ᠪᠠᠳᠺᠡᠷ ᠵᠣᠣ
ᠨᠡᠶᠢᠲᠡᠯᠡᠭᠰᠡᠨ ᠴᠠᠭ᠄
2020/11/11
       ᠪᠠᠳᠺᠡᠷ ᠵᠣᠣ ᠪᠣᠯ ᠤᠯᠤᠰ ᠤᠨ AAAA ᠲᠠᠰ ᠤᠨ ᠵᠢᠭᠤᠯᠴᠢᠯᠠᠯ ᠤᠨ ᠣᠷᠣᠨ᠂ ᠮᠠᠨ ᠤ ᠤᠯᠤᠰ ᠤᠨ ᠲᠦᠪᠡᠳ ᠤᠨ ᠪᠤᠳ᠋ᠳ᠋ᠾᠠ ᠶᠢᠨ ᠱᠠᠰᠢᠨ ᠤ ᠠᠷᠢᠭᠤᠨ ᠣᠷᠣᠨ ᠤ ᠨᠢᠭᠡ ᠪᠣᠯᠤᠨ᠎ᠠ᠃ ᠴᠢᠩ ᠤᠯᠤᠰ ᠤᠨ ᠡᠩᠬᠡ ᠠᠮᠤᠭᠤᠯᠠᠩ ᠤᠨ ᠦᠶ᠎ᠡ ᠳᠤ ᠡᠬᠢᠯᠡᠵᠤ ᠪᠠᠶᠢᠭᠤᠯᠤᠵᠠᠢ᠃ ᠲᠦᠪᠡᠳ ᠮᠠᠶ᠋ᠢᠭ ᠤᠨ ᠲᠦᠷᠪᠡᠯᠵᠢᠨ ᠣᠷᠣᠢ ᠲᠠᠢ ᠪᠠᠷᠢᠯᠭ᠎ᠠ  ᠨᠢ ᠪᠠᠶᠢᠭᠠᠯᠢ ᠶᠢᠨ ᠭᠤᠶᠤ ᠰᠠᠶᠢᠬᠠᠨ ᠢ ᠬᠤᠣᠰᠯᠠᠭᠤᠯᠤᠭᠰᠠᠨ ᠢᠶᠠᠷ ᠪᠠᠷᠠᠬᠤ ᠦᠭᠡᠢ᠂ ᠠᠭᠤᠯᠠ ᠶᠢ ᠲᠦᠰᠢᠨ ᠲᠡᠭᠳᠡᠷᠯᠡᠨ ᠪᠠᠶᠢᠷᠢᠯᠠᠭᠰᠠᠨ ᠰᠦᠷᠯᠢᠭ ᠦᠵᠡᠮᠵᠢᠲᠠᠢ ᠪᠣᠯᠬᠤᠷ ᠲᠡᠦᠬᠡᠨ ᠳᠡᠭᠡᠷ᠎ᠡ ︽ᠪᠠᠭ᠎ᠠ ᡀᠠᠰᠠ︾ ᠭᠡᠵᠤ ᠪᠠᠶᠢᠭᠰᠠᠨ ᠶᠤᠮ᠃ ᠰᠦᠮ᠎ᠡ ᠳᠤ 400 ᠭᠠᠷᠦᠢ ᠠᠯᠲᠠ᠂ ᠭᠠᠤᠯᠢᠨ ᠪᠣᠷᠬᠠᠨ ᠤ ᠬᠦᠷᠦᠭ᠂ 500 ᠭᠠᠷᠤᠢ ᠲᠠᠩᠺᠡ᠂ 30 ᠭᠠᠷᠤᠢ ᠵᠦᠢᠯ ᠤᠨ ᠱᠠᠵᠠᠩ ᠰᠠᠪᠠ ᠬᠠᠳᠠᠭᠠᠯᠠᠭᠳᠠᠵᠤ᠂ ᠡᠳᠡᠭᠡᠷ ᠨᠢ ᠲᠦᠢᠯ ᠤᠨ ᠶᠡᠭᠡ ᠤᠷᠠᠯᠢᠭ ᠤᠨ ᠦᠨ᠎ᠡ ᠴᠡᠨ᠎ᠡ ᠲᠠᠢ ᠶᠤᠮ᠃ ᠲᠡᠷᠡᠴᠢᠯᠡᠨ ᠬᠠᠳᠠᠭᠠᠯᠠᠭᠳᠠᠵᠤ ᠪᠠᠶᠢᠭ᠎ᠠ ᠬᠠᠨ᠎ᠠ ᠶᠢᠨ ᠵᠢᠷᠤᠭ ᠨᠢ ᠴᠦᠬᠡᠨ ᠲᠣᠭᠠᠳᠤ ᠦᠨᠳᠦᠰᠦᠲᠡᠨ ᠤ ᠰᠤᠶᠣᠯ ᠢ ᠰᠤᠳᠤᠯᠤᠨ ᠰᠢᠨᠵᠢᠯᠡᠬᠦ ᠳᠤ ᠬᠤᠪᠤᠷ ᠨᠠᠨᠳᠢᠨ ᠮᠠᠲ᠋ᠧᠷᠢᠶᠠᠯ ᠬᠠᠩᠭᠠᠵᠤ ᠪᠠᠶᠢᠭ᠎ᠠ ᠶᠤᠮ᠃ ᠪᠳᠺᠡᠷ ᠵᠣᠣ ᠨᠢ ᠲᠤᠬᠡᠨ ᠳᠡᠭᠡᠷ᠎ᠡ ᠲᠦᠪᠡᠳ ᠤᠨ ᠪᠤᠳ᠋ᠳ᠋ᠾᠠ ᠶᠢᠨ ᠱᠠᠰᠢᠨ ᠤ ᠳᠡᠯᠭᠡᠷᠡᠭᠦᠯᠬᠦ ᠪᠠ ᠤᠯᠤᠰ ᠲᠥᠷᠥ ᠶᠢᠨ ᠪᠠᠶᠢᠷᠢ ᠰᠠᠭᠤᠷᠢ᠂ ᠱᠠᠰᠢᠨ ᠰᠤᠷᠳᠠᠬᠤᠨ ᠨᠦᠯᠦᠭᠡ᠂ ᠪᠠᠷᠢᠯᠭ᠎ᠠ ᠶᠢᠨ ᠮᠡᠷᠭᠡᠵᠢᠯ ᠵᠡᠷᠭᠡ ᠲᠠᠯ᠎ᠠ ᠪᠠᠷ ᠭᠠᠶᠢᠬᠠᠮᠰᠢᠭᠲᠠᠢ ᠪᠠᠶᠢᠳᠠᠭ ᠢᠶᠠᠷ ᠢᠶᠠᠨ ᠦᠪᠦᠷ ᠮᠣᠩᠭᠤᠯ ᠣᠷᠣᠨ ᠳᠠᠭᠠᠨ ᠬᠤᠣᠰ ᠦᠭᠡᠢ ᠠᠯᠳᠠᠷᠲᠠᠢ ᠶᠤᠮ᠃ ᠲᠤᠭᠠᠩ ᠳᠤ ᠨᠢᠭᠡ ᠲᠠᠯ᠎ᠠ ᠪᠠᠷ ᠪᠣᠷᠬᠠᠨ ᠳᠤ ᠮᠦᠷᠭᠦᠬᠦ᠂ ᠲᠠᠬᠢᠯᠭ᠎ᠠ ᠶᠢᠨ ᠰᠢᠷᠡᠭᠡ ᠵᠠᠰᠠᠬᠤ᠂ ᠨᠣᠮ ᠤᠩᠰᠢᠬᠤ᠂ ᠮᠦᠷᠭᠦᠯᠴᠢᠨ ᠢ ᠬᠦᠯᠢᠶᠡᠨ ᠠᠪᠬᠤ ᠵᠡᠷᠭᠡ ᠶᠢ ᠭᠦᠢᠴᠡᠳᠭᠡᠬᠦ ᠶᠢᠨ ᠬᠠᠮᠲᠤ ᠨᠦᠭᠦᠭᠡ ᠨᠢᠭᠡ ᠲᠠᠯ᠎ᠠ ᠪᠠᠷ ᠪᠠᠰᠠ ᠪᠤᠷᠬᠠᠨ ᠤ ᠱᠠᠰᠢᠨ ᠢ ᠤᠯᠠᠮᠵᠢᠯᠠᠬᠤ᠂ ᠪᠢᠰᠢᠯᠭᠠᠯ ᠬᠢᠬᠦ᠂ ᠨᠣᠮ ᠬᠠᠶᠠᠯᠴᠠᠬᠤ ᠵᠡᠷᠭᠡ ᠠᠵᠢᠯᠯᠠᠭ᠎ᠠ ᠵᠡᠷᠭᠡ ᠶᠢ ᠶᠠᠪᠤᠭᠳᠠᠭᠤᠯᠳᠠᠭ ᠪᠠᠶᠢᠨ᠎ᠠ᠃
 
ᠢᠷᠡᠯᠲᠡ᠄ ᠪᠤᠭᠤᠳᠤ ᠬᠤᠲᠠ ᠶᠢᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号