ᠳᠠᠷᠬᠠᠨ ᠮᠤᠤᠮᠢᠩᠭᠠᠨ ᠤ ᠨᠤᠲᠤᠭ ᠲᠡᠪᠢᠰᠭᠡᠷ᠂ ᠭᠤᠪᠢ ᠬᠡᠭᠡᠷ᠎ᠡ ᠶᠢᠨ ᠫᠦᠰᠡ ᠳᠤ ᠬᠠᠷᠢᠶᠠᠯᠠᠭᠳᠠᠨ᠎ᠠ᠃ ᠡᠨᠡᠬᠦ | ᠭᠠᠵᠠᠷ ᠵᠦᠢ ᠶᠢᠨ ᠣᠨᠴᠠᠯᠢᠭ ᠢᠶᠠᠨ ᠪᠠᠷᠢᠵᠤ᠂ ᠲᠤᠰ ᠨᠤᠲᠤᠭ ᠤᠨ ᠡᠪᠡᠰᠦ ᠤᠷᠭᠤᠮᠠᠯ ᠤᠨ ᠵᠦᠢᠯ ᠪᠦᠷᠢᠨ ᠪᠤᠰᠤ | ᠪᠦᠷᠢᠳᠬᠡᠯ ᠢᠶᠠᠷ 384 ᠵᠦᠢᠯ ᠪᠠᠶᠢᠳᠠᠭ᠃ ᠡᠭᠦᠨ ᠳᠤ ᠲᠡᠵᠢᠭᠡᠯ ᠪᠣᠷᠳᠣᠭᠠᠨ ᠤ ᠥᠷᠲᠡᠭ ᠪᠦᠬᠦᠢ 120 ᠵᠦᠢᠯ᠂ | ᠡᠮᠲᠦ ᠤᠷᠭᠤᠮᠠᠯ 150 ᠵᠦᠢᠯ ᠪᠠᠶᠢᠳᠠᠭ᠃ | ᠲᠦᠢᠮᠣᠴᠢᠯᠠᠪᠠᠯ᠄ | ᠮᠣᠳᠣᠯᠢᠭ ᠤᠷᠭᠤᠮᠠᠯ | ᠠᠭᠠᠷᠤ᠂ ᠠᠷᠴᠠ᠂ ᠬᠠᠶᠢᠯᠠᠰᠣ᠂ ᠪᠣᠷᠭᠠᠰᠣ᠂ ᠨᠣᠬᠠᠢ ᠬᠠᠷᠰᠢ᠂ ᠬᠠᠷᠭᠠᠢ᠂ ᠣᠷᠳᠣᠰ ᠰᠢᠪᠠᠭ᠂ ᠬᠠᠳᠬᠤᠷᠠ | ᠂ ᠬᠠᠷᠭᠠᠨ᠎ᠠ᠂ ᠠᠯᠲᠠᠨ ᠬᠠᠷᠭᠠᠨ᠎ᠠ᠂ ᠤᠯᠠᠭᠠᠨ ᠰᠤᠬᠠᠢ᠂ ᠭᠦᠢᠯᠡᠰᠦ᠂ ᠬᠤᠰᠤ ᠵᠡᠷᠭᠡ ᠪᠣᠢ᠃ | ᠪᠤᠲᠠᠯᠢᠭ ᠤᠷᠭᠤᠮᠠᠯ | ᠰᠣᠨᠳᠤᠤᠯᠠ᠂ ᠰᠢᠪᠠᠭ᠂ ᠣᠷᠲᠤᠭᠤᠰ᠂ ᠰᠢᠷ᠎ᠠ ᠮᠣᠳᠣ᠂ ᠢᠮᠠᠭᠠᠨ ᠪᠤᠲᠠ᠂ ᠪᠤᠳᠠᠷᠭᠠᠨ᠎ᠠ᠂ ᠪᠤᠶᠢᠯᠠᠰᠤ᠂ | ᠤᠯᠠᠭᠠᠨ ᠪᠤᠶᠢᠯᠠᠰᠤ ᠵᠡᠷᠭᠡ ᠪᠣᠢ᠃ ᠡᠪᠡᠰᠦᠯᠢᠭ ᠤᠷᠭᠤᠮᠠᠯ ᠪᠣᠷᠬᠠᠢ ᠭᠠᠰᠢᠭᠤᠨ᠂ ᠬᠤᠩᠭᠤᠷᠵᠤᠯᠠ᠂ ᠭᠠᠩᠲᠡᠮᠦᠷ᠂ | ᠯᠤᠤᠯᠢ᠂ ᠠᠬᠢ᠂ ᠲᠠᠭᠠᠨ᠎ᠠ᠂ ᠬᠠᠵᠠᠭᠠᠷ ᠡᠪᠡᠰᠦ ᠬᠦᠮᠡᠯᠢ᠂ ᠰᠣᠯᠢ᠂ ᠵᠦᠯᠭᠡ᠂ ᠬᠠᠯ᠂ ᠴᠭᠠᠯᠵᠢ᠂ ᠰᠢᠯᠦᠭᠡᠢ᠂ | ᠡᠭᠡᠷᠦᠮ᠂ ᠬᠢᠯᠭᠠᠨ᠎ᠠ᠂ ᠳᠡᠷᠡᠰᠦ᠂ ᠦᠨᠡᠭᠡᠨ ᠰᠡᠭᠦᠯ᠂ ᠬᠡᠳᠦᠨ ᠵᠦᠢᠯ ᠤᠨ ᠰᠢᠷᠠᠯᠵᠢ᠂ ᠬᠡᠳᠦᠨ ᠵᠦᠢᠯ ᠤᠨ ᠬᠠᠮᠬᠤᠤᠯ | ᠵᠡᠷᠭᠡ ᠪᠣᠢ᠃ | ᠡᠮ ᠤᠨ ᠤᠷᠭᠤᠮᠠᠯ | ᠵᠡᠭᠡᠷᠭᠡᠨ᠎ᠡ᠂ ᠰᠢᠬᠢᠷ ᠡᠪᠡᠰᠦ᠂ ᠬᠤᠨᠴᠢᠷ᠂ ᠬᠡᠷᠢᠶᠡᠨ ᠨᠢᠳᠦ᠂ ᠤᠯᠠᠭᠠᠨ ᠭᠤᠶᠣ᠂ ᠴᠠᠭᠠᠨ ᠭᠤᠶᠣ᠂ ᠦᠯᠢᠢ | ᠂ ᠲᠡᠮᠡᠭᠡᠨ ᠬᠥᠬᠦ᠂ ᠳᠠᠯᠠᠨ ᠲᠦᠷᠦᠭᠦᠦ ︵ᠲᠠᠷᠨᠤ︶᠂ ᠴᠢᠨ᠋ᠸ᠎ᠠ ᠶᠢᠨ ᠬᠠᠷᠮᠠᠭ᠂ ᠲᠣᠯᠣᠨᠣ᠂ ᠪᠠᠭᠪᠠᠭᠠᠢ ᠴᠡᠴᠡᠭ ︵ | ᠺᠦᠷᠮᠠᠨ︶᠂ ᠰᠡᠷᠵᠢᠮᠡ ︵ᠰᠢᠷ᠎ᠠ ᠴᠡᠴᠡᠭ︶᠂ ᠬᠤᠨᠢᠨ ᠨᠢᠳᠦᠨ ᠴᠡᠴᠡᠭ ᠵᠡᠷᠭᠡ ᠪᠣᠢ᠃ | ᠬᠤᠪᠣᠷ ᠴᠤᠬᠠᠭ ᠤᠷᠭᠤᠮᠠᠯ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ | ᠲᠠᠩᠬᠢᠮ ᠠᠴᠠ ᠨᠡᠶᠢᠲᠡᠯᠡᠭᠰᠡᠨ ︽ᠥᠪᠥᠷ ᠮᠣᠩᠭᠤᠯ ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ ᠤᠷᠭᠤᠮᠠᠯ ᠤᠨ | ᠵᠢᠭᠰᠠᠭᠠᠯᠲᠠ︾ ᠳᠤ ᠪᠦᠷᠢᠳᠬᠡᠭᠦᠯᠦᠭᠰᠡᠨ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ ᠭᠤᠷᠪᠠᠨ ᠵᠦᠢᠯ᠂ | ᠭᠤᠷᠪᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ᠂ ᠣᠷᠣᠨ ᠨᠤᠲᠤᠭ ᠤᠨ ᠬᠤᠪᠣᠷ ᠴᠤᠬᠠᠭ ᠤᠷᠭᠤᠮᠠᠯ | ᠨᠢᠵᠡᠭᠡᠳ ᠪᠠᠶᠢᠳᠠᠭ᠃ | ᠰᠢᠬᠢᠷ ᠡᠪᠡᠰᠦ᠄ ᠤᠯᠠᠨ ᠨᠠᠰᠤᠲᠤ ᠡᠪᠡᠰᠦᠯᠢᠭ ᠤᠷᠭᠤᠮᠠᠯ᠂ 30 - 70 cm ᠥᠨᠳᠥᠷ ᠤᠷᠭᠤᠳᠠᠭ᠃ | ᠦᠨᠳᠦᠰᠦ ᠪᠣᠯᠣᠨ ᠡᠰᠢ ᠨᠢ ᠪᠦᠳᠦᠭᠦᠨ᠂ ᠭᠦᠢᠬᠡᠨ ᠤᠯᠠᠪᠤᠷ ᠥᠩᠭᠡ ᠲᠠᠢ᠃ ᠭᠠᠩ ᠬᠠᠭᠤᠷᠠᠢ ᠬᠡᠭᠡᠷ᠎ᠡ ᠲᠠᠯ᠎ᠠ᠂ | ᠡᠭᠡᠪᠦᠷ ᠪᠡᠯ᠂ ᠨᠠᠭᠤᠷ ᠭᠤᠣᠯ ᠤᠨ ᠬᠥᠪᠡᠭᠡ ᠶᠢᠨ ᠡᠯᠡᠰᠦᠷᠬᠡᠭ ᠭᠠᠵᠠᠷ᠂ ᠡᠯᠡᠰᠦ ᠮᠠᠩᠬᠠᠨ ᠳᠤ ᠤᠷᠭᠤᠨ᠎ᠠ᠃ ᠭᠠᠩ | ᠬᠠᠭᠤᠷᠠᠢ ᠳᠤ ᠳᠠᠭᠠᠭᠠᠴᠠ ᠲᠠᠢ᠃ ᠦᠨᠳᠦᠰᠦ ᠪᠣᠯᠣᠨ ᠡᠰᠢ ᠨᠢ ᠡᠮ ᠳᠤ ᠣᠷᠣᠨ᠎ᠠ᠃ ︽ᠥᠪᠥᠷ ᠮᠣᠩᠭᠤᠯ | ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ ᠤᠷᠭᠤᠮᠠᠯ ᠤᠨ ᠵᠢᠭᠰᠠᠭᠠᠯᠲᠠ︾ ᠳᠤ ᠪᠦᠷᠢᠳᠬᠡᠭᠦᠯᠦᠭᠰᠡᠨ | ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ ᠪᠣᠯᠣᠨ᠎ᠠ᠃ | ᠴᠠᠷᠭᠠᠢ ︵ᠡᠮᠡᠭᠡᠨ ᠰᠢᠯᠪᠢ︶᠄ ᠡᠯᠡᠰᠦᠨ ᠭᠠᠵᠠᠷ ᠡᠯᠪᠡᠭ ᠤᠷᠭᠤᠳᠠᠭ ᠨᠢᠭᠡ ᠵᠦᠢᠯ ᠤᠨ ᠪᠤᠲᠠᠯᠢᠭ | ᠤᠷᠭᠤᠮᠠᠯ ᠤᠨ ᠲᠥᠷᠥᠯ ᠪᠣᠯᠣᠨ᠎ᠠ᠂ ᠦᠨᠳᠦᠰᠦ ᠨᠢ ᠲᠤᠩ ᠭᠦᠨ᠂ ᠤᠯᠠᠨ ᠨᠠᠰᠤᠲᠤ ᠤᠷᠭᠤᠮᠠᠯ᠂ ᠭᠠᠩ | ᠬᠠᠭᠤᠷᠠᠢ ᠳᠤ ᠳᠠᠭᠠᠭᠠᠴᠠ ᠲᠠᠢ᠃ ᠬᠠᠮᠤᠭ ᠥᠨᠳᠥᠷ ᠲᠡᠭᠡᠨ 1 ᠮᠧᠳ᠋ᠷ ᠤᠷᠭᠤᠵᠤ᠂ ᠨᠠᠪᠴᠢ ᠨᠢ 2-3cm | ᠥᠷᠭᠡᠨ ᠪᠠᠶᠢᠳᠠᠭ᠃ ᠴᠠᠭᠠᠨ᠂ ᠶᠠᠭᠠᠨ᠂ ᠬᠥᠬᠡ᠂ ᠬᠦᠷᠡᠩ ᠤᠯᠠᠭᠠᠨ ᠵᠡᠷᠭᠡ ᠬᠡᠳᠦᠨ ᠶᠠᠩᠵᠤ ᠶᠢᠨ ᠴᠡᠴᠡᠭ | ᠳᠡᠯᠭᠡᠷᠡᠳᠡᠭ᠃ ᠲᠡᠮᠡᠭᠡᠨ ᠤ ᠲᠠᠷᠭᠤ ᠶᠢᠨ ᠡᠪᠡᠰᠦ ᠪᠣᠯᠣᠨ᠎ᠠ᠃ ᠰᠢᠮ᠎ᠡ ᠲᠡᠵᠢᠭᠡᠯ ᠨᠢ ᠦᠨᠳᠥᠷ᠂ ᠦᠨᠦᠷ ᠠᠮᠲᠠ ᠨᠢ | ᠰᠠᠶᠢᠬᠠᠨ᠂ ᠨᠠᠷᠢᠨ ᠨᠠᠬᠢᠶ᠎ᠠ ᠨᠠᠮᠠᠭ᠎ᠠ ᠨᠢ ᠠᠷᠪᠢᠨ᠂ ᠪᠤᠲᠠ ᠲᠠᠢ ᠠᠳᠠᠯᠢ ᠡᠪᠥᠯ ᠵᠤᠨ ᠦᠭᠡᠢ ᠨᠣᠭᠤᠭᠠᠨ ᠭᠤᠣᠯ ᠲᠠᠢ | ᠪᠠᠶᠢᠳᠠᠭ᠃ ︽ᠥᠪᠥᠷ ᠮᠣᠩᠭᠤᠯ ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ ᠤᠷᠭᠤᠮᠠᠯ ᠤᠨ ᠵᠢᠭᠰᠠᠭᠠᠯᠲᠠ︾ | ᠳᠤ ᠪᠦᠷᠢᠳᠬᠡᠭᠦᠯᠦᠭᠰᠡᠨ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ ᠪᠣᠯᠣᠨ᠎ᠠ᠃ ᠰᠢᠷ᠎ᠠ ᠳᠠᠯᠠᠨ᠄ | ᠤᠯᠠᠨ ᠨᠠᠰᠤᠲᠤ ᠡᠪᠡᠰᠦᠯᠢᠭ ᠤᠷᠭᠤᠮᠠᠯ᠂ ᠮᠥᠴᠢᠷ ᠨᠢ ᠨᠠᠭᠠᠯᠲᠤᠩᠬᠠᠢ ᠰᠢᠭᠦᠰᠦ ᠲᠠᠢ᠃ ᠭᠠᠩ ᠬᠠᠭᠤᠷᠠᠢ ᠳᠤ | ᠳᠠᠭᠠᠭᠠᠴᠠ ᠰᠠᠶᠢᠨ᠂ ᠡᠯᠡᠰᠦᠷᠬᠡᠭ ᠬᠡᠭᠡᠷ᠎ᠡ ᠶᠢᠨ ᠬᠠᠶᠢᠷ ᠴᠢᠯᠠᠭᠤ ᠲᠠᠢ ᠭᠠᠵᠠᠷ ᠤᠷᠭᠤᠳᠠᠭ ᠣᠨᠴᠠ ᠲᠥᠷᠥᠯ ᠤᠨ | ᠤᠷᠭᠤᠮᠠᠯ᠃ ᠮᠠᠨ ᠤ ᠬᠤᠰᠢᠭᠤᠨ ᠳᠤ ᠭᠤᠣᠯᠳᠠᠭᠤ ᠤᠯᠠᠭᠠᠨ ᠲᠤᠭ ᠮᠠᠯᠵᠢᠯ ᠤᠨ ᠲᠠᠯᠠᠪᠠᠢ ᠪᠠᠷ ᠤᠷᠭᠤᠳᠠᠭ᠃ ︽ | ᠥᠪᠥᠷ ᠮᠣᠩᠭᠤᠯ ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ ᠤᠷᠭᠤᠮᠠᠯ ᠤᠨ ᠵᠢᠭᠰᠠᠭᠠᠯᠲᠠ︾ ᠳᠤ | ᠪᠦᠷᠢᠳᠬᠡᠭᠦᠯᠦᠭᠰᠡᠨ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ ᠪᠣᠯᠣᠨ᠎ᠠ᠃ | ᠤᠯᠠᠭᠠᠨ ᠪᠤᠶᠢᠯᠠᠰᠤ᠄ ᠪᠤᠲᠠᠯᠢᠭ ᠤᠷᠭᠤᠮᠠᠯ᠂ 1-1.5m ᠥᠨᠳᠥᠷ ᠤᠷᠭᠤᠳᠠᠭ᠃ ᠭᠠᠩ ᠬᠠᠭᠤᠷᠠᠢ ᠳᠤ | ᠳᠠᠭᠠᠭᠠᠴᠠ ᠰᠠᠶᠢᠲᠠᠢ᠃ ᠭᠠᠩ ᠬᠠᠭᠤᠷᠠᠢ ᠬᠡᠭᠡᠷ᠎ᠡ ᠲᠠᠯ᠎ᠠ ᠶᠢᠨ ᠠᠭᠤᠯᠠ ᠬᠢᠷ᠎ᠠ ᠲᠠᠢ ᠭᠠᠵᠠᠷ ᠤᠨ ᠤᠷᠭᠤᠮᠠᠯ᠃ | ᠮᠠᠨ ᠤ ᠬᠤᠰᠢᠭᠤᠨ ᠳᠤ ᠭᠤᠤᠯᠳᠠᠭᠤ ᠪᠠᠲᠤᠬᠠᠭᠠᠯᠭ᠎ᠠ ᠶᠢᠨ ᠠᠭᠤᠯᠠ᠂ ᠵᠢᠮᠢᠰᠲᠠᠢ ᠠᠭᠤᠯᠠ᠂ ᠬᠠᠩᠭᠠᠢ ᠠᠭᠤᠯᠠ ᠶᠢᠨ | ᠠᠭᠤᠯᠠᠷᠬᠠᠭ ᠭᠠᠵᠠᠷ ᠢᠶᠠᠷ ᠤᠷᠭᠤᠳᠠᠭ᠃ ︽ᠥᠪᠥᠷ ᠮᠣᠩᠭᠤᠯ ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ | ᠤᠷᠭᠤᠮᠠᠯ ᠤᠨ ᠵᠢᠭᠰᠠᠭᠠᠯᠲᠠ︾ ᠳᠤ ᠪᠦᠷᠢᠳᠬᠡᠭᠦᠯᠦᠭᠰᠡᠨ ᠭᠤᠷᠪᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ | ᠪᠣᠯᠣᠨ᠎ᠠ᠃ | ᠰᠠᠷᠠᠯᠠᠩ ︵ᠰᠠᠷᠠᠨ᠎ᠠ ᠴᠡᠴᠡᠭ︶᠄ ᠴᠡᠴᠡᠭᠯᠢᠭ ᠤᠷᠭᠤᠮᠠᠯ᠂ ᠠᠭᠤᠯᠠ ᠶᠢᠨ ᠪᠡᠯ ᠬᠠᠵᠠᠭᠤ᠂ ᠣᠢ | ᠲᠠᠶᠢᠭ᠎ᠠ ᠶᠢᠨ ᠴᠢᠯᠦᠭᠡ᠂ ᠵᠠᠬ᠎ᠠ ᠬᠥᠪᠡᠭᠡ ᠪᠠᠷ ᠤᠷᠭᠤᠳᠠᠭ᠃ ᠬᠡᠯᠲᠡᠰ ᠨᠢ ᠡᠮ ᠳᠤ ᠣᠷᠣᠳᠠᠭ᠃ ᠠᠭᠤᠰᠬᠢ ᠶᠢ | ᠴᠡᠪᠡᠷᠰᠢᠯᠡᠭᠦᠯᠵᠦ᠂ ᠠᠮᠤᠷᠵᠢᠯᠠᠭᠤᠯᠬᠤ ᠦᠢᠯᠡᠳᠦᠯ ᠲᠠᠢ᠃ ᠮᠠᠨ ᠤ ᠬᠤᠰᠢᠭᠤᠨ ᠤ ᠡᠮᠥᠨ᠎ᠡ ᠪᠡᠶ᠎ᠡ ᠪᠠᠷ ᠤᠷᠭᠤᠳᠠᠭ᠃ | ︽ᠥᠪᠥᠷ ᠮᠣᠩᠭᠤᠯ ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ ᠤᠷᠭᠤᠮᠠᠯ ᠤᠨ ᠵᠢᠭᠰᠠᠭᠠᠯᠲᠠ︾ ᠳᠤ | ᠪᠦᠷᠢᠳᠬᠡᠭᠦᠯᠦᠭᠰᠡᠨ ᠭᠤᠷᠪᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ ᠪᠣᠯᠣᠨ᠎ᠠ᠃ ᠮᠣᠩᠭᠤᠯ ᠬᠤᠨᠴᠢᠷ᠄ | ᠪᠤᠷᠴᠠᠭ ᠤᠨ ᠲᠥᠷᠥᠯ᠂ ᠣᠯᠠᠨ ᠨᠠᠰᠤᠲᠤ ᠡᠪᠡᠰᠦᠯᠢᠭ ᠤᠷᠭᠤᠮᠠᠯ᠂ 40-70cm ᠥᠨᠳᠥᠷ ᠤᠷᠭᠤᠳᠠᠭ᠃ | ᠡᠰᠢ ᠨᠢ ᠪᠦᠳᠦᠭᠦᠨ ᠪᠥᠭᠡᠳ ᠤᠷᠲᠤ᠂ ᠰᠠᠯᠠᠭ᠎ᠠ ᠨᠠᠮᠠᠭ᠎ᠠ ᠴᠥᠭᠡᠨ ᠲᠠᠢ᠂ ᠬᠠᠯᠢᠰᠤ ᠨᠢ ᠰᠢᠷᠠᠪᠲᠤᠷ ᠠᠴᠠ ᠭᠦᠨ | ᠭᠦᠷᠡᠩ ᠥᠩᠭᠡ ᠲᠠᠢ᠃ ᠭᠠᠩ ᠬᠠᠭᠤᠷᠠᠢ ᠳᠤ ᠳᠠᠭᠠᠭᠠᠴᠠ ᠲᠠᠢ᠃ ᠲᠤᠰ ᠬᠤᠰᠢᠭᠤᠨ ᠤ ᠡᠮᠦᠨ᠎ᠡ ᠪᠡᠶ᠎ᠡ ᠶᠢᠨ ᠲᠠᠯ᠎ᠠ | ᠭᠠᠵᠠᠷ ᠤᠷᠭᠤᠳᠠᠭ᠃ ᠦᠨᠳᠦᠰᠦ ᠨᠢ ᠡᠮ ᠳᠤ ᠣᠷᠣᠳᠠᠭ᠃ ᠤᠯᠤᠰ ᠤᠨ ᠭᠤᠷᠪᠠᠳᠤᠭᠠᠷ ᠳᠡᠰ ᠤᠨ | ᠬᠠᠮᠠᠭᠠᠯᠠᠯᠲᠠ ᠶᠢᠨ ᠤᠷᠭᠤᠮᠠᠯ ᠪᠣᠯᠣᠨ᠎ᠠ᠃ | ᠪᠤᠶᠢᠯᠠᠰᠤ᠄ ᠪᠤᠲᠠᠯᠢᠭ ᠤᠷᠭᠤᠮᠠᠯ᠂ 1-1.5m ᠥᠨᠳᠥᠷ ᠤᠷᠭᠤᠳᠠᠭ᠃ ᠭᠠᠩ ᠬᠠᠭᠤᠷᠠᠢ ᠳᠤ | ᠳᠠᠭᠠᠭᠠᠴᠠ ᠲᠠᠢ᠃ ᠬᠡᠭᠡᠷ᠎ᠡ ᠲᠠᠯ᠎ᠠ᠂ ᠠᠭᠤᠯᠠ ᠬᠢᠷ᠎ᠠ ᠶᠢᠨ ᠡᠭᠡᠪᠦᠷ ᠭᠠᠵᠠᠷ ᠤᠷᠭᠤᠳᠠᠭ᠃ ᠦᠷ᠎ᠡ ᠨᠢ ᠡᠮ ᠳᠤ | ᠣᠷᠣᠳᠠᠭ᠃ ᠲᠤᠰ ᠬᠤᠰᠢᠭᠤᠨ ᠤ ᠠᠭᠤᠯᠠᠷᠬᠠᠭ ᠭᠠᠵᠠᠷ ᠢᠶᠠᠷ ᠨᠡᠶᠢᠳᠡᠮ ᠤᠷᠭᠤᠳᠠᠭ᠃ ︽ᠥᠪᠥᠷ ᠮᠣᠩᠭᠤᠯ | ᠣᠷᠣᠨ ᠤ ᠬᠤᠪᠣᠷ ᠴᠤᠬᠠᠭ ᠬᠠᠮᠠᠭᠠᠯᠠᠯᠲᠠ ᠶᠢᠨ ᠤᠷᠭᠤᠮᠠᠯ ᠤᠨ ᠵᠢᠭᠰᠠᠭᠠᠯᠲᠠ︾ ᠳᠤ ᠪᠦᠷᠢᠳᠬᠡᠭᠦᠯᠦᠭᠰᠡᠨ | ᠭᠤᠷᠪᠠᠳᠤᠭᠠᠷ ᠳᠡᠰ ᠤᠨ ᠬᠠᠮᠠᠭᠠᠯᠠᠯᠲᠠ ᠶᠢᠨ ᠤᠷᠭᠤᠮᠠᠯ ᠪᠣᠯᠣᠨ᠎ᠠ᠃ | ᠲᠡᠮᠡᠭᠡᠨ ᠬᠥᠬᠦ᠄ ᠡᠯᠡᠰᠦ ᠲᠠᠢ ᠵᠥᠭᠡᠯᠡᠨ ᠭᠠᠵᠠᠷ ᠪᠤᠶᠤ ᠰᠤᠯᠠ ᠰᠢᠷ᠎ᠠ ᠰᠢᠷᠦ᠋ᠢᠯᠢᠭ᠋ ᠭᠠᠵᠠᠷ ᠢᠶᠠᠷ ᠡᠯᠪᠡᠭ | ᠤᠷᠭᠤᠳᠠᠭ ᠣᠯᠠᠨ ᠨᠠᠰᠤᠲᠤ ᠡᠪᠡᠰᠦᠯᠢᠭ ᠤᠷᠭᠤᠮᠠᠯ᠃ 10-20cm ᠥᠨᠳᠥᠷ᠂ ᠰᠦ ᠰᠢᠭ ᠴᠠᠭᠠᠨ ᠰᠢᠭᠦᠰᠦ | ᠲᠠᠢ ᠤᠷᠭᠤᠮᠠᠯ᠃ ᠡᠰᠢ ᠨᠢ ᠪᠣᠭᠤᠨᠢ᠂ ᠮᠠᠰᠢ ᠣᠯᠠᠨ ᠰᠠᠯᠠᠭ᠎ᠠ ᠲᠠᠢ᠂ ᠵᠢᠮᠢᠰ ᠢ ᠨᠢ ᠢᠳᠡᠵᠦ ᠪᠣᠯᠬᠤ ᠪᠥᠭᠡᠳ | ᠡᠮ ᠳᠤ ᠣᠷᠣᠳᠠᠭ᠃ ᠵᠡᠭᠡᠷᠭᠡᠨ᠎ᠡ᠄ ᠲᠤᠰ ᠬᠤᠰᠢᠭᠤᠨ ᠤ ᠣᠯᠠᠩᠬᠢ ᠭᠠᠵᠠᠷ ᠢᠶᠠᠷ ᠨᠡᠶᠢᠳᠡᠮ ᠤᠷᠭᠤᠳᠠᠭ ᠮᠥᠩᠬᠡ | ᠨᠣᠭᠤᠪᠲᠤᠷ ᠪᠢᠴᠢᠬᠠᠨ ᠪᠤᠲᠠᠯᠢᠭ ᠤᠷᠭᠤᠮᠠᠯ᠃ 20-40cm ᠥᠨᠳᠥᠷ᠂ ᠮᠣᠳᠣᠵᠢᠭᠰᠠᠨ ᠡᠰᠢ ᠦᠭᠡᠢ᠃ ᠬᠠᠶᠢᠷ | ᠴᠢᠯᠠᠭᠤᠯᠢᠭ ᠭᠠᠩ ᠬᠠᠭᠤᠷᠠᠢ ᠭᠠᠵᠠᠷ᠂ ᠡᠯᠡᠰᠦᠷᠬᠡᠭ ᠲᠣᠪᠤ ᠳᠡᠭᠡᠷ᠎ᠡ ᠣᠯᠠᠨ ᠤᠷᠭᠤᠳᠠᠭ᠃ ᠦᠨᠳᠦᠰᠦ ᠭᠦᠨ᠂ | ᠭᠠᠩ ᠬᠠᠭᠤᠷᠠᠢ ᠳᠤ ᠳᠠᠭᠠᠭᠠᠴᠠ ᠪᠠᠷ ᠮᠠᠰᠢ ᠰᠠᠶᠢᠨ᠃ ᠡᠮ ᠳᠤ ᠣᠷᠣᠳᠠᠭ᠃ ᠠᠷᠴᠠ᠄ ᠮᠥᠩᠬᠡ ᠨᠣᠭᠤᠭᠠᠨ | ᠲᠤᠷᠤᠭ ᠮᠣᠳᠣ᠃ ᠵᠢᠵᠢᠭ ᠮᠥᠴᠢᠷ ᠨᠢ ᠬᠠᠪᠲᠠᠭᠠᠢ᠃ ᠨᠠᠪᠴᠢ ᠨᠢ ᠵᠢᠵᠢᠭ ᠬᠠᠶᠢᠷᠰᠤᠨ ᠢᠯᠲᠠᠰᠤ ᠬᠡᠯᠪᠡᠷᠢ ᠲᠠᠢ᠃ | ᠪᠤᠷᠴᠠᠭ ᠰᠠᠭᠤᠨ᠎ᠠ᠃ ᠠᠩᠭᠢᠯᠤᠮ᠎ᠠ ᠦᠨᠦᠷ ᠲᠠᠢ᠃ ᠨᠠᠪᠴᠢ᠂ ᠦᠷ᠎ᠡ ᠨᠢ ᠡᠮ ᠳᠤ ᠣᠷᠣᠳᠠᠭ᠃ ᠰᠦᠮ᠎ᠡ ᠬᠡᠶᠢᠳ᠂ | ᠣᠪᠣᠭ᠎ᠠ ᠳᠠᠬᠢᠯᠭ᠎ᠠ ᠵᠡᠷᠭᠡ ᠶᠢᠨ ᠤᠲᠤᠯᠭ᠎ᠠ ᠰᠠᠩ ᠳᠤ ᠬᠡᠷᠡᠭᠯᠡᠳᠡᠭ᠃ ᠲᠤᠰ ᠬᠤᠰᠢᠭᠤᠨ ᠳᠤ ᠪᠠᠶᠠᠨᠵᠢᠷᠦᠬᠡ | ᠰᠤᠮᠤᠨ ᠤ ᠠᠷᠴᠠ ᠶᠢᠨ ᠠᠭᠤᠯᠠᠨ ᠳᠤ ᠤᠷᠭᠤᠳᠠᠭ᠃ |