ᠬᠠᠪᠣᠲᠣ ᠬᠠᠰᠠᠷ ᠤᠨ ᠳᠠᠬᠢᠯᠭ᠎ᠠ ᠶᠢᠨ ᠣᠷᠳᠣᠨ
ᠨᠡᠶᠢᠲᠡᠯᠡᠭᠰᠡᠨ ᠴᠠᠭ᠄
2022/12/21
 ᠬᠠᠪᠣᠲᠣ ᠬᠠᠰᠠᠷ ᠤᠨ ᠳᠠᠬᠢᠯᠭ᠎ᠠ ᠶᠢᠨ ᠣᠷᠳᠣᠨ      ᠬᠠᠰᠠᠷ ᠪᠣᠯ ᠶᠢᠰᠦᠬᠡᠢ ᠪᠠᠭᠠᠳᠣᠷ ᠪᠠ ᠥᠭᠡᠯᠦᠨ ᠡᠬᠡ ᠶᠢᠨ ᠬᠤᠶᠠᠳᠣᠭᠠᠷ ᠬᠦᠤ᠂ ᠴᠢᠩᠭᠢᠰ ᠬᠠᠭᠠᠨ ᠲᠠᠢ ᠨᠢᠭᠡ ᠡᠬᠡ ᠠᠴᠠ ᠲᠥᠷᠦᠭᠰᠡᠨ ᠠᠬ᠎ᠠ ᠳᠡᠭᠦᠦ ᠪᠣᠯᠣᠨ᠎ᠠ᠃ ᠲᠡᠷᠡ 1164 ᠣᠨ ᠳᠤ ᠲᠥᠷᠦᠵᠤ᠂ ᠬᠠᠷᠠᠬᠠᠨ ᠪᠠᠭ᠎ᠠ ᠠᠴᠠ ᠪᠠᠨ ᠴᠢᠩᠬᠢᠰ ᠬᠠᠭᠠᠨ ᠢ ᠳᠠᠭᠠᠵᠣ᠂ ᠮᠣᠩᠭᠤᠯ ᠦᠨᠳᠦᠰᠦᠲᠠᠨ ᠤ ᠨᠢᠭᠡᠳᠦᠯ ᠪᠣᠯᠣᠨ ᠮᠣᠩᠭᠤᠯ ᠤᠨ ᠶᠡᠭᠡ ᠬᠠᠭᠠᠨᠳᠣ ᠣᠯᠤᠰ ᠢ ᠪᠠᠶᠢᠭᠤᠯᠬᠤ ᠳᠤ ᠪᠠᠯᠠᠷᠠᠰᠢ ᠦᠭᠡᠢ ᠶᠡᠭᠡ ᠭᠠᠪᠢᠶ᠎ᠠ ᠵᠢᠳᠬᠦᠯ ᠦᠵᠡᠭᠦᠯᠦᠭᠰᠡᠨ ᠶᠤᠮ᠃ ᠬᠠᠰᠠᠷ ᠪᠣᠯ ᠮᠣᠩᠭᠤᠯ ᠤᠨ ᠲᠡᠦᠬᠡᠨ ᠳᠡᠭᠡᠷ᠎ᠡ ᠳᠣᠷᠠᠰᠬᠠᠪᠠᠰᠤ ᠵᠣᠬᠢᠬᠤ ᠠᠭᠤᠤ ᠶᠡᠭᠡ ᠣᠯᠤᠰ ᠲᠥᠷᠦᠴᠢᠨ᠂ ᠴᠡᠷᠢᠭ ᠲᠠᠶᠢᠨ ᠤ ᠭᠠᠷᠮᠠᠭᠠᠢ ᠡᠷᠳᠡᠮᠲᠡᠨ ᠪᠣᠯᠤᠨ᠎ᠠ᠃      1206 ᠣᠨ ᠳᠤ ᠴᠢᠩᠬᠢᠰ ᠬᠠᠭᠠᠨ ᠮᠣᠩᠭᠤᠯ ᠤᠨ ᠶᠡᠭᠡ ᠬᠠᠭᠠᠨᠲᠤ ᠤᠯᠣᠰ ᠢ ᠪᠠᠶᠢᠭᠤᠯᠣᠭᠰᠠᠨ ᠤ ᠳᠠᠷᠠᠭ᠎ᠠ ᠮᠣᠩᠭᠤᠯ ᠤᠨ ᠬᠠᠭᠤᠴᠢᠨ ᠠᠶᠢᠮᠠᠭ ᠤᠨ ᠪᠠᠶᠢᠭᠤᠯᠤᠮᠵᠢ ` ᠶᠢ ᠡᠪᠳᠡᠨ᠂ ᠮᠣᠩᠭᠤᠯ ᠤᠨ ᠬᠠᠷᠢᠶᠠᠲᠤ ᠪᠠᠨ ᠮᠢᠩᠭᠠᠲᠤ ᠪᠣᠯᠭᠠᠨ ᠵᠣᠬᠢᠶᠠᠨ ᠪᠠᠶᠢᠭᠤᠯᠵᠤ᠂ ᠥᠪᠡᠷ ᠤᠨ ᠲᠥᠷᠥᠯ ᠤᠭᠰᠠᠭᠠᠨ ᠳᠠᠭᠠᠨ ᠲᠣᠰ ᠪᠦᠷᠢ ᠬᠤᠪᠢᠶᠠᠨ ᠱᠠᠩᠨᠠᠵᠠᠢ᠃ ᠲᠣᠬᠠᠢ ᠶᠢᠨ ᠦᠶ᠎ᠡ ᠳᠤ ᠬᠠᠰᠠᠷ 4000 ᠬᠠᠷᠢᠶᠠᠲᠤ ᠡᠷᠦᠬᠡ ᠪᠠᠷ ᠱᠠᠩᠨᠠᠭᠳᠠᠵᠤ᠂ ᠬᠥᠯᠦᠨ ᠨᠠᠭᠤᠷ ᠤᠨ ᠲᠣᠭᠤᠷᠢᠮ ᠪᠣᠯᠤᠨ ᠡᠷᠬᠦᠨ᠎ᠡ ᠭᠤᠣᠯ᠂ ᠬᠠᠶᠢᠯᠠᠷ ᠭᠤᠣᠯ ᠤᠨ ᠣᠷᠤᠰᠬᠠᠯ ᠲᠠᠭᠠᠤ ᠤᠷᠣᠨ ᠢ ᠥᠪᠡᠷ ᠤᠨ ᠢᠶᠠᠨ ᠡᠷᠬᠡᠰᠢᠶᠡᠯ ᠤᠨ ᠭᠠᠵᠠᠷ ᠪᠣᠯᠭᠠᠵᠠᠢ᠃ ᠮᠣᠣᠮᠢᠩᠭᠠᠨ ᠠᠶᠢᠮᠠᠭ ᠪᠣᠯ ᠳᠠᠷᠣᠢ ᠬᠠᠪᠣᠲᠣ ᠬᠠᠰᠠᠷ ᠲᠤ ᠬᠠᠷᠢᠶᠠᠯᠠᠭᠳᠠᠵᠤ ᠪᠠᠶᠢᠭᠰᠠᠨ ᠠᠶᠢᠮᠠᠭ ᠪᠥᠯᠥᠭ ᠤᠳ ᠤᠨ ᠬᠢᠨᠢ ᠨᠢᠭᠡ ᠪᠣᠯᠤᠨ᠎ᠠ᠃       ᠮᠣᠣᠮᠢᠩᠭᠠᠨ ᠠᠶᠢᠮᠠᠭ ᠡᠪᠦᠭᠡ ᠳᠡᠭᠡᠳᠦᠰ ᠪᠣᠯᠬᠤ ᠬᠠᠪᠣᠲᠣ ᠬᠠᠰᠠᠷ ᠢ  ᠪᠠᠨ ᠰᠢᠲᠦᠨ ᠳᠠᠬᠢᠭᠰᠠᠭᠠᠷ ᠨᠢᠭᠡᠨᠲᠡ 350 ᠭᠠᠷᠣᠢ ᠵᠢᠯ ᠤᠨ ᠲᠡᠦᠬᠡ ᠲᠠᠢ ᠪᠣᠯᠪᠠ᠃ ᠨᠡᠶᠢᠲᠡ ᠶᠢᠨ ᠣᠨ ᠲᠣᠭᠠᠯᠠᠯ ᠤᠨ 1633 ᠣᠨ ᠳᠤ ᠮᠣᠣᠮᠢᠩᠭᠠᠨ ᠠᠶᠢᠮᠠᠭ ᠬᠤᠶᠢᠲᠤ ᠠᠯᠲᠠᠨ ᠣᠯᠤᠰ ᠤᠨ ᠬᠠᠷᠢᠶᠠᠨ ᠳᠤ ᠳᠠᠭᠠᠷ᠎ᠠ ᠣᠷᠣᠭᠰᠠᠨ ᠢᠶᠠᠨ ᠰᠡᠭᠦᠯᠡᠷ ᠨᠢ ᠴᠢᠩ ᠤᠯᠣᠰ ᠤᠨ ᠦᠶ᠎ᠡ ᠳᠤ ᠬᠦᠯᠦᠨ ᠪᠤᠶᠢᠷ ᠤᠨ ᠲᠠᠯ᠎ᠠ ᠨᠤᠲᠤᠭ ᠠᠴᠠ ᠠᠯᠤᠰ ᠬᠤᠯᠠ ᠶᠢ ᠵᠤᠷᠢᠨ ᠪᠠᠷᠠᠭᠤᠨᠰᠢᠯᠠᠵᠤ᠂ ᠲᠠᠯᠠᠨ ᠬᠠᠷ᠎ᠠ ᠠᠭᠤᠯᠠᠨ ᠳᠤ ᠬᠦᠷᠴᠤ ᠢᠷᠡᠬᠦ ᠳᠤ ᠪᠠᠨ ᠬᠠᠪᠣᠲᠤ ᠬᠠᠰᠠᠷ ᠤᠨ ᠳᠠᠬᠢᠯᠭ᠎ᠠ ᠶᠢᠨ ᠥᠷᠦᠭᠡ ᠪᠠᠨ ᠠᠶᠢᠮᠠᠭ ᠤᠨ ᠨᠡᠭᠦᠳᠡᠯ ᠤᠨ ᠬᠠᠮᠲᠤ ᠠᠪᠴᠤ ᠢᠷᠡᠪᠡ᠃      ᠳᠠᠬᠢᠯᠭ᠎ᠠ ᠶᠢᠨ ᠥᠷᠦᠭᠡᠨ ᠳᠤ ᠭᠤᠣᠯ ᠨᠢ ᠬᠠᠪᠣᠲᠤ ᠬᠠᠰᠠᠷ ᠢ ᠨᠠᠰᠤ ᠪᠠᠷᠠᠬᠤ ᠳᠤ ᠵᠢᠷᠦᠬᠡᠨ ᠤ ᠬᠢᠨᠢ ᠴᠢᠰᠤ ᠪᠠᠷ ᠵᠢᠷᠤᠭᠰᠠᠨ ᠲᠤᠭᠰᠢᠨ ᠳᠦᠷᠢ ᠪᠣᠯᠤᠨ ᠪᠤᠳᠤᠭ ᠢᠶᠠᠷ ᠵᠢᠷᠤᠭᠰᠠᠨ ᠠᠮᠤᠷᠯᠢᠩᠭᠤᠢ  ᠳᠦᠷᠢ᠂ ᠰᠢᠩᠬᠤᠨ ᠭᠠᠨᠵᠤᠤᠷ᠂ ᠨᠣᠮᠤ ᠰᠤᠮᠣ᠂ ᠡᠮᠡᠭᠡᠯ ᠵᠡᠷᠭᠡ ᠶᠢ ᠰᠢᠲᠦᠨ ᠳᠠᠬᠢᠵᠤ ᠪᠤᠢ᠃ ᠰᠡᠭᠦᠯᠡᠷ ᠨᠢ ᠴᠢᠩ ᠣᠯᠤᠰ ᠤᠨ ᠵᠠᠰᠠᠭ ᠤᠨ ᠭᠠᠵᠠᠷ ᠠᠴᠠ ᠠᠲᠠᠷ ᠬᠠᠭᠠᠯᠪᠦᠷᠢᠯᠠᠵᠤ᠂ ᠲᠠᠷᠢᠶᠠᠯᠠᠬᠤ ᠭᠠᠵᠠᠷ ᠢᠶᠠᠨ ᠥᠷᠭᠡᠳᠬᠡᠭᠰᠡᠨ ᠠᠴᠠ ᠮᠣᠣᠮᠢᠩᠭᠠᠨ ᠬᠤᠰᠢᠭᠤ ᠡᠵᠡᠮᠰᠢᠯ ᠤᠨ ᠭᠠᠵᠠᠷ ᠢᠶᠠᠨ ᠢᠳᠡᠭ ᠢᠳᠡᠭ ᠢᠶᠠᠷ ᠠᠯᠳᠠᠵᠤ᠂ ᠬᠤᠶᠢᠰᠢ ᠤᠬᠤᠷᠢᠬᠤ ᠳᠤ ᠳᠠᠬᠢᠯᠭ᠎ᠠ ᠶᠢᠨ ᠥᠷᠥᠭᠡ ᠪᠠᠰᠠ ᠳᠠᠭᠠᠯᠳᠣᠨ ᠳᠥᠷᠪᠡ ᠤᠳᠠᠭ᠎ᠠ ᠨᠡᠭᠦᠵᠦ᠂ ᠣᠳᠤ ᠶᠢᠨ ᠪᠠᠶᠢᠬᠤ ᠭᠠᠵᠠᠷ ᠬᠥᠷᠴᠤ ᠪᠠᠶᠢᠷᠢᠯᠠᠭᠰᠠᠨ ᠪᠢᠯᠡ᠃ ᠰᠡᠭᠦᠯᠡᠷ ᠨᠢ ᠮᠥᠨ ᠰᠣᠶᠤᠯ ᠤᠨ ᠶᠡᠭᠡ ᠬᠤᠪᠢᠰᠬᠠᠯ ᠤᠨ ᠳᠤᠮᠳᠠ ᠡᠪᠳᠡᠭᠳᠡᠨ ᠰᠦᠢᠳᠬᠡᠭᠳᠡᠬᠦ ᠬᠠᠷ᠎ᠠ ᠠᠶᠤᠯ ᠠᠴᠠ ᠵᠠᠶᠢᠯᠠᠵᠤ ᠴᠢᠳᠠᠭᠰᠠᠨ ᠦᠭᠡᠢ᠃          1988 ᠣᠨ ᠤ 6 ᠰᠠᠷ᠎ᠠ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠠᠮ ᠵᠠᠰᠠᠭ ᠤᠨ ᠲᠠᠯ᠎ᠠ ᠠᠴᠠ ᠲᠡᠦᠬᠡ ᠶᠢᠨ ᠳᠣᠷᠠᠰᠬᠠᠯᠲᠤ ᠵᠦᠢᠯ ᠢ ᠬᠠᠮᠠᠭᠠᠯᠠᠬᠤ ᠰᠡᠷᠭᠦᠭᠡᠬᠦ ᠪᠠᠷ ᠠᠷᠭ᠎ᠠ ᠬᠡᠮᠵᠢᠶ᠎ᠡ ᠠᠪᠴᠤ᠂ ᠬᠠᠪᠣᠲᠤ ᠬᠠᠰᠠᠷ ᠤᠨ ᠳᠠᠬᠢᠯᠭ᠎ᠠ ᠶᠢᠨ ᠤᠷᠳᠤᠨ ᠢ ᠳᠠᠬᠢᠨ ᠰᠢᠨᠡᠳᠬᠡᠨ ᠪᠠᠶᠢᠭᠤᠯᠪᠠ᠃ ᠬᠠᠪᠣᠲᠤ ᠬᠠᠰᠠᠷ ᠤᠨ ᠤᠳᠤᠮ ᠤᠭᠰᠠᠭ᠎ᠠ ᠪᠣᠯᠬᠤ ᠠᠯᠠᠱᠠ ᠠᠶᠢᠮᠠᠭ᠂ ᠤᠷᠠᠳ ᠤᠨ ᠭᠤᠷᠪᠠᠨ ᠬᠤᠰᠢᠭᠤ᠂ ᠳᠥᠷᠪᠡᠳ ᠬᠤᠰᠢᠭᠤ ᠪᠣᠯᠣᠨ ᠤᠭ ᠤᠨ ᠨᠣᠨ ᠠᠷᠪᠠᠨ ᠬᠤᠰᠢᠭᠤᠨ ᠤ ᠬᠢᠨ ᠬᠦᠷᠦᠯᠴᠡᠨ ᠢᠷᠡᠵᠦ᠂ ᠳᠠᠬᠢᠯᠭ᠎ᠠ ᠤ ᠳᠤ ᠤᠷᠤᠯᠴᠠᠬᠤ ᠳᠤ ᠳᠥᠬᠦᠮ ᠪᠣᠯᠭᠠᠨ᠂ ᠬᠠᠪᠤᠲᠤ ᠬᠠᠰᠠᠷ ᠤᠨ ᠳᠠᠬᠢᠯᠭ᠎ᠠ ᠶᠢᠨ ᠣᠷᠳᠤᠨ ᠤ ᠡᠷᠭᠢᠨ ᠲᠤᠭᠤᠷᠢᠨ ᠳᠤ ᠲᠣᠰ ᠲᠣᠰ ᠤᠨ ᠳᠠᠬᠢᠯᠭ᠎ᠠ ᠶᠢᠨ ᠲᠣᠷᠠᠰᠬᠠᠯᠲᠣ ᠵᠦᠢᠯᠡᠰ ᠢ ᠪᠠᠶᠢᠭᠤᠯᠬᠤ ᠭᠠᠵᠠᠷ ᠲᠤᠭᠲᠠᠭᠠᠨ ᠦᠯᠡᠳᠡᠭᠡᠪᠡ᠃ ᠬᠤᠰᠢᠭᠤ ᠨᠤᠲᠤᠭ ᠤᠨ ᠬᠢᠨᠢ ᠨᠡᠷ᠎ᠡ ᠶᠢ ᠪᠢᠴᠢᠵᠦ᠂ ᠫᠠᠶᠢᠰᠠ ᠪᠣᠰᠬᠠᠪᠠ᠃ ᠣᠳᠣ ᠶᠢᠨ ᠬᠠᠪᠣᠲᠤ ᠬᠠᠰᠠᠷ ᠤᠨ ᠳᠠᠬᠢᠯᠭ᠎ᠠ ᠶᠢᠨ ᠣᠷᠳᠣᠨ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠰᠢᠨᠡᠪᠣᠯᠠᠭ ᠰᠣᠮᠤᠨ ᠤ ᠲᠥᠪ ᠠᠴᠠ ᠪᠠᠷᠠᠭᠤᠨᠰᠢ 5 ᠭᠠᠵᠠᠷ ᠤᠨ ᠵᠠᠶᠢᠲᠠᠢ ᠴᠠᠭᠠᠨ ᠱᠣᠷᠤᠩ ᠠᠭᠤᠯᠠᠨ ᠤ ᠠᠷᠣ ᠳᠤ ᠪᠣᠢ    
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号