ᠭᠤᠣᠯ ᠪᠣᠯᠬᠤ ᠠᠷᠢᠶᠠᠳᠠᠨ ᠬᠦᠷᠦᠭᠡᠰᠦ
ᠨᠡᠶᠢᠲᠡᠯᠡᠭᠰᠡᠨ ᠴᠠᠭ᠄
2022/11/24
      ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠤᠲᠤᠭ ᠳᠡᠪᠢᠰᠭᠡᠷ ᠳᠡᠭᠡᠷ᠎ᠡ ᠠᠷᠭᠠᠯᠢ᠂ ᠰᠡᠭᠦᠯᠲᠦ ᠶᠢᠨ ᠵᠡᠭᠡᠷ᠎ᠡ᠂ ᠴᠠᠭᠠᠨ ᠵᠡᠭᠡᠷ᠎ᠡ᠂ ᠶᠠᠩᠭᠢᠷ᠂ ᠬᠥᠭᠡ ᠢᠮᠠᠭ᠎ᠠ᠂ ᠬᠤᠯᠠᠨ᠂ ᠵᠡᠷᠯᠢᠭ ᠭᠠᠭ᠋ᠠᠢ᠂ ᠴᠢᠨ᠋ᠸ᠎ᠠ᠂ ᠰᠢᠯᠦᠭᠦᠰᠦ᠂ ᠦᠨᠡᠭᠡ᠂ ᠬᠢᠷᠰᠠ᠂ ᠮᠠᠩᠭᠢᠰᠦ᠂ ᠮᠠᠯᠤᠷ᠂ ᠬᠦᠷᠡᠨ᠎ᠡ᠂ ᠦᠮᠡᠬᠡᠢ ᠬᠦᠷᠡᠩ᠂ ᠪᠤᠯᠠᠭ᠎ᠠ᠂ ᠬᠡᠷᠡᠮᠦ᠂ ᠲᠠᠣᠯᠠᠢ᠂ ᠪᠣᠵᠣᠯᠠᠭ ᠂ ᠵᠠᠷᠠᠭ᠎ᠠ ᠵᠡᠷᠭᠡ ᠨᠢᠭᠡᠨᠲᠡ ᠮᠡᠳᠡᠭᠰᠡᠨ ᠬᠥᠬᠦᠲᠡᠨ ᠠᠮᠢᠲᠠᠨ 35 ᠵᠦᠢᠯ ᠪᠣᠢ᠃ ᠡᠭᠦᠨ ᠳᠤ ᠤᠯᠤᠰ ᠤᠨ ᠨᠢᠭᠡᠳᠦᠭᠡᠷ ᠳᠠᠰ ᠤᠨ ᠬᠠᠮᠠᠭᠠᠯᠠᠯᠲᠠ ᠶᠢᠨ ᠠᠮᠢᠲᠠᠨ ᠬᠤᠶᠠᠷ᠂ ᠤᠯᠤᠰ ᠤᠨ ᠬᠤᠶᠠᠳᠤᠭᠠᠷ ᠳᠠᠰ ᠤᠨ ᠬᠠᠮᠠᠭᠠᠯᠠᠯᠲᠠ ᠶᠢᠨ ᠠᠮᠢᠲᠠᠨ ᠠᠷᠪᠠᠭᠠᠳ ᠪᠤᠢ᠃      ᠬᠤᠯᠠᠨ᠂ ᠲᠤᠭᠤᠷᠠᠶᠢᠲᠠᠨ ᠤ ᠪᠠᠭ᠂ ᠠᠳᠤᠭᠤᠨ ᠤ ᠢᠵᠠᠭᠤᠷ᠂ ᠲᠥᠷᠥᠯ᠃ ᠪᠡᠶ᠎ᠡ ᠨᠢ 1.8m ᠣᠷᠴᠢᠮ ᠤᠷᠲᠤ᠂ 1m ᠢᠯᠡᠭᠦᠦ ᠥᠨᠳᠥᠷ᠃ ᠲᠣᠯᠣᠭᠠᠢ ᠨᠢ ᠲᠣᠮᠣᠪᠲᠤᠷ᠂ ᠬᠤᠰᠢᠭᠤ ᠨᠢ ᠤᠷᠲᠤ᠂ ᠤᠷᠤᠭᠤᠯ ᠨᠢ ᠵᠤᠵᠠᠭᠠᠨ᠂ ᠬᠠᠮᠠᠷ ᠤᠨ ᠨᠥᠬᠡ ᠨᠢ ᠰᠠᠷᠲᠠᠭᠠᠷ᠂ ᠨᠢᠳᠦ ᠨᠢ ᠪᠦᠳᠦᠭᠦᠨ᠂ ᠴᠢᠬᠢ ᠨᠢ ᠤᠷᠲᠤ ᠪᠥᠭᠡᠳ ᠪᠣᠰᠤᠭ᠎ᠠ ᠱᠣᠪᠬᠤ᠃ ᠬᠦᠵᠦᠭᠦᠦ ᠨᠢ ᠬᠠᠵᠠᠭᠤ ᠪᠠᠷ ᠢᠶᠠᠨ ᠬᠠᠪᠴᠢᠭᠠᠷ ᠣᠬᠤᠷ ᠪᠠᠶᠢᠵᠤ᠂ ᠣᠬᠤᠷ ᠪᠣᠰᠤᠭ᠎ᠠ ᠳᠡᠯ ᠲᠠᠢ᠂ ᠬᠥᠬᠦᠯ ᠦᠭᠡᠢ᠃ ᠪᠡᠶ᠎ᠡ ᠨᠢ ᠪᠦᠳᠦᠭᠦᠪᠳᠦᠷ᠂ ᠰᠡᠭᠦᠯ ᠨᠢ ᠤᠷᠲᠤ ᠪᠥᠭᠡᠳ ᠦᠵᠦᠭᠦᠷ ᠲᠡᠭᠡᠨ ᠬᠢᠯᠭᠠᠰᠤ ᠲᠠᠢ᠃ ᠳᠥᠷᠪᠡᠨ ᠮᠥᠴᠢ ᠨᠢ ᠨᠠᠷᠢᠪᠲᠤᠷ᠂ ᠪᠤᠭᠲᠤᠰ ᠤᠨ ᠳᠣᠲᠤᠷ᠎ᠠ ᠲᠠᠯ᠎ᠠ ᠳᠤ ᠪᠠᠨ ᠬᠤᠯᠣᠩᠰᠤ ᠲᠠᠢ᠂ ᠬᠤᠮᠪᠤᠭᠤᠷ ᠲᠤᠭᠤᠷᠠᠢ ᠲᠠᠢ᠃ ᠡᠮᠡᠭᠴᠢᠨ ᠨᠢ ᠴᠠᠪᠢ ᠳᠠᠭᠠᠨ ᠬᠤᠣᠰ ᠬᠥᠬᠦᠨ ᠲᠣᠪᠴᠢ ᠲᠠᠢ᠃ ᠳᠡᠯ ᠪᠣᠯᠣᠨ ᠵᠣ ᠶᠢᠨ ᠵᠢᠷᠤᠭᠠᠰᠤ ᠂ ᠰᠡᠭᠦᠯ ᠨᠢ ᠬᠠᠷᠠᠪᠲᠤᠷ ᠬᠥᠷᠡᠩ᠂ ᠪᠡᠶ᠎ᠡ ᠨᠢ ᠬᠤᠸᠠ ᠬᠦᠷᠡᠪᠲᠦᠷ᠂ ᠭᠡᠳᠡᠰᠦᠨ ᠪᠡᠶ᠎ᠡ ᠪᠠ ᠬᠥᠯ ᠤᠨ ᠳᠣᠲᠣᠷ᠎ᠠ ᠲᠠᠯ᠎ᠠ ᠨᠢ ᠴᠠᠶᠢᠪᠤᠷ ᠴᠠᠭᠠᠨ ᠥᠩᠭᠡ ᠲᠠᠢ᠃     ᠭᠤᠪᠢ ᠲᠠᠯ᠎ᠠ ᠪᠣᠯᠣᠨ ᠥᠨᠳᠦᠷᠯᠢᠭ ᠢᠶᠠᠷ ᠰᠦᠷᠦᠭᠯᠡᠵᠦ᠂ ᠡᠪᠡᠰᠦ ᠨᠣᠭᠤᠭ᠎ᠠ ᠪᠠᠷ ᠢᠳᠡᠰᠢ ᠪᠣᠯᠭᠠᠳᠠᠭ᠃ 3 ᠨᠠᠰᠤᠲᠠᠢ ᠳᠠᠭᠠᠨ ᠪᠡᠶ᠎ᠡ ᠭᠦᠢᠴᠡᠵᠦ᠂ 11 ᠰᠠᠷ᠎ᠠ ᠬᠡᠭᠡᠯ ᠲᠠᠢ ᠪᠠᠶᠢᠵᠤ᠂ ᠨᠢᠭᠡ ᠤᠳᠠᠭ᠎ᠠ ᠳᠤ ᠨᠢᠭᠡ ᠳᠤᠳᠠᠷᠠᠢ ᠤᠨᠠᠭᠠᠯᠠᠳᠠᠭ᠃      ᠤᠤᠯ ᠳᠤ ᠪᠠᠨ ᠳᠠᠷᠬᠠᠨ ᠮᠤᠤᠮᠢᠩᠭᠠᠨ ᠤ ᠡᠯ᠎ᠡ ᠭᠠᠵᠠᠷ ᠨᠤᠲᠤᠭ ᠲᠤ ᠪᠦᠷ ᠲᠠᠷᠬᠠᠨ ᠠᠮᠢᠳᠤᠷᠠᠵᠤ ᠪᠠᠶᠢᠪᠠ᠃ ᠡᠳᠦᠭᠡ ᠮᠠᠨᠳᠤᠯ᠂ ᠪᠠᠶᠠᠩᠬᠤᠸᠠ᠂ ᠴᠠᠭᠠᠨᠬᠠᠳᠠ ᠵᠡᠷᠭᠡ ᠰᠤᠮᠤ ᠶᠢᠨ ᠬᠢᠷ᠎ᠠ ᠪᠠᠷ᠂ ᠮᠣᠩᠭᠤᠯ ᠤᠯᠤᠰ ᠪᠠ ᠮᠠᠨ ᠤ ᠤᠯᠤᠰ ᠤᠨ ᠬᠢᠯᠢ ᠶᠢᠨ ᠵᠠᠭᠠᠭ ᠭᠠᠵᠠᠷ ᠢᠶᠠᠷ ᠴᠥᠭᠡᠪᠦᠷᠢ ᠪᠤᠢ᠃      ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃      ᠶᠠᠩᠭᠢᠷ᠂ ᠲᠤᠷᠤᠭᠤᠲᠠᠨ ᠤ ᠪᠠᠭ᠂ ᠦᠬᠡᠷ ᠤᠨ ᠢᠵᠠᠭᠤᠷ᠂ ᠶᠠᠩᠭᠢᠷ ᠤᠨ ᠲᠥᠷᠥᠯ᠃ ᠪᠡᠶ᠎ᠡ ᠨᠢ 1. 2m ᠣᠷᠴᠢᠮ ᠤᠷᠲᠤ᠂ 0.8m ᠥᠨᠳᠥᠷ᠃ ᠲᠣᠯᠣᠭᠠᠢ᠂ ᠬᠤᠰᠢᠭᠤ ᠨᠢ ᠬᠠᠪᠴᠢᠭᠤ ᠪᠥᠭᠡᠳ ᠱᠣᠪᠬᠤ᠂ ᠬᠠᠮᠠᠷ ᠤᠨ ᠨᠥᠬᠡ ᠨᠢ ᠵᠢᠵᠢᠭ᠂ ᠨᠢᠳᠦ᠂ ᠴᠢᠬᠢ ᠨᠢ ᠵᠢᠵᠢᠭ᠂ ᠴᠢᠬᠢ ᠨᠢ ᠪᠣᠰᠤᠭ᠎ᠠ ᠱᠣᠪᠬᠤ᠂ ᠡᠷ᠎ᠡ ᠡᠮ᠎ᠡ ᠨᠢ ᠴᠥᠮ ᠢᠶᠠᠷ ᠪᠦᠳᠦᠭᠦᠨ ᠣᠵᠣᠭᠤᠷ ᠪᠦᠬᠦᠢ ᠬᠠᠵᠠᠭᠤᠰᠢ ᠮᠠᠲᠠᠷᠢᠨ ᠭᠠᠷᠴᠤ᠂ ᠬᠤᠶᠢᠰᠢ ᠪᠠᠨ ᠮᠠᠲᠠᠷᠢᠭᠰᠠᠨ ᠬᠥᠨᠳᠡᠢ ᠡᠪᠡᠷ ᠲᠠᠢ᠃ ᠬᠦᠵᠦᠭᠦᠦ ᠨᠢ ᠨᠠᠷᠢᠨ ᠪᠥᠭᠡᠳ ᠵᠢᠭᠠᠬᠠᠨ ᠬᠠᠪᠴᠢᠭᠠᠷ᠂ ᠪᠡᠶ᠎ᠡ ᠨᠢ ᠣᠬᠤᠷ᠂ ᠰᠡᠭᠦᠯ ᠨᠢ ᠣᠬᠤᠷ᠃ ᠳᠥᠷᠪᠡᠨ ᠮᠥᠴᠢ ᠨᠢ ᠣᠬᠤᠷ ᠪᠥᠭᠡᠳ ᠨᠠᠷᠢᠨ᠂ ᠬᠤᠩᠰᠢᠶᠠᠷ ᠨᠢ ᠭᠤᠣᠯ ᠢᠶᠠᠷ ᠢᠶᠠᠨ ᠪᠠᠷᠠᠭᠠᠨ᠂ ᠬᠤᠶᠠᠷ ᠬᠠᠵᠠᠭᠤ  ᠨᠢ ᠴᠠᠶᠢᠪᠤᠷ᠃ ᠪᠥᠬᠦ ᠪᠡᠶ᠎ᠡ ᠨᠢ ᠬᠦᠷᠡᠩ ᠰᠢᠷᠭᠠᠯ᠂ ᠬᠡᠪᠡᠯᠢ ᠪᠣᠯᠣᠨ ᠬᠥᠯ ᠤᠨ ᠳᠣᠲᠣᠷ᠎ᠠ ᠲᠠᠯ᠎ᠠ ᠨᠢ ᠴᠠᠭᠠᠨ᠃ ᠬᠤᠭᠤᠯᠠᠢ᠂ ᠴᠡᠭᠡᠵᠢ᠂ ᠬᠥᠯ ᠤᠨ ᠭᠠᠳᠠᠷ ᠲᠠᠯ᠎ᠠ᠂ ᠴᠠᠪᠢ᠂ ᠰᠤᠭᠤ᠂ ᠰᠡᠭᠦᠯ᠂ ᠨᠢᠷᠤᠭᠤ ᠭᠤᠣᠯ ᠢᠶᠠᠷ ᠢᠶᠠᠨ ᠬᠠᠷᠠᠪᠲᠤᠷ ᠵᠢᠰᠦᠮ ᠲᠠᠢ᠃      ᠥᠨᠳᠦᠷᠯᠢᠭ ᠭᠠᠵᠠᠷ ᠰᠦᠷᠦᠭᠯᠡᠨ ᠠᠮᠢᠳᠤᠷᠠᠳᠠᠭ᠃ ᠭᠤᠣᠯᠴᠢᠯᠠᠨ ᠡᠪᠡᠰᠦ ᠨᠣᠭᠤᠭ᠎ᠠ᠂ ᠪᠤᠲᠠᠨ ᠤ ᠨᠠᠪᠴᠢ ᠨᠠᠬᠢᠶ᠎ᠠ ᠪᠠᠷ ᠢᠳᠡᠰᠢ ᠪᠣᠯᠭᠠᠳᠠᠭ᠃ ᠵᠢᠯ ᠳᠤ ᠨᠢᠭᠡ ᠤᠳᠠᠭ᠎ᠠ ᠢᠰᠢᠭᠡᠯᠡᠳᠡᠭ᠃       ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃       ᠴᠠᠭᠠᠨ ᠵᠡᠭᠡᠷ᠎ᠡ᠂ ᠲᠤᠷᠤᠭᠤᠲᠠᠨ ᠤ ᠪᠠᠭ᠂ ᠦᠬᠡᠷ ᠤᠨ ᠢᠵᠠᠭᠤᠷ᠂ ᠵᠡᠭᠡᠷ᠎ᠡ ᠶᠢᠨ ᠲᠥᠷᠥᠯ᠃ ᠪᠡᠶ᠎ᠡ ᠨᠢ 1. 3m ᠣᠷᠴᠢᠮ ᠤᠷᠲᠤ᠂ 0.75m ᠣᠷᠴᠢᠮ ᠥᠨᠳᠥᠷ᠃ ᠲᠣᠯᠣᠭᠠᠢ᠂ ᠬᠤᠰᠢᠭᠤ ᠨᠢ ᠱᠣᠪᠬᠤ᠂ ᠬᠠᠮᠠᠷ ᠲᠤ ᠪᠠᠨ ᠦᠰᠦ ᠲᠠᠢ᠂ ᠨᠢᠳᠦ ᠨᠢ ᠳᠤᠮᠳᠠ ᠵᠡᠷᠭᠡ᠂ ᠴᠢᠬᠢ ᠨᠢ ᠪᠣᠰᠤᠭ᠎ᠠ ᠱᠣᠪᠣᠭᠤᠷ᠃ ᠡᠷᠡᠭᠴᠢᠨ ᠨᠢ ᠬᠤᠶᠢᠰᠢ ᠮᠠᠲᠠᠶᠢᠭᠰᠠᠨ ᠴᠠᠭᠠᠷᠢᠭ ᠭᠤᠷᠪᠢ ᠪᠦᠬᠦᠢ ᠬᠠᠷ᠎ᠠ ᠥᠩᠭᠡᠲᠡᠢ ᠬᠥᠨᠳᠡᠢ ᠡᠪᠡᠷ ᠲᠠᠢ᠃ ᠬᠦᠵᠦᠭᠦᠦ ᠨᠢ ᠨᠠᠷᠢᠨ ᠤᠷᠲᠤ᠂ ᠪᠡᠶ᠎ᠡ ᠨᠢ ᠬᠠᠪᠴᠢᠭᠠᠷ᠂ ᠰᠡᠭᠦᠯ ᠨᠢ ᠣᠬᠤᠷ᠃ ᠳᠥᠷᠪᠡᠨ ᠮᠥᠴᠢ ᠨᠢ ᠨᠠᠷᠢᠨ ᠤᠷᠲᠤ᠂ ᠪᠥᠬᠦ ᠪᠡᠶ᠎ᠡ ᠨᠢ ᠰᠢᠷᠭᠠᠯ ᠪᠣᠷᠣ᠂ ᠬᠤᠰᠢᠭᠤ᠂ ᠬᠦᠵᠦᠭᠦᠦ ᠨᠢ ᠬᠥᠬᠡ ᠪᠣᠷᠣᠪᠲᠣᠷ᠂ ᠴᠡᠭᠡᠵᠢᠨ ᠪᠡᠶ᠎ᠡ ᠨᠢ ᠴᠠᠶᠢᠪᠤᠷ᠂ ᠪᠥᠭᠰᠡ ᠨᠢ ᠴᠠᠭᠠᠨ ᠵᠢᠰᠦᠮ ᠲᠠᠢ᠃      ᠭᠤᠪᠢ᠂ ᠥᠨᠳᠦᠷᠯᠢᠭ ᠲᠠᠯ᠎ᠠ ᠭᠠᠵᠠᠷ ᠢᠶᠠᠷ ᠬᠡᠳᠦᠨ ᠠᠷᠪᠠ᠂ ᠬᠡᠳᠦᠨ ᠵᠠᠭᠤ ᠪᠠᠷ ᠪᠤᠶᠤ ᠬᠡᠳᠦᠨ ᠮᠢᠩᠭ᠎ᠠ ᠪᠠᠷ ᠰᠦᠷᠦᠭᠯᠡᠨ ᠠᠮᠢᠳᠤᠷᠠᠳᠠᠭ ᠪᠠᠶᠢᠪᠠ᠃ ᠪᠤᠲᠠ ᠪᠤᠳᠠᠷᠭᠠᠨ᠎ᠠ᠂ ᠡᠯ᠎ᠡ ᠵᠦᠢᠯ ᠤᠨ ᠡᠪᠡᠰᠦ ᠨᠣᠭᠤᠭ᠎ᠠ ᠪᠠᠷ ᠢᠳᠡᠰᠢ ᠪᠣᠯᠭᠠᠵᠤ᠂ ᠰᠣᠨᠣᠷ ᠰᠠᠶᠢᠲᠠᠢ᠂ ᠬᠤᠷᠳᠤᠨ ᠭᠦᠶᠦᠳᠡᠭ᠃ ᠡᠪᠦᠯ ᠣᠷᠤᠭ᠎ᠠ ᠣᠷᠣᠵᠤ᠂ 6 ᠰᠠᠷ᠎ᠠ ᠶᠢᠨ ᠦᠶᠡᠰ ᠢᠶᠠᠷ ᠢᠨᠵᠠᠭᠠᠯᠠᠳᠠᠭ᠃ ᠢᠬᠢᠷᠡᠯᠡᠬᠦ ᠤᠳᠠᠭ᠎ᠠ ᠪᠤᠢ᠃     ᠡᠳᠦᠭᠡ ᠮᠠᠨᠳᠤᠯ᠂ ᠪᠠᠶᠠᠩᠬᠤᠸᠠ᠂ ᠴᠠᠭᠠᠨᠬᠠᠳᠠ ᠵᠡᠷᠭᠡ ᠰᠤᠮᠤ ᠶᠢᠨ ᠬᠢᠷ᠎ᠠ ᠪᠠᠷ᠂ ᠮᠣᠩᠭᠤᠯ ᠤᠯᠤᠰ ᠪᠠ ᠮᠠᠨ ᠤ ᠤᠯᠤᠰ ᠤᠨ ᠬᠢᠯᠢ ᠶᠢᠨ ᠵᠠᠭᠠᠭ ᠭᠠᠵᠠᠷ ᠢᠶᠠᠷ ᠴᠥᠭᠡᠪᠦᠷᠢ ᠠᠮᠢᠳᠤᠷᠠᠵᠤ ᠪᠤᠢ᠃     ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃     ᠰᠡᠭᠦᠯᠲᠦ ᠶᠢᠨ ᠵᠡᠭᠡᠷ᠎ᠡ᠂ ᠲᠤᠷᠤᠭᠤᠲᠠᠨ ᠤ ᠪᠠᠭ᠂ ᠦᠬᠡᠷ ᠤᠨ ᠢᠵᠠᠭᠤᠷ᠂ ᠵᠡᠭᠡᠷ᠎ᠡ ᠶᠢᠨ ᠲᠥᠷᠥᠯ᠃ ᠪᠡᠶ᠎ᠡ  ᠨᠢ 1.3m ᠣᠷᠴᠢᠮ ᠤᠷᠲᠤ᠂ 0.6m ᠣᠷᠴᠢᠮ ᠥᠨᠳᠥᠷ᠃ ᠲᠣᠯᠣᠭᠠᠢ᠂ ᠬᠤᠰᠢᠭᠤ ᠨᠢ ᠪᠦᠳᠦᠭᠦᠪᠲᠦᠷ᠂ ᠬᠠᠮᠠᠷ ᠤᠨ ᠨᠥᠬᠡ ᠨᠢ ᠶᠡᠬᠡᠪᠲᠦᠷ ᠪᠥᠭᠡᠳ ᠬᠠᠮᠠᠷ ᠲᠤ ᠪᠠᠨ ᠦᠰᠦ ᠲᠠᠢ᠂ ᠨᠢᠳᠦ ᠨᠢ ᠳᠤᠮᠳᠠ ᠵᠡᠷᠭᠡ᠂ ᠴᠢᠬᠢ ᠨᠢ ᠤᠷᠲᠤᠪᠲᠤᠷ ᠪᠥᠭᠡᠳ ᠪᠣᠰᠤᠭ᠎ᠠ ᠱᠣᠪᠬᠤ᠃ ᠡᠷᠡᠭᠴᠢᠨ ᠨᠢ ᠬᠤᠶᠢᠰᠢ ᠮᠠᠲᠠᠶᠢᠭᠰᠠᠨ ᠦᠵᠦᠭᠦᠷ ᠨᠢ ᠲᠣᠳᠣᠭᠰᠢ ᠬᠠᠨᠳᠤᠭᠰᠠᠨ ᠴᠠᠭᠠᠷᠢᠭ ᠭᠤᠷᠪᠢ ᠪᠦᠬᠦᠢ ᠬᠠᠷ᠎ᠠ ᠥᠩᠭᠡᠲᠡᠢ ᠬᠥᠨᠳᠡᠢ ᠡᠪᠡᠷ ᠲᠠᠢ᠃ ᠬᠦᠵᠦᠭᠦᠦ ᠨᠢ ᠨᠠᠷᠢᠪᠲᠤᠷ᠂ ᠡᠷᠡᠭᠴᠢᠨ ᠤ ᠬᠤᠭᠤᠯᠠᠢ ᠨᠢ ᠲᠥᠪᠥᠭᠡᠷ᠃ ᠪᠡᠶ᠎ᠡ ᠨᠢ ᠤᠷᠲᠤᠪᠲᠤᠷ᠂ ᠰᠡᠭᠦᠯ ᠨᠢ ᠴᠠᠭᠠᠨ ᠵᠡᠭᠡᠷ᠎ᠡ ᠠᠴᠠ ᠤᠷᠲᠤ ᠪᠥᠭᠡᠳ ᠬᠠᠷ᠎ᠠ᠃ ᠳᠥᠷᠪᠡᠨ ᠮᠥᠴᠢ ᠨᠢ ᠨᠠᠷᠢᠨ ᠤᠷᠲᠤ᠂ ᠪᠥᠬᠦ ᠪᠡᠶ᠎ᠡ ᠨᠢ ᠰᠢᠷᠭᠠᠯ ᠪᠣᠷᠣ᠂ ᠬᠤᠩᠰᠢᠶᠠᠷ ᠤᠨ ᠬᠤᠶᠠᠷ ᠬᠠᠵᠠᠭᠤ ᠨᠢ ᠴᠠᠶᠢᠪᠤᠷ᠂ ᠴᠡᠭᠡᠵᠢᠨ ᠪᠡᠶ᠎ᠡ ᠨᠢ ᠴᠠᠶᠢᠪᠤᠷ᠂ ᠪᠥᠭᠰᠡ ᠨᠢ ᠴᠠᠭᠠᠨ ᠵᠢᠰᠦᠮ ᠲᠠᠢ᠃      ᠡᠯᠡᠰᠦᠷᠬᠡᠭ ᠭᠤᠪᠢ ᠭᠠᠵᠠᠷ ᠢᠶᠠᠷ ᠬᠠᠮᠬᠤᠤᠯ᠂ ᠬᠠᠷᠪᠤᠭᠤᠯ᠂ ᠲᠠᠭᠠᠨ᠎ᠠ ᠵᠡᠷᠭᠡ ᠡᠪᠡᠰᠦ ᠨᠣᠭᠤᠭ᠎ᠠ ᠪᠠᠷ ᠢᠳᠡᠰᠢ ᠪᠣᠯᠭᠠᠵᠤ ᠠᠮᠢᠳᠤᠷᠠᠳᠠᠭ᠃ ᠰᠦᠷᠦᠭ ᠴᠥᠭᠡᠨ ᠲᠠᠢ᠂ ᠤᠯᠠᠷᠢᠯ ᠳᠠᠭᠠᠵᠤ ᠰᠢᠯᠵᠢᠨ ᠶᠠᠪᠤᠳᠠᠭ᠃ ᠡᠪᠦᠯ ᠣᠷᠤᠭ᠎ᠠ ᠣᠷᠣᠵᠤ᠂ 5 - 6 ᠰᠠᠷ᠎ᠠ ᠶᠢᠨ ᠦᠶᠡᠰ ᠢᠶᠠᠷ ᠢᠨᠵᠠᠭᠠᠯᠠᠳᠠᠭ᠃        ᠡᠳᠦᠭᠡ ᠮᠣᠩᠭᠤᠯ ᠤᠯᠤᠰ ᠪᠠ ᠮᠠᠨ ᠤ ᠤᠯᠤᠰ ᠤᠨ ᠬᠢᠯᠢ ᠶᠢᠨ ᠵᠠᠭᠠᠭ ᠭᠠᠵᠠᠷ ᠢᠶᠠᠷ ᠴᠥᠭᠡᠪᠦᠷᠢ ᠠᠮᠢᠳᠤᠷᠠᠵᠤ ᠪᠤᠢ᠃ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃       ᠠᠷᠭᠠᠯᠢ᠂ ᠲᠤᠷᠤᠭᠤᠲᠠᠨ ᠤ ᠪᠠᠭ᠂ ᠦᠬᠡᠷ ᠤᠨ ᠢᠵᠠᠭᠤᠷ᠂ ᠬᠤᠨᠢᠨ ᠤ ᠲᠥᠷᠥᠯ᠃ ᠪᠡᠶ᠎ᠡ ᠨᠢ 1.9m ᠣᠷᠴᠢᠮ ᠤᠷᠲᠤ᠂ 1.2m ᠣᠷᠴᠢᠮ ᠥᠨᠳᠥᠷ᠃ ᠲᠣᠯᠣᠭᠠᠢ ᠨᠢ ᠲᠣᠮᠣᠪᠲᠤᠷ᠂ ᠬᠤᠰᠢᠭᠤ ᠨᠢ ᠮᠣᠩᠬᠤᠷ᠂ ᠬᠠᠮᠠᠷ ᠨᠢ ᠰᠠᠷᠲᠠᠭᠠᠷ᠂ ᠨᠢᠳᠦ ᠨᠢ ᠳᠤᠮᠳᠠ ᠵᠡᠷᠭᠡ᠂ ᠴᠢᠬᠢ ᠨᠢ ᠵᠢᠵᠢᠭ ᠪᠥᠭᠡᠳ ᠪᠣᠰᠤᠭ᠎ᠠ ᠱᠣᠪᠬᠤ᠃ ᠡᠷ᠎ᠡ ᠡᠮ᠎ᠡ ᠨᠢ ᠪᠦᠷ ᠬᠥᠨᠳᠡᠢ ᠡᠪᠡᠷ ᠲᠠᠢ᠃ ᠡᠷᠡᠭᠴᠢᠨ ᠤ ᠡᠪᠡᠷ ᠨᠢ ᠬᠤᠶᠢᠰᠢ ᠪᠠᠨ ᠮᠠᠲᠠᠷᠠᠵᠤ ᠬᠠᠭᠠᠰ ᠲᠣᠭᠤᠷᠢᠭ ᠪᠣᠯᠳᠠᠭ ᠪᠥᠭᠡᠳ ᠪᠦᠳᠦᠭᠦᠨ ᠭᠤᠷᠪᠢ ᠲᠠᠢ᠃ ᠬᠦᠵᠦᠭᠦᠦ ᠨᠢ ᠣᠬᠤᠷ᠂ ᠪᠡᠶ᠎ᠡ ᠨᠢ ᠪᠦᠳᠦᠭᠦᠨ᠂ ᠰᠡᠭᠦᠯ ᠨᠢ ᠣᠬᠤᠷ ᠃ ᠳᠥᠷᠪᠡᠨ ᠮᠥᠴᠢ ᠨᠢ ᠨᠠᠷᠢᠪᠲᠤᠷ ᠤᠷᠲᠤ᠂ ᠪᠡᠶ᠎ᠡ ᠨᠢ ᠰᠠᠭᠠᠷᠠᠯ ᠪᠣᠷᠣ᠂ ᠪᠥᠭᠰᠡ ᠨᠢ ᠴᠠᠶᠢᠪᠤᠷ᠂ ᠬᠡᠪᠡᠯᠢ᠂ ᠴᠠᠪᠢ ᠨᠢ ᠴᠠᠭᠠᠨ ᠵᠢᠰᠦᠮ ᠲᠠᠢ᠃ ᠠᠭᠤᠯᠠ ᠬᠢᠷ᠎ᠠ ᠶᠢᠨ ᠬᠠᠪᠴᠠᠭᠠᠢ ᠪᠠᠷ ᠠᠷᠪᠠ ᠬᠤᠷᠢᠭᠤᠯᠠ ᠰᠦᠷᠦᠭᠯᠡᠨ ᠡᠪᠡᠰᠦ ᠨᠣᠭᠤᠭ᠎ᠠ ᠪᠠᠷ ᠢᠳᠡᠰᠢ ᠪᠣᠯᠭᠠᠵᠤ ᠠᠮᠢᠳᠤᠷᠠᠳᠠᠭ᠃ ᠬᠡᠭᠡᠯ ᠤᠨ ᠬᠤᠭᠤᠴᠠᠭ᠎ᠠ ᠨᠢ 5 ᠰᠠᠷ᠎ᠠ᠃ ᠬᠠᠪᠤᠷ ᠤᠨ ᠳᠥᠷᠪᠡᠨ ᠰᠠᠷ᠎ᠠ ᠳᠤ ᠬᠤᠷᠠᠭᠠᠯᠠᠳᠠᠭ᠃       ᠤᠤᠯ ᠳᠤ ᠪᠠᠨ ᠮᠠᠨ ᠤ ᠬᠤᠰᠢᠭᠤᠨ ᠤ ᠠᠭᠤᠯᠠ ᠬᠢᠷ᠎ᠠ ᠲᠠᠢ ᠭᠠᠵᠠᠷ ᠪᠦᠷ ᠠᠮᠢᠳᠤᠷᠠᠵᠤ ᠪᠠᠶᠢᠪᠠ᠃ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃      ᠮᠠᠯᠤᠷ᠂ ᠮᠢᠬᠠᠴᠢᠨ ᠤ ᠪᠠᠭ᠂ ᠮᠤᠤᠷ ᠤᠨ ᠢᠵᠠᠭᠤᠷ᠂ ᠲᠥᠷᠥᠯ᠃ ᠪᠡᠶ᠎ᠡ ᠨᠢ 0.59m ᠣᠷᠴᠢᠮ ᠤᠷᠲᠤ᠂ 0.23m ᠣᠷᠴᠢᠮ ᠥᠨᠳᠥᠷ᠂ ᠰᠡᠭᠦᠯ ᠨᠢ 0.23m ᠣᠷᠴᠢᠮ ᠤᠷᠲᠤ᠃ ᠲᠣᠯᠣᠭᠠᠢ ᠨᠢ ᠲᠥᠭᠦᠷᠢᠭ᠂ ᠬᠤᠰᠢᠭᠤ ᠨᠢ ᠣᠬᠤᠷ᠂ ᠬᠠᠮᠠᠷ ᠤᠨ ᠦᠵᠦᠭᠦᠷ ᠨᠢ ᠨᠢᠴᠦᠭᠦᠨ᠂ ᠠᠮᠠ ᠨᠢ ᠶᠡᠭᠡ᠂ ᠰᠠᠬᠠᠯ ᠨᠢ ᠤᠷᠲᠤ᠃ ᠨᠢᠳᠦ ᠨᠢ ᠲᠥᠭᠦᠷᠢᠭ ᠲᠣᠮᠣᠪᠲᠤᠷ᠂ ᠴᠢᠬᠢ ᠨᠢ ᠵᠠᠶᠢᠲᠠᠢ ᠪᠥᠭᠡᠳ ᠮᠣᠬᠤᠭᠤ ᠥᠷᠭᠡᠨ᠃ ᠪᠡᠶ᠎ᠡ ᠨᠢ ᠪᠦᠳᠦᠭᠦᠪᠲᠦᠷ ᠪᠥᠭᠲᠥᠷ᠂ ᠰᠡᠭᠦᠯ ᠨᠢ ᠮᠣᠨᠴᠣᠭᠤᠷ ᠮᠣᠬᠤᠭᠤ᠃ ᠳᠥᠷᠪᠡᠨ ᠮᠥᠴᠢ ᠨᠢ ᠨᠠᠷᠢᠪᠲᠤᠷ ᠤᠷᠲᠤ᠂ ᠬᠤᠷᠤᠭᠤᠨ ᠦᠵᠦᠭᠦᠷ ᠲᠡᠭᠡᠨ ᠠᠭᠰᠢᠵᠤ ᠰᠤᠨᠳᠠᠭ ᠬᠤᠷᠴᠠ ᠮᠠᠬᠢᠷ ᠬᠢᠮᠤᠰᠤ ᠲᠠᠢ᠃ ᠪᠡᠶ᠎ᠡ ᠨᠢ ᠬᠤᠸᠠ ᠰᠢᠷᠭᠠᠯ ᠳᠡᠭᠡᠷ᠎ᠡ ᠬᠠᠷ᠎ᠠ ᠠᠯᠠᠭ ᠰᠣᠷ ᠤᠳ ᠲᠠᠢ᠃ ᠬᠤᠰᠢᠭᠤ ᠶᠢᠨ ᠬᠢᠨᠢ ᠲᠣᠭᠤᠷᠢᠨ ᠳᠤ ᠪᠠ ᠡᠭᠡᠮ ᠨᠢ ᠴᠠᠶᠢᠪᠤᠷ᠃ ᠬᠠᠴᠠᠷ ᠲᠠᠭᠠᠨ ᠬᠤᠶᠠᠷ ᠬᠠᠷ᠎ᠠ ᠵᠤᠷᠪᠤᠰ ᠲᠠᠢ᠂ ᠨᠢᠷᠤᠭᠤᠨ ᠳᠤ ᠪᠠᠨ 6 -7 ᠬᠥᠨᠳᠡᠯᠡᠨ ᠲᠣᠳᠣ ᠪᠣᠰᠤ ᠬᠠᠷᠠᠪᠲᠤᠷ ᠵᠣᠷᠪᠣᠰ ᠲᠠᠢ᠂ ᠰᠡᠭᠦᠯ ᠳᠤ ᠪᠠᠨ 7- 8 ᠪᠠᠷᠠᠭᠠᠨ ᠴᠠᠭᠠᠷᠢᠭ ᠲᠣᠯᠪᠤ ᠲᠠᠢ ᠪᠠᠶᠢᠳᠠᠭ᠃      ᠭᠤᠪᠢ ᠲᠠᠯ᠎ᠠ᠂ ᠮᠠᠩᠬ᠎ᠠ ᠲᠣᠪᠤ᠂ ᠠᠭᠤᠯᠠ ᠰᠢᠭᠤᠢ ᠪᠠᠷ ᠪᠤᠰᠤᠳ ᠠᠮᠢᠲᠠᠨ ᠤ ᠨᠥᠬᠡ᠂ ᠴᠢᠯᠠᠭᠤᠨ ᠤ ᠵᠠᠪᠰᠠᠷ᠂ ᠭᠤᠤ ᠭᠠᠩᠭ᠎ᠠ ᠵᠡᠷᠭᠡ ᠭᠠᠵᠠᠷ ᠢᠶᠠᠷ ᠨᠢᠭᠤᠭᠳᠠᠨ ᠠᠮᠢᠳᠤᠷᠠᠳᠠᠭ᠃ ᠰᠥᠨᠢ ᠭᠠᠷᠴᠤ ᠲᠠᠷᠪᠠᠭ᠎ᠠ᠂ ᠠᠯᠠᠭᠳᠠᠭ᠎ᠠ᠂ ᠣᠭᠤᠲᠣᠨ᠎ᠠ ᠮᠡᠲᠦ ᠮᠡᠷᠡᠭᠴᠢᠳ ᠪᠣᠯᠣᠨ ᠵᠢᠵᠢᠭ ᠰᠢᠪᠠᠭᠤ ᠪᠠᠷ ᠬᠤᠭᠤᠯᠠᠯᠠᠳᠠᠭ᠃ 2 ᠰᠠᠷ᠎ᠠ ᠳᠤ ᠣᠷᠤᠭ᠎ᠠ ᠣᠷᠣᠵᠤ᠂ 4 - 5 ᠰᠠᠷ᠎ᠠ ᠳᠤ 3 - 4 ᠨᠤᠭᠤᠤᠯ ᠵᠤᠯᠵᠠᠭᠠᠯᠠᠳᠠᠭ᠃       ᠥᠪᠥᠷ ᠮᠣᠩᠭᠤᠯ ᠣᠷᠣᠨ ᠳᠤ ᠨᠡᠶᠢᠳᠡᠮ ᠣᠷᠣᠰᠢᠬᠤ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃ ᠰᠢᠯᠦᠭᠦᠰᠦ᠂ ᠮᠢᠬᠠᠴᠢᠨ ᠤ ᠪᠠᠭ᠂ ᠮᠤᠤᠷ ᠤᠨ ᠢᠵᠠᠭᠤᠷ᠂ ᠲᠥᠷᠥᠯ᠃ ᠪᠡᠶ᠎ᠡ ᠨᠢ 1m ᠣᠷᠴᠢᠮ ᠤᠷᠲᠤ᠂ 0.6m ᠣᠷᠴᠢᠮ ᠥᠨᠳᠥᠷ᠂ ᠰᠡᠭᠦᠯ ᠨᠢ 0.22m ᠣᠷᠴᠢᠮ ᠤᠷᠲᠤ᠃ ᠲᠣᠯᠣᠭᠠᠢ ᠨᠢ ᠲᠥᠭᠦᠷᠢᠭ᠂ ᠬᠤᠰᠢᠭᠤ ᠨᠢ ᠣᠬᠤᠷ᠂ ᠬᠠᠮᠠᠷ ᠤᠨ ᠦᠵᠦᠭᠦᠷ ᠨᠢ ᠨᠢᠴᠦᠭᠦᠨ᠂ ᠠᠮᠠ ᠨᠢ ᠶᠡᠭᠡ᠂ ᠰᠠᠬᠠᠯ ᠨᠢ ᠤᠷᠲᠤ᠃ ᠨᠢᠳᠦ ᠨᠢ ᠭᠤᠷᠪᠠᠯᠵᠢᠨ ᠲᠣᠮᠣᠪᠲᠤᠷ᠂ ᠴᠢᠬᠢᠨ ᠤ ᠤᠭ ᠨᠢ ᠥᠷᠭᠡᠨ᠂ ᠳᠡᠭᠡᠭᠰᠢ ᠭᠤᠷᠪᠠᠯᠵᠢᠨ ᠪᠣᠯᠳᠠᠭ᠂ ᠴᠢᠬᠢᠨ ᠤ ᠦᠵᠦᠭᠦᠷ ᠲᠤ ᠪᠠᠨ ᠪᠠᠭᠴᠠ ᠬᠠᠷ᠎ᠠ ᠦᠰᠦ ᠲᠠᠢ᠂ ᠰᠠᠨᠴᠢᠭ ᠨᠢ ᠤᠷᠲᠤ᠃ ᠬᠦᠵᠦᠭᠦᠦ ᠨᠢ ᠣᠬᠤᠷ᠂ ᠪᠡᠶ᠎ᠡ ᠨᠢ ᠬᠠᠪᠴᠢᠭᠠᠷ᠂ ᠰᠡᠭᠦᠯ ᠨᠢ ᠮᠣᠨᠴᠣᠭᠤᠷ ᠮᠣᠬᠤᠭᠤ᠃ ᠳᠥᠷᠪᠡᠨ ᠮᠥᠴᠢ ᠨᠢ ᠪᠦᠳᠦᠭᠦᠪᠲᠦᠷ ᠤᠷᠲᠤ᠂ ᠠᠭᠰᠢᠵᠤ ᠰᠤᠨᠳᠠᠭ ᠬᠤᠷᠴᠠ ᠮᠠᠬᠢᠷ ᠬᠢᠮᠤᠰᠤ ᠲᠠᠢ᠃      ᠪᠡᠶ᠎ᠡ ᠤᠨ ᠠᠷᠤ ᠬᠡᠰᠡᠭ ᠨᠢ ᠤᠯᠠᠭᠠᠨ ᠰᠢᠷ᠎ᠠ ᠥᠩᠭᠡ ᠲᠠᠢ ᠪᠠᠶᠢᠵᠤ ᠬᠠᠷ᠎ᠠ ᠠᠯᠠᠭ ᠰᠣᠷ ᠤᠳ ᠲᠠᠢ ᠠᠴᠠ ᠪᠠᠨ ᠪᠤᠭᠤᠷᠤᠯ ᠪᠣᠯᠳᠠᠭ ᠪᠠ ᠪᠠᠰᠠ ᠤᠯᠠᠪᠤᠷ ᠬᠦᠷᠡᠩ ᠲᠦᠢᠯᠪᠤᠷᠢ ᠨᠤᠭᠤᠳ ᠲᠠᠢ ᠪᠠᠶᠢᠳᠠᠭ᠃ ᠬᠤᠰᠢᠭᠤ ᠪᠠ ᠡᠭᠡᠮ ᠨᠢ ᠴᠠᠭᠠᠨ᠂ ᠰᠡᠭᠦᠯ ᠤᠨ ᠦᠵᠦᠭᠦᠷ ᠨᠢ ᠬᠠᠷ᠎ᠠ᠂ ᠬᠠᠴᠠᠷ ᠲᠤ ᠪᠠᠨ ᠬᠡᠳᠦᠨ ᠬᠠᠷᠠᠪᠲᠤᠷ ᠵᠤᠷᠪᠤᠰ ᠲᠠᠢ᠃ ᠭᠤᠪᠢ ᠲᠠᠯ᠎ᠠ ᠂ ᠮᠠᠩᠬ᠎ᠠ ᠲᠣᠪᠤ᠂ ᠠᠭᠤᠯᠠ ᠰᠢᠭᠤᠢ ᠪᠠᠷ ᠪᠠᠶᠢᠷᠢᠯᠠᠨ ᠰᠥᠨᠢ ᠭᠠᠷᠴᠤ ᠲᠠᠤᠯᠠᠢ᠂ ᠣᠭᠤᠲᠣᠨ᠎ᠠ᠂ ᠢᠲᠠᠭᠤ ᠵᠡᠷᠭᠡ ᠠᠮᠢᠲᠠᠳ ᠢ ᠪᠠᠷᠢᠵᠤ ᠬᠤᠭᠤᠯᠠᠯᠠᠳᠠᠭ᠃ ᠢᠲᠡᠰᠢ ᠪᠠᠨ ᠭᠡᠲᠡᠵᠦ ᠪᠠᠷᠢᠳᠠᠭ᠃ ᠬᠡᠭᠡᠯ ᠤᠨ ᠬᠤᠭᠤᠴᠠᠭ᠎ᠠ 2 ᠰᠠᠷ᠎ᠠ ᠢᠯᠡᠭᠦᠦ᠂ 4 - 5 ᠰᠠᠷ᠎ᠠ ᠳᠤ 3 - 4 ᠨᠤᠭᠤᠤᠯ ᠵᠤᠯᠵᠠᠭᠠᠯᠠᠳᠠᠭ᠃       ᠥᠪᠥᠷ ᠮᠣᠩᠭᠤᠯ ᠣᠷᠣᠨ ᠳᠤ ᠨᠡᠶᠢᠳᠡᠮ ᠣᠷᠣᠰᠢᠬᠤ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃ ᠴᠢᠨ᠋ᠸ᠎ᠠ᠂ ᠮᠢᠬᠠᠴᠢᠨ ᠤ ᠪᠠᠭ᠂ ᠨᠣᠬᠠᠢ ᠶᠢᠨ ᠢᠵᠠᠭᠤᠷ᠂ ᠲᠥᠷᠥᠯ᠃ ᠪᠡᠶ᠎ᠡ ᠨᠢ 1.5m ᠣᠷᠴᠢᠮ ᠤᠷᠲᠤ᠂ 0.7m ᠣᠷᠴᠢᠮ ᠥᠨᠳᠥᠷ᠃ ᠲᠣᠯᠣᠭᠠᠢ ᠨᠢ ᠨᠣᠬᠠᠶᠢᠯᠢᠭ᠂ ᠬᠤᠰᠢᠭᠤ ᠨᠢ ᠤᠷᠲᠤ᠂ ᠬᠠᠮᠠᠷ ᠨᠢ ᠨᠢᠴᠦᠭᠦᠨ᠂ ᠠᠮᠠ ᠨᠢ ᠶᠡᠭᠡ᠂ 42 ᠰᠢᠳᠦ ᠲᠠᠢ ᠰᠣᠶᠤᠭ᠎ᠠ ᠨᠢ ᠤᠷᠲᠤ᠂ ᠠᠷᠠᠭ᠎ᠠ ᠨᠢ ᠦᠵᠦᠭᠦᠷ ᠲᠠᠢ ᠪᠠᠶᠢᠳᠠᠭ᠃ ᠨᠢᠳᠦ ᠨᠢ ᠵᠢᠵᠢᠭ ᠭᠤᠷᠪᠠᠯᠵᠢᠨ᠂ ᠴᠢᠬᠢ ᠨᠢ ᠪᠣᠰᠤᠭ᠎ᠠ ᠱᠣᠪᠬᠤ᠃ ᠬᠦᠵᠦᠭᠦᠦ ᠨᠢ ᠪᠦᠳᠦᠭᠦᠨ᠂ ᠪᠡᠶ᠎ᠡ ᠨᠢ ᠨᠠᠷᠢᠨ᠂ ᠰᠡᠭᠦᠯ ᠨᠢ ᠤᠷᠲᠤᠪᠲᠤᠷ ᠪᠥᠭᠡᠳ ᠰᠠᠭᠰᠠᠭᠠᠷ᠃ ᠳᠥᠷᠪᠡᠨ ᠮᠥᠴᠢ ᠨᠢ ᠨᠠᠷᠢᠪᠲᠤᠷ ᠪᠣᠯᠪᠠᠴᠤ ᠬᠦᠴᠦᠷᠬᠡᠭ᠂ ᠡᠮᠦᠨ᠎ᠡ ᠬᠥᠯ ᠳᠤ ᠪᠠᠨ 5᠂ ᠬᠤᠶᠢᠲᠤ ᠬᠥᠯ ᠳᠤ ᠪᠠᠨ 4 ᠣᠬᠤᠷ ᠬᠤᠷᠤᠭᠤ ᠲᠠᠢ᠂ ᠮᠣᠬᠤᠭᠤ ᠬᠢᠮᠤᠰᠤ ᠲᠠᠢ᠃ ᠪᠡᠶ᠎ᠡ ᠨᠢ ᠰᠢᠷᠠᠪᠲᠤᠷ ᠬᠤᠸᠠ ᠳᠡᠭᠡᠷ᠎ᠡ ᠬᠠᠷ᠎ᠠ ᠰᠣᠷ ᠲᠠᠢ᠃ ᠬᠤᠰᠢᠭᠤ ᠪᠣᠯᠣᠨ ᠬᠥᠯ ᠨᠢ ᠬᠤᠸᠠ ᠴᠠᠶᠢᠪᠤᠷ ᠵᠢᠰᠦᠮ ᠲᠠᠢ᠃ ᠪᠠᠷᠲᠠᠭ᠎ᠠ ᠲᠠᠢ ᠭᠠᠵᠠᠷ ᠢᠶᠠᠷ ᠪᠠᠶᠢᠷᠢᠰᠢᠵᠤ᠂ ᠭᠤᠣᠯᠳᠠᠭᠤ ᠰᠥᠨᠢ ᠭᠠᠷᠴᠤ ᠮᠠᠯ ᠲᠠᠲᠠᠬᠤ ᠪᠤᠶᠤ ᠭᠥᠷᠥᠭᠡᠰᠦ ᠪᠠᠷᠢᠵᠤ ᠬᠤᠭᠤᠯᠠᠯᠠᠳᠠᠭ᠃ ᠲᠤᠩ ᠦᠨᠦᠷᠴᠢ᠂ ᠰᠣᠨᠣᠷᠴᠢ᠂ ᠥᠯᠥᠰᠬᠦ ᠴᠠᠳᠬᠤ ᠶᠢ ᠰᠠᠶᠢᠨ ᠳᠡᠰᠪᠦᠷᠢᠯᠡᠳᠡᠭ᠃      ᠡᠪᠦᠯ ᠣᠷᠤᠭ᠎ᠠ ᠨᠢ ᠤᠷᠤᠵᠤ᠂ ᠬᠡᠭᠡᠯ ᠤᠨ ᠬᠤᠭᠤᠴᠠᠭ᠎ᠠ ᠬᠤᠶᠠᠷ ᠰᠠᠷ᠎ᠠ᠃ 3 - 4 ᠰᠠᠷ᠎ᠠ ᠳᠤ ᠨᠦᠬᠡᠨ ᠵᠤᠯᠵᠠᠭᠠᠯᠠᠳᠠᠭ᠃ ᠨᠢᠭᠡ ᠤᠳᠠᠭ᠎ᠠ ᠳᠤ 6 - 7 ᠪᠡᠯᠲᠡᠷᠭᠡ ᠭᠠᠷᠳᠠᠭ᠃ 2 - 3 ᠵᠢᠯ ᠳᠤ ᠪᠡᠶ᠎ᠡ ᠭᠦᠢᠴᠡᠵᠦ᠂ 12 - 15 ᠨᠠᠰᠤᠯᠠᠳᠠᠭ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠭᠤᠣᠯᠳᠠᠭᠤ ᠬᠢᠷ᠎ᠠ ᠨᠤᠲᠤᠭ ᠢᠶᠠᠷ ᠣᠷᠣᠩᠨᠠᠳᠠᠭ ᠪᠠ ᠭᠦᠶᠦᠳᠡᠯ ᠳᠠᠭᠠᠵᠤ ᠬᠠᠮᠢᠭ᠎ᠠ ᠴᠤ ᠬᠦᠷᠳᠡᠭ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠣᠷᠣᠭᠰᠠᠨ ᠬᠤᠪᠣᠷ ᠴᠤᠬᠠᠭ ᠠᠮᠢᠲᠠᠨ ᠪᠣᠯᠣᠨ᠎ᠠ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号