳᠡᠭᠡᠷ᠎ᠡ ᠪᠤᠶᠤ ᠠᠭᠤᠯᠠ | ᠬᠠᠳᠠᠨ ᠤ ᠬᠠᠪᠴᠠᠭᠠᠢ ᠳᠤ ᠡᠭᠦᠷᠯᠡᠨ 1 - 2 ᠬᠥᠬᠡᠪᠲᠦᠷ ᠴᠠᠭᠠᠨ ᠥᠨᠳᠡᠭᠡ ᠭᠠᠷᠭᠠᠳᠠᠭ ᠠᠩᠭᠠᠷᠬᠠᠶᠢᠲᠤ ᠰᠢᠪᠠᠭᠤ | ᠪᠣᠯᠣᠨ᠎ᠠ᠃ ᠲᠡᠵᠢᠭᠡᠨ ᠳᠠᠰᠬᠠᠵᠤ ᠠᠩ ᠳᠤ ᠬᠡᠷᠡᠭᠯᠡᠵᠦ ᠪᠣᠯᠳᠠᠭ ᠠᠩᠴᠢᠨ ᠰᠢᠪᠠᠭᠤ᠃ | ᠵᠡᠭᠦᠨ ᠬᠤᠶᠢᠲᠤ ᠣᠷᠣᠨ᠂ ᠥᠪᠥᠷ ᠮᠣᠩᠭᠤᠯ᠂ ᠭᠠᠨᠰᠤ᠂ ᠰᠢᠨᠵᠢᠶᠠᠩ ᠵᠡᠷᠭᠡ ᠨᠤᠲᠤᠭ ᠢᠶᠠᠷ ᠦᠷᠭᠦᠯᠵᠢ | ᠬᠠᠷᠠᠭᠳᠠᠳᠠᠭ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ ᠣᠷᠣᠭᠰᠠᠨ ᠵᠢᠭᠦᠷᠲᠡᠨ ᠪᠣᠯᠣᠨ᠎ᠠ᠃ | ᠴᠤᠷᠳᠤᠩ ᠶᠠᠪᠤᠯᠠᠭ ᠤᠭᠤᠯᠢᠯᠢᠭ ᠰᠢᠪᠠᠭᠤᠨ ᠤ ᠪᠠᠭ᠂ ᠤᠭᠤᠯᠢ ᠶᠢᠨ ᠢᠵᠠᠭᠤᠷ᠂ ᠶᠠᠪᠤᠯᠠᠭ ᠤᠨ ᠲᠥᠷᠥᠯ᠃ | ᠪᠡᠶ᠎ᠡ ᠶᠢᠨ ᠤᠷᠲᠤ ᠨᠢ 36 cm᠂ ᠳᠠᠯᠠᠪᠴᠢ ᠨᠢ 28.6 cm᠂ ᠰᠡᠭᠦᠯ ᠨᠢ 15.2cm᠂ ᠬᠤᠰᠢᠭᠤ ᠨᠢ 2. | 8 cm᠂ ᠤᠯᠠ ᠪᠡᠷᠪᠡᠭᠡᠷ ᠨᠢ 3.8cm ᠬᠦᠷᠳᠡᠭ᠃ ᠲᠣᠯᠣᠭᠠᠢ ᠨᠢ ᠥᠷᠭᠡᠨ ᠲᠤᠮᠤ᠂ ᠬᠦᠵᠦᠭᠦᠦ ᠨᠢ ᠣᠬᠤᠷ᠂ | ᠨᠢᠭᠤᠷ ᠤᠨ ᠡᠷᠭᠢᠭᠦᠯᠭᠡ ᠨᠢ ᠲᠣᠳᠣ᠃ ᠬᠤᠰᠢᠭᠤ ᠨᠢ ᠣᠬᠤᠷ ᠮᠠᠬᠢᠷ ᠪᠥᠭᠡᠳ ᠬᠥᠬᠡ᠂ ᠤᠭ ᠲᠤ ᠪᠠᠨ ᠯᠠᠯᠢᠭ | ᠪᠦᠷᠬᠦᠭᠦᠯ ᠲᠠᠢ᠃ ᠨᠢᠳᠦ ᠨᠢ ᠲᠣᠮᠣ ᠪᠥᠭᠡᠳ ᠤᠯᠠᠪᠤᠷ ᠰᠢᠷ᠎ᠠ᠂ ᠲᠣᠯᠣᠭᠠᠢ ᠶᠢᠨ ᠡᠮᠦᠨ᠎ᠡ ᠲᠠᠯ᠎ᠠ ᠳᠤ ᠪᠠᠨ ᠪᠠᠶᠢᠳᠠᠭ | ᠃ ᠬᠥᠯ ᠨᠢ ᠣᠬᠤᠷ ᠬᠦᠴᠦᠷᠭᠡᠭ᠂ ᠭᠠᠳᠠᠷ ᠲᠠᠯ᠎ᠠ ᠶᠢᠨ ᠬᠤᠷᠤᠭᠤ ᠨᠢ ᠬᠤᠶᠢᠰᠢ ᠡᠷᠭᠢᠨ ᠴᠢᠳᠠᠳᠠᠭ᠂ | ᠬᠤᠷᠤᠭᠤ ᠨᠤᠭᠤᠳ ᠨᠢ ᠪᠥᠷ ᠥᠳᠦ ᠪᠠᠷ ᠪᠦᠷᠬᠦᠭᠳᠡᠳᠡᠭ᠃ ᠬᠢᠮᠤᠰᠤ ᠨᠢ ᠮᠠᠬᠢᠷ ᠬᠤᠷᠴᠠ᠂ ᠬᠥᠬᠡᠪᠲᠦᠷ | ᠥᠩᠭᠡ ᠲᠠᠢ᠂ ᠦᠵᠦᠭᠦᠷ ᠨᠢ ᠬᠠᠷ᠎ᠠ᠃ ᠨᠢᠷᠤᠭᠤ ᠪᠡᠶ᠎ᠡ ᠪᠠ ᠳᠠᠯᠠᠪᠴᠢᠨ ᠤ ᠶᠡᠬᠡᠩᠬᠡᠢ ᠬᠡᠰᠡᠭ ᠨᠢ ᠪᠣᠷᠤ ᠰᠢᠷᠭᠠᠯ | ᠥᠩᠭᠡ ᠲᠠᠢ᠂ ᠥᠳᠥᠨ ᠤ ᠭᠤᠣᠯ ᠨᠢ ᠬᠠᠷᠠᠪᠲᠤᠷ ᠵᠤᠷᠪᠤᠰ ᠤᠳ ᠲᠠᠢ᠃ ᠮᠥᠷᠥ ᠬᠢᠭᠡᠳ ᠲᠣᠮᠣ ᠪᠦᠷᠬᠦᠭᠦᠯ | ᠥᠳᠥᠨ ᠤ ᠦᠵᠦᠭᠦᠷ ᠨᠢ ᠴᠠᠭᠠᠨ ᠰᠢᠷᠭᠠᠯ ᠲᠣᠯᠪᠤ ᠲᠠᠢ᠂ ᠪᠤᠰᠤᠳ ᠨᠢᠰᠦᠯᠲᠡ ᠶᠢᠨ ᠥᠳᠥ ᠨᠢ ᠬᠥᠨᠳᠡᠯᠡᠨ | ᠵᠣᠷᠪᠣᠰ ᠨᠤᠭᠤᠳ ᠲᠠᠢ ᠪᠠᠶᠢᠳᠠᠭ᠃ ᠰᠡᠭᠦᠯ ᠶᠢᠨ ᠤᠭ ᠨᠢ ᠰᠢᠷᠭᠠᠯ᠂ ᠰᠡᠭᠦᠯ ᠨᠢ ᠴᠠᠶᠢᠪᠤᠷ ᠬᠦᠷᠡᠩ ᠪᠤᠶᠤ | ᠬᠠᠷᠠᠪᠲᠤᠷ ᠬᠥᠨᠳᠡᠯᠡᠨ ᠵᠣᠷᠪᠣᠰ ᠨᠤᠭᠤᠳ ᠲᠠᠢ᠃ ᠲᠣᠯᠣᠭᠠᠢ ᠳᠡᠭᠡᠷ᠎ᠡ ᠪᠠᠨ ᠬᠤᠶᠠᠷ ᠴᠢᠬᠢᠨ ᠥᠳᠥ ᠲᠠᠢ᠃ ᠮᠠᠩᠨᠠᠢ᠂ | ᠨᠢᠳᠦᠨ ᠤ ᠬᠤᠭᠤᠷᠤᠨᠳᠤᠬᠢ ᠭᠡᠰᠡᠭ ᠪᠠ ᠨᠠᠬᠠᠢ ᠨᠢ ᠴᠠᠭᠠᠨ᠃ ᠡᠯᠢᠭᠡᠨ ᠲᠠᠯ᠎ᠠ ᠨᠢ ᠰᠢᠷ᠎ᠠ ᠰᠢᠷᠭᠠᠯ᠂ ᠥᠳᠥᠨ ᠤ | ᠭᠤᠣᠯ ᠨᠢ ᠬᠠᠷ᠎ᠠ ᠵᠣᠷᠪᠣᠰ ᠲᠠᠢ᠂ ᠡᠳᠡᠭᠡᠷ ᠵᠣᠷᠪᠣᠰ ᠠᠴᠠ ᠬᠥᠨᠳᠡᠯᠡᠨ ᠨᠠᠷᠢᠨ ᠰᠤᠳᠠᠯ ᠤᠳ ᠭᠠᠷᠳᠠᠭ᠃ ᠭᠡᠪᠡᠯᠢ | ᠥᠩᠭᠡᠷᠡᠭᠡᠳ ᠠᠭᠠᠵᠢᠮ ᠢᠶᠠᠷ ᠵᠣᠷᠪᠣᠰ ᠨᠢ ᠪᠠᠯᠠᠷᠠᠳᠠᠭ᠃ ᠰᠢᠭᠤᠢ ᠳᠤ ᠨᠢᠭᠤᠭᠳᠠᠨ ᠰᠥᠨᠢ ᠪᠦᠷᠦᠢ ᠪᠠᠷ ᠬᠥᠳᠡᠯᠵᠦ᠂ | ᠮᠡᠷᠡᠭᠴᠢᠳ ᠪᠣᠯᠣᠨ ᠰᠢᠪᠠᠵᠢ᠂ ᠭᠠᠯᠢ᠂ ᠵᠢᠵᠢᠭ ᠰᠢᠪᠠᠭᠤ ᠪᠠᠷ ᠢᠳᠡᠰᠢ ᠪᠣᠯᠭᠠᠳᠠᠭ᠃ | ᠶᠡᠷᠦᠳᠡᠭᠡᠨ ᠬᠠᠭᠤᠴᠢᠨ ᠡᠭᠦᠷ ᠪᠣᠶᠣ ᠬᠤᠩᠬᠤᠷᠬᠠᠢ ᠭᠠᠵᠠᠷ ᠡᠭᠦᠷᠯᠡᠨ 4 — 5 ᠴᠠᠭᠠᠨ ᠥᠨᠳᠡᠭᠡ | ᠭᠠᠷᠭᠠᠳᠠᠭ᠃ | ᠰᠢᠨᠵᠢᠶᠠᠩ ᠤᠨ ᠪᠠᠷᠠᠭᠤᠨ ᠭᠡᠰᠡᠭ ᠠᠴᠠ ᠭᠠᠨᠰᠤ᠂ ᠥᠪᠥᠷ ᠮᠣᠩᠭᠤᠯ᠂ ᠵᠡᠭᠦᠨ ᠬᠤᠶᠢᠲᠤ ᠣᠷᠣᠨ ᠢᠶᠠᠷ | ᠦᠷᠡᠵᠢᠵᠦ᠂ ᠨᠠᠮᠤᠷ ᠲᠠᠭᠠᠨ ᠡᠮᠦᠨᠡᠲᠦ ᠣᠷᠣᠨ ᠳᠤ ᠨᠡᠭᠦᠳᠡᠯᠡᠳᠡᠭ᠃ ᠤᠯᠤᠰ ᠤᠨ ᠬᠤᠶᠠᠳᠤᠭᠠᠷ ᠳᠡᠰ ᠤᠨ | ᠬᠠᠮᠠᠭᠠᠯᠠᠯᠲᠠ ᠳᠤ ᠪᠦᠷᠢᠳᠬᠡᠭᠦᠯᠦᠭᠰᠡᠨ ᠵᠢᠭᠦᠷᠲᠡᠨ ᠪᠣᠯᠣᠨ᠎ᠠ᠃ | ᠠᠩᠭᠢᠷ ᠭᠠᠯᠠᠭᠤᠯᠢᠭ ᠰᠢᠪᠠᠭᠤᠨ ᠤ ᠪᠠᠭ᠂ ᠨᠤᠭᠤᠰᠤᠨ ᠤ ᠢᠵᠠᠭᠤᠷ᠂ ᠠᠩᠭᠢᠷ ᠤᠨ ᠲᠥᠷᠥᠯ᠃ ᠪᠡᠶ᠎ᠡ ᠶᠢᠨ | ᠤᠷᠲᠤ ᠨᠢ 60 cm᠂ ᠳᠠᠯᠠᠪᠴᠢ ᠨᠢ 36.5- 38.7cm᠂ ᠰᠡᠭᠦᠯ ᠨᠢ 14.2-14.6 cm᠂ | ᠬᠤᠰᠢᠭᠤ ᠨᠢ 4.3- 4.8cm᠂ ᠤᠯᠠ ᠪᠡᠷᠪᠡᠬᠡᠢ ᠨᠢ 6- 6.6 cm ᠬᠦᠷᠳᠡᠭ᠃ ᠬᠤᠰᠢᠭᠤ ᠨᠢ ᠬᠠᠷ᠎ᠠ᠂ | ᠣᠬᠤᠷ ᠬᠠᠪᠲᠠᠭᠠᠢ᠃ ᠬᠢᠮᠤᠰᠤ ᠬᠢᠭᠡᠳ ᠰᠢᠳᠦᠯᠢᠭ ᠲᠠᠷ ᠲᠠᠢ᠃ ᠨᠢᠳᠦ ᠨᠢ ᠵᠢᠵᠢᠭ᠂ ᠤᠯᠠᠪᠤᠷ ᠬᠦᠷᠡᠩ᠃ ᠬᠥᠯ ᠨᠢ | ᠬᠠᠷ᠎ᠠ᠂ ᠬᠤᠶᠢᠲᠤ ᠬᠤᠷᠤᠭᠤ ᠨᠢ ᠳᠡᠭᠡᠭᠦᠷ ᠪᠠᠶᠢᠷᠢᠯᠠᠳᠠᠭ᠃ ᠢᠪᠴᠤᠤ ᠳᠡᠯᠪᠢ ᠲᠠᠢ᠂ ᠡᠮᠦᠨᠡᠬᠢ ᠭᠤᠷᠪᠠᠨ | ᠬᠤᠷᠤᠭᠤᠨ ᠳᠤ ᠪᠠᠨ ᠰᠠᠷᠢᠰᠤ ᠲᠠᠢ᠃ ᠪᠥᠬᠦ ᠪᠡᠶ᠎ᠡ ᠨᠢ ᠤᠯᠠᠪᠤᠷ ᠰᠢᠷ᠎ᠠ ᠲᠤᠯᠠ ᠵᠠᠷᠢᠮ ᠭᠠᠵᠠᠷ ᠯᠠᠮᠠ ᠭᠠᠯᠠᠭᠤ | ᠭᠡᠳᠡᠭ᠃ ᠲᠣᠯᠣᠭᠠᠢ ᠬᠦᠵᠦᠭᠦᠦ ᠨᠢ ᠵᠢᠭᠠᠬᠠᠨ ᠴᠠᠶᠢᠪᠤᠷ᠂ ᠨᠢᠷᠤᠭᠤ ᠨᠢ ᠪᠣᠷᠣᠪᠲᠣᠷ ᠥᠩᠭᠡ ᠲᠠᠢ᠂ ᠨᠢᠰᠦᠯᠲᠡ ᠶᠢᠨ | ᠥᠳᠥ ᠪᠠ ᠰᠡᠭᠦᠯ ᠤᠨ ᠥᠳᠥ ᠨᠢ ᠬᠠᠷ᠎ᠠ᠂ ᠳᠠᠯᠠᠪᠴᠢᠨ ᠤ ᠪᠦᠷᠬᠦᠭᠦᠯ ᠥᠳᠥ ᠨᠢ ᠴᠠᠭᠠᠨ ᠪᠠᠶᠢᠳᠠᠭ᠃ | ᠦᠷᠡᠵᠢᠯ ᠤᠨ ᠦᠶᠡᠰ ᠲᠡᠭᠡᠨ ᠨᠠᠭᠤᠷ ᠨᠠᠮᠤᠭ ᠤᠨ ᠵᠠᠬ᠎ᠠ ᠪᠠᠷ ᠤᠴᠢᠳᠠᠭ᠃ ᠭᠤᠣᠯᠴᠢᠯᠠᠨ ᠤᠷᠭᠤᠮᠠᠯ ᠢᠶᠠᠷ ᠢᠳᠡᠰᠢ | ᠪᠣᠯᠭᠠᠳᠠᠭ ᠪᠣᠯᠪᠠᠴᠤ ᠰᠢᠪᠠᠵᠢ᠂ ᠵᠥᠭᠡᠯᠡᠨ ᠪᠡᠶᠡᠲᠡᠨ᠂ ᠬᠠᠪᠴᠢ᠂ ᠵᠢᠭᠠᠰᠤ ᠳᠤ ᠴᠤ ᠢᠳᠡᠳᠡᠭ᠃ ᠠᠭᠤᠯᠠ ᠪᠤᠶᠤ | ᠲᠣᠪᠴᠠᠭ ᠭᠠᠵᠠᠷ ᠪᠤᠰᠤᠳ ᠤᠨ ᠮᠠᠯᠲᠠᠭᠰᠠᠨ ᠨᠥᠬᠡ᠂ ᠬᠤᠩᠬᠢᠯ ᠳᠤ 6-10 ᠥᠨᠳᠡᠭᠡ ᠭᠠᠷᠭᠠᠳᠠᠭ᠃ | ᠪᠠᠷᠠᠭᠤᠨ ᠬᠤᠶᠢᠲᠤ ᠣᠷᠣᠨ᠂ ᠵᠡᠭᠦᠨ ᠬᠤᠶᠢᠲᠤ ᠣᠷᠣᠨ᠂ ᠥᠪᠥᠷ ᠮᠣᠩᠭᠤᠯ ᠣᠷᠣᠨ ᠢᠶᠠᠷ ᠦᠷᠡᠵᠢᠵᠦ᠂ | ᠪᠠᠷᠠᠭᠤᠨ ᠡᠮᠦᠨᠡᠲᠦ ᠪᠠ ᠡᠮᠦᠨᠡᠲᠦ ᠣᠷᠣᠨ ᠢᠶᠠᠷ ᠣᠴᠢᠵᠤ ᠡᠪᠦᠯᠵᠢᠳᠡᠭ᠃ ᠤᠯᠤᠰ ᠤᠨ ᠬᠤᠶᠠᠳᠤᠭᠠᠷ ᠳᠡᠰ ᠤᠨ | ᠬᠠᠮᠠᠭᠠᠯᠠᠯᠲᠠ ᠳᠤ ᠣᠷᠣᠭᠰᠠᠨ ᠵᠢᠭᠦᠷᠲᠡᠨ ᠪᠣᠯᠣᠨ᠎ᠠ᠃ | ᠤᠯᠠᠭᠠᠨ ᠬᠥᠯᠲᠦ ᠭᠦᠢᠭᠦᠨᠡᠭ ᠬᠠᠷᠴᠠᠭᠠᠶᠢᠯᠢᠭ ᠰᠢᠪᠠᠭᠤᠨ ᠤ ᠪᠠᠭ᠂ ᠨᠠᠴᠢᠨ ᠤ ᠢᠵᠠᠭᠤᠷ᠂ ᠲᠥᠷᠥᠯ᠃ | ᠪᠡᠶ᠎ᠡ ᠶᠢᠨ ᠤᠷᠲᠤ ᠨᠢ 29 cm᠂ ᠳᠠᠯᠠᠪᠴᠢ ᠨᠢ 23 cm᠂ ᠰᠡᠭᠦᠯ ᠨᠢ 14cm᠂ ᠬᠤᠰᠢᠭᠤ ᠨᠢ 1. | 7cm᠂ ᠤᠯᠠ ᠪᠡᠷᠪᠡᠭᠡᠷ ᠨᠢ 2.8cm ᠬᠦᠷᠳᠡᠭ᠃ ᠬᠤᠰᠢᠭᠤ ᠨᠢ ᠣᠬᠤᠷ ᠰᠢᠷ᠎ᠠ᠂ ᠦᠵᠦᠭᠦᠷ ᠨᠢ ᠬᠥᠬᠦᠪᠲᠥᠷ | ᠮᠠᠬᠢᠷ᠂ ᠰᠢᠳᠦᠯᠢᠭ ᠳᠠᠷ ᠲᠠᠢ᠂ ᠤᠭ ᠲᠤ ᠪᠠᠨ ᠤᠯᠠᠪᠤᠷ ᠰᠢᠷ᠎ᠠ ᠪᠦᠷᠬᠦᠭᠦᠯ ᠲᠠᠢ᠂ ᠬᠠᠮᠠᠷ ᠤᠨ ᠨᠥᠬᠡ ᠨᠢ | ᠲᠥᠭᠦᠷᠢᠭ᠂ ᠳᠤᠮᠳᠠ ᠪᠠᠨ ᠲᠣᠪᠣᠴᠠᠭ ᠲᠠᠢ᠃ ᠨᠢᠳᠦ ᠨᠢ ᠬᠦᠷᠡᠩ᠂ ᠵᠣᠪᠬᠢ ᠨᠢ ᠤᠯᠠᠪᠤᠷ ᠰᠢᠷ᠎ᠠ᠃ ᠬᠥᠯ ᠨᠢ | ᠬᠦᠷᠡᠪᠲᠦᠷ ᠤᠯᠠᠭᠠᠨ᠂ ᠬᠢᠮᠤᠰᠤ ᠨᠢ ᠴᠠᠶᠢᠪᠤᠷ ᠬᠥᠬᠡ᠃ ᠲᠣᠯᠣᠭᠠᠢ ᠠᠴᠠ ᠪᠠᠨ ᠡᠬᠢᠯᠡᠨ ᠨᠢᠷᠤᠭᠤ ᠪᠡᠶ᠎ᠡ ᠨᠢ ᠰᠡᠭᠦᠯ | ᠬᠦᠷᠲᠡᠯ᠎ᠡ ᠪᠠᠨ ᠬᠠᠷᠠᠪᠲᠤᠷ ᠴᠢᠯᠠᠭᠤᠨ ᠬᠥᠬᠡ ᠥᠩᠭᠡ ᠲᠠᠢ᠂ ᠡᠯᠢᠭᠡᠨ ᠲᠠᠯ᠎ᠠ ᠨᠢ ᠨᠠᠬᠠᠢ ᠠᠴᠠ ᠪᠠᠨ ᠡᠬᠢᠯᠡᠨ ᠬᠥᠯ | ᠬᠦᠷᠲᠡᠯ᠎ᠡ ᠪᠠᠨ ᠴᠠᠶᠢᠪᠤᠷ ᠴᠢᠯᠠᠭᠤᠨ ᠬᠥᠬᠡ ᠥᠩᠭᠡ ᠲᠠᠢ᠃ ᠬᠤᠶᠠᠷ ᠬᠥᠯ ᠪᠣᠯᠣᠨ ᠰᠡᠭᠦᠯ ᠤᠨ ᠲᠣᠳᠣᠷ᠎ᠠ | ᠪᠦᠷᠬᠦᠭᠦᠯ ᠥᠳᠥ ᠨᠢ ᠭᠦᠨ ᠬᠦᠷᠡᠩ ᠤᠯᠠᠭᠠᠨ᠂ ᠳᠠᠯᠠᠪᠴᠢ ᠪᠠ ᠰᠡᠭᠦᠯ ᠤᠨ ᠥᠳᠥ ᠨᠢ ᠬᠦᠷᠡᠪᠲᠦᠷ᠂ | ᠳᠠᠯᠠᠪᠴᠢᠨ ᠤ ᠲᠣᠳᠣᠷ᠎ᠠ ᠪᠦᠷᠬᠦᠭᠦᠯ ᠥᠳᠥ ᠨᠢ ᠪᠥᠷ ᠴᠠᠭᠠᠨ ᠪᠠᠶᠢᠳᠠᠭ᠃ | ᠠᠭᠤᠯᠠ ᠲᠠᠯ᠎ᠠ ᠪᠠᠷ ᠨᠤᠲᠤᠭᠰᠢᠵᠤ᠂ ᠴᠠᠷᠴᠠᠬᠠᠢ᠂ ᠬᠦᠷᠡᠯᠵᠢ ᠵᠡᠷᠭᠡ ᠪᠠᠷ ᠢᠳᠡᠰᠢ ᠪᠣᠯᠭᠠᠳᠠᠭ᠃ ᠶᠡᠷᠦᠳᠡᠭᠡᠨ | ᠱᠠᠭᠠᠵᠠᠭᠠᠢ ᠶᠢᠨ ᠡᠭᠦᠷ ᠢ ᠪᠤᠯᠢᠶᠠᠳᠠᠭ ᠪᠠ ᠵᠠᠷᠢᠮ ᠳᠤ ᠪᠠᠨ ᠥᠪᠡᠷᠲᠡᠭᠡᠨ ᠡᠭᠦᠷ ᠪᠠᠷᠢᠳᠠᠭ᠃ 3 — 5 ᠬᠦᠷᠡᠩ | ᠪᠢᠳᠠᠷ ᠪᠦᠬᠦᠢ ᠴᠠᠭᠠᠨ ᠰᠢᠷᠠᠪᠲᠤᠷ ᠥᠨᠳᠡᠭᠡ ᠭᠠᠷᠭᠠᠳᠠᠭ᠃ ᠰᠢᠪᠠᠵᠢ ᠶᠢ ᠶᠡᠭᠡ ᠬᠡᠮᠵᠢᠶ᠎ᠡ ᠪᠠᠷ ᠤᠰᠠᠳᠬᠠᠳᠠᠭ᠃ | ᠤᠮᠠᠷᠠᠲᠤ ᠣᠷᠣᠨ ᠢᠶᠠᠷ ᠦᠷᠡᠵᠢᠵᠦ᠂ ᠡᠨᠡᠳᠬᠡ ᠪᠠ ᠠᠹᠷᠢᠺᠡ ᠶᠢᠨ ᠵᠡᠭᠦᠨ ᠭᠡᠰᠡᠭ ᠲᠤ ᠬᠦᠷᠴᠦ | ᠡᠪᠦᠯᠵᠢᠳᠡᠭ᠃ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠪᠦᠷᠢᠳᠬᠡᠭᠦᠯᠦᠭᠰᠡᠨ ᠵᠢᠭᠦᠷᠲᠡᠨ ᠪᠣᠯᠣᠨ᠎ᠠ᠃ | ᠱᠣᠩᠬᠤᠷ ᠬᠠᠷᠴᠠᠭᠠᠶᠢᠯᠢᠭ ᠰᠢᠪᠠᠭᠤᠨ ᠤ ᠪᠠᠭ᠂ ᠨᠠᠴᠢᠨ ᠤ ᠢᠵᠠᠭᠤᠷ᠂ ᠲᠥᠷᠥᠯ᠃ ᠪᠡᠶ᠎ᠡ ᠶᠢᠨ ᠤᠷᠲᠤ | ᠨᠢ 35 cm᠂ ᠳᠠᠯᠠᠪᠴᠢ ᠨᠢ 23.5 cm᠂ ᠰᠡᠭᠦᠯ ᠨᠢ 16.9 cm᠂ ᠬᠤᠰᠢᠭᠤ ᠨᠢ 1.8cm᠂ ᠤᠯᠠ | ᠪᠡᠷᠪᠡᠭᠡᠷ ᠨᠢ 3.9cm ᠬᠦᠷᠳᠡᠭ᠃ ᠬᠤᠰᠢᠭᠤ ᠨᠢ ᠣᠬᠤᠷ ᠬᠥᠬᠡᠪᠲᠥᠷ᠂ ᠦᠵᠦᠭᠦᠷ ᠨᠢ ᠮᠠᠬᠢᠷ ᠬᠠᠷ᠎ᠠ᠂ | ᠤᠭ ᠲᠤ ᠪᠠᠨ ᠰᠢᠷ᠎ᠠ ᠯᠠᠯᠢᠭ ᠪᠦᠷᠬᠦᠭᠦᠯ ᠲᠠᠢ᠂ ᠬᠠᠮᠠᠷ ᠤᠨ ᠨᠥᠬᠡ ᠨᠢ ᠲᠥᠭᠦᠷᠢᠭ᠂ ᠲᠤᠮᠳᠠ ᠪᠠᠨ ᠭᠦᠳᠦᠭᠡᠷ ᠲᠠᠢ᠃ | ᠨᠢᠳᠦ ᠨᠢ ᠬᠦᠷᠡᠩ᠂ ᠵᠣᠪᠬᠢ ᠨᠢ ᠰᠢᠷ᠎ᠠ᠂ ᠬᠥᠯ ᠨᠢ ᠰᠢᠷ᠎ᠠ᠂ ᠬᠢᠮᠤᠰᠤ ᠨᠢ ᠬᠠᠷ᠎ᠠ᠃ ᠲᠣᠯᠣᠭᠠᠢ ᠶᠢᠨ ᠣᠷᠣᠢ᠂ | ᠲᠤᠬᠤ ᠪᠣᠯᠣᠨ ᠬᠦᠵᠦᠭᠦᠨ ᠤ ᠠᠷᠤ ᠨᠢ ᠬᠥᠬᠡᠪᠲᠥᠷ ᠪᠣᠷᠤ᠂ ᠨᠠᠷᠢᠨ ᠬᠠᠷ᠎ᠠ ᠵᠤᠷᠪᠤᠰ ᠤᠳ ᠲᠠᠢ᠂ ᠵᠠᠪᠠᠵᠢ ᠶᠢᠨ | ᠳᠡᠭᠡᠲᠦ ᠰᠠᠬᠠᠯᠯᠢᠭ ᠵᠣᠷᠪᠣᠰ ᠨᠢ ᠬᠥᠬᠡᠪᠲᠥᠷ ᠬᠠᠷ᠎ᠠ᠂ ᠠᠷᠤ ᠮᠥᠷᠥ ᠪᠠ ᠳᠠᠯᠠᠪᠴᠢᠨ ᠤ ᠭᠠᠳᠠᠷ ᠪᠦᠷᠬᠦᠬᠦᠯ | ᠥᠳᠥ ᠨᠢ ᠬᠦᠷᠡᠪᠲᠦᠷ ᠤᠯᠠᠭᠠᠨ᠂ ᠥᠳᠥ ᠪᠦᠷᠢ ᠳᠡᠭᠡᠨ ᠭᠤᠷᠪᠠᠯᠵᠢᠨ ᠬᠠᠷ᠎ᠠ ᠲᠣᠯᠪᠤ ᠲᠠᠢ᠂ ᠨᠢᠷᠤᠭᠤ ᠪᠣᠯᠣᠨ | ᠰᠡᠭᠦᠯ ᠤᠨ ᠭᠠᠳᠠᠷ ᠪᠦᠷᠬᠦᠭᠦᠯ ᠥᠳᠥ ᠨᠢ ᠬᠥᠬᠡᠪᠲᠥᠷ ᠪᠣᠷᠤ᠂ ᠳᠠᠯᠠᠪᠴᠢᠨ ᠤ ᠨᠢᠰᠦᠯᠲᠡ ᠶᠢᠨ ᠥᠳᠥ ᠨᠢ | ᠬᠥᠬᠡᠪᠲᠥᠷ ᠬᠠᠷ᠎ᠠ᠂ ᠰᠡᠭᠦᠯ ᠤᠨ ᠥᠳᠥ ᠨᠢ ᠬᠥᠬᠡᠪᠲᠥᠷ ᠬᠦᠷᠡᠩ᠂ ᠦᠵᠦᠭᠦᠷ ᠨᠢ ᠴᠠᠭᠠᠨ᠂ ᠬᠤᠶᠢᠭᠤᠷ ᠢᠶᠠᠨ ᠨᠢᠭᠡ | ᠬᠠᠷ᠎ᠠ ᠥᠷᠭᠡᠨ ᠵᠣᠷᠪᠣᠰ ᠲᠠᠢ᠃ ᠡᠯᠢᠭᠡᠨ ᠪᠡᠶ᠎ᠡ ᠨᠢ ᠬᠤᠸᠠ ᠰᠢᠷ᠎ᠠ᠂ ᠬᠠᠷ᠎ᠠ ᠬᠦᠷᠡᠩ ᠲᠣᠯᠪᠤ ᠲᠠᠢ᠃ ᠬᠥᠯ | ᠠᠴᠠ ᠪᠠᠨ ᠬᠤᠶᠢᠰᠢ ᠴᠠᠭᠠᠨ ᠪᠣᠯᠳᠠᠭ᠃ | ᠠᠶᠢᠯ ᠲᠤᠰᠬᠤᠨ ᠤ ᠣᠶᠢᠷᠠᠯᠴᠠᠭ᠎ᠠ᠂ ᠰᠡᠶᠢᠷᠡᠭ ᠣᠢ ᠶᠢᠨ ᠬᠥᠪᠡᠭᠡ ᠵᠡᠷᠭᠡ ᠭᠠᠵᠠᠷ ᠢᠶᠠᠷ ᠰᠢᠪᠠᠵᠢ᠂ ᠵᠢᠵᠢᠭ | ᠰᠢᠪᠠᠭᠤ᠂ ᠬᠤᠯᠤᠭᠠᠨ᠎ᠠ ᠵᠡᠷᠭᠡ ᠶᠢ ᠪᠠᠷᠢᠵᠤ ᠢᠳᠡᠳᠡᠭ᠃ ᠬᠡᠷᠢᠶ᠎ᠡ᠂ ᠱᠠᠭᠠᠵᠠᠭᠠᠢ ᠶᠢᠨ ᠡᠭᠦᠷ ᠲᠤ ᠪᠤᠶᠤ ᠬᠠᠳᠠ | ᠴᠢᠯᠠᠭᠤᠨ ᠤ ᠠᠩ ᠵᠠᠪᠰᠠᠷ ᠡᠭᠦᠷᠯᠡᠵᠦ᠂ 4 — 6 ᠬᠥᠷᠡᠪᠲᠦᠷ ᠪᠢᠲᠡᠷ ᠪᠦᠬᠦᠢ ᠴᠠᠭᠠᠨ ᠥᠨᠳᠡᠭᠡ ᠭᠠᠷᠭᠠᠳᠠᠭ᠃ | ᠥᠪᠥᠷ ᠮᠣᠩᠭᠤᠯ ᠣᠷᠣᠨ ᠳᠤ ᠨᠡᠶᠢᠳᠡᠮ ᠬᠠᠷᠠᠭᠳᠠᠳᠠᠭ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ | ᠪᠦᠷᠢᠳᠬᠡᠭᠦᠯᠦᠭᠰᠡᠨ ᠵᠢᠭᠦᠷᠲᠡᠨ ᠪᠣᠯᠣᠨ᠎ᠠ᠃ | ᠡᠯᠢᠶ᠎ᠡ ᠬᠠᠷᠴᠠᠭᠠᠶᠢᠯᠢᠭ ᠰᠢᠪᠠᠭᠤᠨ ᠤ ᠪᠠᠭ᠂ ᠬᠠᠷᠴᠠᠭᠠᠢ ᠶᠢᠨ ᠢᠵᠠᠭᠤᠷ᠂ ᠡᠯᠢᠶ᠎ᠡ ᠶᠢᠨ ᠲᠥᠷᠥᠯ᠃ | ᠪᠡᠶ᠎ᠡ ᠶᠢᠨ ᠤᠷᠲᠤ ᠨᠢ 61.7 cm᠂ ᠳᠠᠯᠠᠪᠴᠢ ᠨᠢ 47.4 cm᠂ ᠰᠡᠭᠦᠯ ᠨᠢ 30.5 cm᠂ ᠬᠤᠰᠢᠭᠤ ᠨᠢ | 4 cm᠂ ᠤᠯᠠ ᠪᠡᠷᠪᠡᠭᠡᠷ ᠨᠢ 6 cm ᠬᠦᠷᠳᠡᠭ᠃ ᠬᠤᠰᠢᠭᠤ ᠨᠢ ᠬᠥᠬᠡᠪᠲᠥᠷ ᠮᠠᠬᠢᠷ᠂ ᠤᠭ ᠲᠤ ᠪᠠᠨ | ᠰᠢᠷᠠᠪᠲᠤᠷ ᠨᠣᠭᠤᠭᠠᠨ ᠯᠠᠯᠢᠭ ᠪᠦᠷᠬᠦᠭᠦᠯ ᠲᠠᠢ᠂ ᠬᠠᠮᠠᠷ ᠤᠨ ᠨᠥᠬᠡ ᠨᠢ ᠵᠣᠣᠪᠠᠩ ᠲᠥᠭᠦᠷᠢᠭ ᠬᠡᠯᠪᠡᠷᠢ ᠲᠠᠢ᠃ | ᠨᠢᠳᠦ ᠨᠢ ᠬᠦᠷᠡᠪᠲᠦᠷ ᠬᠠᠷ᠎ᠠ᠂ ᠬᠥᠯ ᠨᠢ ᠪᠣᠷᠣᠪᠲᠤᠷ ᠰᠢᠷ᠎ᠠ᠂ ᠬᠢᠮᠤᠰᠤ ᠨᠢ ᠬᠠᠷ᠎ᠠ᠂ ᠣᠯᠠ ᠪᠡᠷᠪᠡᠭᠡᠷ ᠨᠢ ᠣᠬᠤᠷ | ᠪᠠᠶᠢᠳᠠᠭ᠃ ᠲᠣᠯᠣᠭᠠᠢ ᠪᠠ ᠮᠥᠷᠥᠨ ᠤ ᠬᠡᠰᠡᠭ ᠨᠢ ᠰᠢᠷᠠᠪᠲᠤᠷ ᠬᠦᠷᠡᠩ᠂ ᠥᠳᠥᠨ ᠤ ᠭᠤᠣᠯ ᠨᠢ ᠬᠠᠷᠠᠪᠲᠤᠷ | ᠬᠦᠷᠡᠩ᠃ ᠪᠥᠬᠦ ᠨᠢᠷᠤᠭᠤᠨ ᠪᠡᠶ᠎ᠡ ᠨᠢ ᠬᠠᠷ᠎ᠠ ᠬᠦᠷᠡᠩ᠂ ᠥᠳᠥᠨ ᠤ ᠭᠤᠤᠯ ᠨᠢ ᠬᠠᠷᠠᠪᠲᠤᠷ᠃ ᠬᠤᠭᠤᠯᠢ ᠨᠢ | ᠴᠠᠭᠠᠨ᠂ ᠥᠳᠥᠨ ᠤ ᠦᠵᠦᠭᠦᠷ ᠨᠢ ᠬᠦᠷᠡᠪᠲᠦᠷ᠃ ᠡᠯᠢᠭᠡᠨ ᠪᠡᠶ᠎ᠡ ᠪᠠ ᠰᠡᠭᠦᠯ ᠤᠨ ᠲᠣᠳᠣᠷ᠎ᠠ ᠪᠦᠷᠬᠦᠭᠦᠯ ᠥᠳᠥ | ᠨᠢ ᠤᠯᠠᠪᠤᠷ ᠬᠦᠷᠡᠩ᠂ ᠥᠳᠥᠨ ᠤ ᠭᠤᠣᠯ ᠨᠢ ᠬᠠᠷ᠎ᠠ ᠬᠦᠷᠡᠩ᠃ ᠳᠠᠯᠠᠪᠴᠢ ᠪᠠ ᠰᠡᠭᠦᠯ ᠨᠢ ᠬᠠᠷᠠᠪᠲᠤᠷ ᠪᠣᠷᠣ᠂ | ᠪᠠᠷᠠᠭᠠᠪᠲᠤᠷ ᠬᠥᠨᠳᠡᠯᠡᠨ ᠵᠥᠷᠪᠣᠰ ᠲᠠᠢ᠃ ᠳᠠᠯᠠᠪᠴᠢᠨ ᠤ ᠳᠣᠣᠷ᠎ᠠ ᠪᠠᠨ ᠴᠠᠭᠠᠨ ᠲᠥᠯᠥᠪᠲᠥᠷ ᠲᠣᠯᠪᠤ ᠲᠠᠢ᠃ | ᠰᠡᠭᠦᠯ ᠨᠢ ᠤᠨᠤᠭᠤ ᠲᠠᠢ ᠪᠠᠶᠢᠳᠠᠭ ᠢᠶᠠᠷ ᠢᠶᠠᠨ ᠪᠤᠰᠤᠳ ᠠᠴᠠ ᠣᠨᠴᠠ ᠢᠯᠭᠠᠭᠳᠠᠳᠠᠭ᠃ | ᠦᠷᠭᠦᠯᠵᠢ ᠠᠶᠢᠯ ᠲᠤᠰᠬᠤᠨ ᠤ ᠣᠶᠢᠷᠠᠯᠴᠠᠭ᠎ᠠ ᠡᠯᠢᠨ ᠬᠠᠯᠢᠨ ᠨᠢᠰᠴᠦ ᠭᠤᠣᠯᠳᠠᠭᠤ ᠵᠢᠵᠢᠭ ᠰᠢᠪᠠᠭᠤ᠂ | ᠬᠤᠯᠤᠭᠠᠨ᠎ᠠ᠂ ᠮᠡᠯᠡᠬᠡᠢ᠂ ᠮᠣᠭᠠᠢ ᠵᠡᠷᠭᠡ ᠪᠠ ᠦᠬᠦᠲᠡᠯ ᠰᠡᠭ ᠢᠶᠠᠷ ᠢᠳᠡᠰᠢ ᠪᠣᠯᠭᠠᠳᠠᠭ᠃ ᠬᠠᠳᠠ ᠴᠢᠯᠠᠭᠤᠨ ᠤ | ᠣᠷᠣᠢ ᠪᠤᠶᠤ ᠮᠣᠳᠣᠨ ᠲᠡᠭᠡᠷ᠎ᠡ ᠡᠭᠦᠷᠯᠡᠵᠦ᠂ 2 — 3 ᠴᠠᠶᠢᠪᠤᠷ ᠨᠣᠭᠤᠭᠠᠨ ᠥᠨᠳᠡᠭᠡ ᠭᠠᠷᠭᠠᠳᠠᠭ | ᠠᠩᠭᠠᠬᠠᠶᠢᠲᠤ ᠰᠢᠪᠠᠭᠤ ᠪᠣᠯᠣᠨ᠎ᠠ᠃ | ᠥᠪᠥᠷ ᠮᠣᠩᠭᠤᠯ ᠣᠷᠣᠨ ᠳᠤ ᠨᠡᠶᠢᠳᠡᠮ ᠬᠠᠷᠠᠭᠳᠠᠳᠠᠭ ᠤᠯᠤᠰ ᠤᠨ ᠬᠤᠶᠠᠳᠤᠭᠠᠷ ᠳᠡᠰ ᠤᠨ | ᠬᠠᠮᠠᠭᠠᠯᠠᠯᠲᠠ ᠳᠤ ᠪᠦᠷᠢᠳᠬᠡᠭᠦᠯᠦᠭᠰᠡᠨ ᠵᠢᠭᠦᠷᠲᠡᠨ᠃ | ᠬᠠᠷᠴᠠᠭᠠᠢ ᠬᠠᠷᠴᠠᠭᠠᠶᠢᠯᠢᠭ ᠰᠢᠪᠠᠭᠤᠨ ᠤ ᠪᠠᠭ᠂ ᠬᠠᠷᠴᠠᠭᠠᠢ ᠶᠢᠨ ᠢᠵᠠᠭᠤᠷ᠂ ᠲᠥᠷᠥᠯ᠃ ᠪᠡᠶ᠎ᠡ ᠶᠢᠨ | ᠤᠷᠲᠤ ᠨᠢ 51cm᠂ ᠳᠠᠯᠠᠪᠴᠢ ᠨᠢ 29.3cm᠂ ᠰᠡᠭᠦᠯ ᠨᠢ 23.2cm᠂ ᠬᠤᠰᠢᠭᠤ ᠨᠢ 2.7cm᠂ | ᠤᠯᠠ ᠪᠡᠷᠪᠡᠬᠡᠢ ᠨᠢ 6.8cm ᠬᠦᠷᠳᠡᠭ᠃ ᠬᠤᠰᠢᠭᠤ ᠨᠢ ᠬᠥᠬᠡᠪᠲᠦᠷ ᠮᠠᠬᠢᠷ᠂ ᠤᠭ ᠲᠠᠭᠠᠨ ᠰᠢᠷᠠᠪᠲᠤᠷ | ᠨᠣᠭᠤᠭᠠᠨ ᠯᠠᠯᠢᠭ ᠪᠦᠷᠬᠦᠭᠦᠯ ᠲᠠᠢ᠂ ᠬᠠᠮᠠᠷ ᠤᠨ ᠨᠥᠬᠡ ᠨᠢ ᠵᠣᠣᠪᠠᠩ ᠲᠥᠭᠦᠷᠢᠭ ᠬᠡᠯᠪᠡᠷᠢᠲᠡᠢ᠃ ᠨᠢᠳᠦ ᠨᠢ ᠠᠯᠲᠠᠨ | ᠰᠢᠷ᠎ᠠ᠃ ᠬᠥᠯ ᠨᠢ ᠰᠢᠷ᠎ᠠ᠂ ᠤᠯᠠ ᠪᠡᠷᠪᠡᠬᠡᠢ ᠨᠢ ᠤᠷᠲᠤᠪᠲᠤᠷ ᠪᠠᠶᠢᠳᠠᠭ᠃ ᠠᠷᠤ ᠪᠡᠶ᠎ᠡ ᠨᠢ ᠬᠥᠬᠡᠪᠲᠦᠷ ᠪᠣᠷᠣ | ᠪᠠᠶᠢᠵᠤ᠂ ᠰᠡᠭᠦᠯ ᠳᠡᠭᠡᠷ᠎ᠡ ᠪᠠᠨ 4 ᠬᠥᠨᠳᠡᠯᠡᠨ ᠪᠠᠷᠠᠭᠠᠨ ᠵᠣᠷᠪᠣᠰ ᠲᠠᠢ᠂ ᠰᠡᠭᠦᠯ ᠤᠨ ᠦᠵᠦᠭᠦᠷ ᠨᠢ ᠴᠠᠭᠠᠨ᠃ | ᠬᠥᠮᠦ᠋ᠢᠰᠦᠭᠡᠢ ᠶᠢᠨ ᠬᠡᠰᠡᠭ ᠨᠢ ᠴᠠᠶᠢᠪᠤᠷ᠂ ᠨᠢᠳᠦᠨ ᠠᠴᠠ ᠬᠤᠶᠢᠰᠢ ᠪᠠᠨ ᠪᠠᠷᠠᠭᠠᠨ᠂ ᠮᠥᠷᠥ ᠪᠣᠯᠣᠨ ᠰᠡᠭᠦᠯ ᠤᠨ | ᠳᠡᠭᠡᠲᠦ ᠥᠳᠥ ᠨᠢ ᠴᠠᠶᠢᠪᠤᠷ ᠬᠥᠪᠡᠭᠡ ᠲᠠᠢ ᠪᠠᠶᠢᠳᠠᠭ᠃ ᠡᠯᠢᠭᠡᠨ ᠪᠡᠶ᠎ᠡ ᠨᠢ ᠴᠠᠶᠢᠪᠤᠷ᠂ ᠬᠤᠭᠤᠯᠠᠢ ᠳᠤ ᠪᠠᠨ | ᠬᠠᠷᠠᠪᠲᠤᠷ ᠵᠣᠷᠪᠣᠰ ᠤᠳ ᠲᠣᠷᠴᠠᠢ᠂ ᠬᠡᠪᠡᠯᠢ ᠶᠢᠨ ᠬᠡᠰᠡᠭ ᠲᠤ ᠪᠠᠨ ᠬᠥᠨᠳᠡᠯᠡᠨ ᠬᠠᠷ᠎ᠠ ᠵᠣᠷᠪᠣᠰ ᠤᠳ ᠲᠠᠢ᠃ | ᠳᠠᠯᠠᠪᠴᠢ ᠨᠢ ᠬᠠᠷ᠎ᠠ ᠬᠥᠬᠡᠪᠲᠦᠷ ᠭᠦᠷᠡᠩ᠂ ᠮᠥᠨ ᠬᠥᠨᠳᠡᠯᠡᠨ ᠪᠠᠷᠠᠭᠠᠨ ᠰᠤᠳᠠᠯ ᠤᠳ ᠲᠠᠢ᠃ | ᠣᠶᠢᠲᠤ ᠠᠭᠤᠯᠠᠷᠬᠠᠭ ᠭᠠᠵᠠᠷ ᠢᠶᠠᠷ ᠪᠠᠶᠢᠷᠢᠯᠠᠨ ᠵᠢᠵᠢᠭ ᠰᠢᠪᠠᠭᠤ᠂ ᠬᠤᠯᠤᠭᠠᠨ᠎ᠠ᠂ ᠲᠠᠤᠯᠠᠢ ᠵᠡᠷᠭᠡ ᠶᠢ | ᠪᠠᠷᠢᠵᠤ ᠢᠳᠡᠳᠡᠭ᠃ ᠶᠡᠷᠦᠳᠡᠭᠡᠨ ᠥᠨᠳᠥᠷ ᠮᠣᠳᠣᠨ ᠳᠡᠭᠡᠷ᠎ᠡ ᠡᠭᠦᠷᠯᠡᠨ 2 - 4 ᠬᠥᠬᠡᠪᠲᠦᠷ ᠥᠨᠳᠡᠭᠡ ᠭᠠᠷᠭᠠᠳᠠᠭ | ᠠᠩᠭᠠᠷᠬᠠᠶᠢᠲᠤ ᠰᠢᠪᠠᠭᠤ ᠪᠣᠯᠣᠨ᠎ᠠ᠃ ᠲᠡᠵᠢᠭᠡᠨ ᠳᠠᠰᠬᠠᠵᠤ ᠠᠩ ᠳᠤ ᠬᠡᠷᠡᠭᠯᠡᠳᠡᠭ ᠠᠩᠴᠢᠨ ᠰᠢᠪᠠᠭᠤ᠃ | ᠲᠤᠰ ᠬᠤᠰᠢᠭᠤᠨ ᠳᠤ ᠦᠷᠭᠦᠯᠵᠢ ᠨᠤᠲᠤᠭᠰᠢᠳᠠᠭ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ | ᠣᠷᠣᠭᠰᠠᠨ ᠵᠢᠭᠦᠷᠲᠡᠨ ᠪᠣᠯᠣᠨ᠎ᠠ᠃ | ᠶᠣᠯᠣ ᠬᠠᠷᠴᠠᠭᠠᠶᠢᠯᠢᠭ ᠰᠢᠪᠠᠭᠤᠨ ᠤ ᠪᠠᠭ᠂ ᠬᠠᠷᠴᠠᠭᠠᠢ ᠶᠢᠨ ᠢᠵᠠᠭᠤᠷ᠂ ᠶᠣᠯᠣ ᠶᠢᠨ ᠲᠥᠷᠥᠯ᠃ ᠪᠡᠶ᠎ᠡ ᠶᠢᠨ | ᠤᠷᠲᠤ ᠨᠢ 118cm᠂ ᠳᠠᠯᠠᠪᠴᠢ ᠨᠢ 76.5cm᠂ ᠰᠡᠭᠦᠯ ᠨᠢ 41cm᠂ ᠬᠤᠰᠢᠭᠤ ᠨᠢ 7. 1cm᠂ | ᠤᠯᠠ ᠪᠡᠷᠪᠡᠬᠡᠢ ᠨᠢ 13.6cm ᠬᠦᠷᠳᠡᠭ᠃ ᠬᠤᠰᠢᠭᠤ ᠨᠢ ᠬᠥᠬᠡᠪᠲᠦᠷ ᠬᠠᠷ᠎ᠠ᠂ ᠤᠷᠲᠤᠪᠲᠤᠷ ᠪᠥᠭᠡᠳ ᠮᠠᠬᠢᠷ᠂ | ᠤᠭ ᠲᠠᠭᠠᠨ ᠬᠥᠬᠡᠪᠲᠦᠷ ᠯᠠᠯᠢᠭ ᠪᠦᠷᠬᠦᠭᠦᠯ ᠲᠠᠢ᠂ ᠬᠠᠮᠠᠷ ᠤᠨ ᠨᠥᠬᠡ ᠨᠢ ᠲᠥᠭᠦᠷᠢᠭ ᠬᠡᠯᠪᠡᠷᠢᠲᠡᠢ᠃ ᠨᠢᠳᠦ ᠨᠢ | ᠬᠦᠷᠡᠩ᠃ ᠬᠥᠯ ᠨᠢ ᠴᠠᠶᠢᠪᠤᠷ ᠬᠥᠬᠡ᠂ ᠬᠢᠮᠤᠰᠤ ᠨᠢ ᠬᠠᠷ᠎ᠠ᠂ ᠤᠯᠠ ᠪᠡᠷᠪᠡᠬᠡᠢ ᠨᠢ ᠣᠬᠤᠷ ᠪᠠᠶᠢᠳᠠᠭ᠃ | ᠲᠣᠯᠣᠭᠠᠢ ᠨᠢ ᠴᠠᠶᠢᠪᠤᠷ ᠪᠣᠷᠣ ᠨᠣᠯᠤᠤᠷ ᠥᠳᠥ ᠪᠠᠷ ᠪᠦᠷᠬᠦᠭᠳᠡᠵᠦ᠂ ᠬᠦᠵᠦᠭᠦᠨ ᠤ ᠬᠡᠰᠡᠭ ᠨᠢ ᠨᠢᠴᠦᠭᠦᠨ᠂ | ᠬᠥᠬᠡᠪᠲᠦᠷ ᠥᠩᠭᠡ ᠲᠠᠢ᠂ ᠬᠦᠵᠦᠭᠦᠦ ᠨᠢ ᠰᠠᠭᠰᠠᠭᠠᠷ ᠤᠷᠲᠤᠪᠲᠤᠷ ᠬᠦᠷᠡᠩ ᠨᠣᠯᠤᠤᠷ ᠥᠳᠥ ᠲᠠᠢ᠃ ᠳᠠᠯᠠᠪᠴᠢ᠂ | ᠰᠡᠭᠦᠯ ᠤᠨ ᠥᠳᠥ ᠨᠢ ᠬᠠᠷᠠᠪᠲᠤᠷ ᠪᠠᠷᠠᠭᠠᠨ ᠪᠠᠶᠢᠳᠠᠭ ᠠᠴᠠ ᠭᠠᠳᠠᠨ᠎ᠠ ᠪᠥᠬᠦ ᠪᠡᠶ᠎ᠡ ᠨᠢ ᠪᠦᠷ ᠬᠠᠨᠷᠠᠪᠲᠤᠷ ᠬᠦᠷᠡᠩ | ᠥᠩᠭᠡ ᠲᠠᠢ᠃ ᠠᠭᠤᠯᠠ ᠲᠠᠯ᠎ᠠ ᠪᠠᠷ ᠬᠠᠯᠢᠨ ᠰᠢᠪᠠᠭᠤ ᠪᠠᠷᠢᠬᠤ ᠪᠤᠶᠤ ᠠᠷᠢᠶᠠᠲᠠᠨ ᠤ ᠦᠬᠦᠳᠡᠯ ᠢᠶᠠᠷ ᠢᠳᠡᠰᠢ | ᠪᠣᠯᠭᠠᠳᠠᠭ᠃ ᠥᠨᠳᠥᠷ ᠠᠭᠤᠯᠠ ᠬᠠᠳᠠ᠂ ᠮᠣᠳᠣᠨ ᠳᠤ ᠡᠭᠦᠷᠯᠡᠨ᠂ ᠨᠢᠭᠡ ᠪᠤᠶᠤ ᠬᠤᠶᠠᠷ ᠴᠠᠭᠠᠨ ᠥᠨᠳᠡᠭᠡ | ᠭᠠᠷᠭᠠᠳᠠᠭ ᠠᠩᠭᠠᠷᠬᠠᠶᠢᠲᠤ ᠰᠢᠪᠠᠭᠤ ᠪᠣᠯᠣᠨ᠎ᠠ᠃ ᠲᠤᠰ ᠬᠤᠰᠢᠭᠤᠨ ᠳᠤ ᠵᠢᠮᠢᠰᠲᠠᠢ ᠶᠢᠨ ᠠᠭᠤᠯᠠ᠂ ᠮᠢᠩᠭᠠᠨ ᠤ | ᠠᠭᠤᠯᠠᠨ ᠳᠤ ᠡᠭᠦᠷᠯᠡᠭᠰᠡᠨ ᠪᠠᠶᠢᠳᠠᠭ᠃ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ | ᠵᠢᠭᠦᠷᠲᠡᠨ ᠪᠣᠯᠣᠨ᠎ᠠ᠃ |