ᠳᠠᠯᠠᠩᠭᠤᠷᠪᠠ ᠶᠢᠨ ᠲᠤᠪᠴᠢ ᠨᠠᠮᠲᠠᠷ
ᠨᠡᠶᠢᠲᠡᠯᠡᠭᠰᠡᠨ ᠴᠠᠭ᠄
2020/8/20
       ᠴᠠᠭᠠᠭᠴᠢᠨ ᠮᠣᠭᠠᠢ ᠵᠢᠯ ᠤᠨ ᠰᠢᠷᠠᠭᠴᠢᠨ ᠭᠠᠭ᠋ᠠᠢ ᠰᠠᠷ᠎ᠠ ᠶᠢᠨ ᠬᠠᠷᠠᠭᠴᠢᠨ ᠲᠠᠬᠢᠶ᠎ᠠ ᠡᠳᠦᠷ ᠤᠨ ᠬᠠᠷᠠᠭᠴᠢᠨ ᠦᠬᠡᠷ ᠴᠠᠭ ᠲᠤ᠂ ᠱᠤᠭᠠᠷ᠎ᠠ ᠭᠠᠷᠠᠭ ᠤᠨ᠂ ᠠᠰᠤᠸᠠᠨᠢ ᠣᠷᠣᠨ ᠳᠤᠷ᠂ ᠣᠣᠯ ᠤᠨ ᠤᠷᠠᠳ ᠤᠨ ᠲᠤᠮᠳᠠᠳᠤ ᠭᠦᠩ ᠬᠤᠰᠢᠭᠤᠨ ᠤ ᠭᠤᠣᠯ ᠰᠤᠮᠤᠨ ᠤ ︵ᠣᠳᠣ ᠶᠢᠨ ᠪᠤᠭᠤᠳᠤ ᠬᠤᠲᠠ ᠶᠢᠨ ᠲᠡᠭᠦᠷᠭᠡ ᠶᠢᠨ ᠪᠤᠷᠬᠠᠩᠲᠦ ᠭᠠᠴᠠᠭ᠎ᠠ︶ ᠠᠯᠪᠠᠲᠤ ᠪᠣᠭᠤᠯ ᠬᠡᠰᠢᠩᠪᠠᠲᠤ ᠶᠢᠨ ᠭᠡᠷ ᠲᠤ ᠵᠠᠶᠠᠭᠠᠭᠳᠠᠵᠤ᠂ ᠠᠩᠬᠠᠨ ᠤ ᠨᠢᠯᠬ᠎ᠠ ᠲᠠᠭᠤᠨ ᠢᠶᠠᠨ ᠠᠴᠢᠲᠤ ᠡᠵᠢ ᠮᠡᠩᠳᠡᠢ ᠳᠤ ᠰᠣᠨᠣᠰᠬᠠᠵᠠᠢ᠃ ᠨᠠᠭᠠᠴᠤ ᠡᠮᠡᠭᠡ ᠶᠢᠨ ᠢᠶᠠᠨ ᠳᠠᠯᠠᠨ ᠭᠤᠷᠪᠠ ᠲᠠᠢ ᠵᠢᠯ ᠳᠤ ᠲᠦᠷᠦᠭᠰᠡᠨ ᠪᠣᠯᠬᠤᠷ ᠤᠷᠲᠤ ᠨᠠᠰᠤᠯᠠᠵᠤ ᠤᠳᠠᠭᠠᠨ ᠵᠢᠷᠭᠠᠬᠤ ᠶᠢ ᠪᠡᠯᠭᠡᠳᠡᠵᠦ ᠳᠠᠯᠠᠩᠭᠤᠷᠪᠠ ᠭᠡᠰᠡᠨ ᠨᠡᠷ᠎ᠡ ᠬᠠᠶᠢᠷᠠᠯᠠᠵᠠᠢ᠃ ᠲᠦᠪᠡᠳ ᠵᠢᠷᠤᠬᠠᠢ ᠳᠤ ᠦᠵᠡᠪᠡᠯ᠂ ᠲᠠᠪᠤᠨ ᠰᠠᠷ᠎ᠠ ᠮᠡᠩᠭᠡ ᠲᠠᠢ᠂ ᠯᠠ ᠳᠤ ᠰᠢᠭᠦᠳᠭᠡᠭᠰᠡᠨ ᠲᠡᠮᠦᠷ ᠤᠨ ᠮᠠᠬᠠᠪᠤᠳ ᠲᠠᠢ᠃        ᠮᠠᠭ ᠰᠠᠭ ᠠᠯᠬᠤᠬᠤ ᠠᠴᠠ ᠪᠠᠨ ᠮᠠᠩᠨᠠᠢ ᠳᠠᠭᠠᠨ ᠠᠳᠤᠷᠢᠶ᠎ᠠ ᠰᠠᠭᠤᠲᠠᠯ᠎ᠠ᠂ ᠰᠦᠰᠦ ᠴᠠᠯᠬᠢᠯᠠᠭᠰᠠᠨ ᠬᠦᠯ ᠦᠭᠡᠢ ᠭᠦᠨ ᠳᠠᠯᠠᠢ ᠳᠤ ᠬᠤᠪᠢ ᠵᠠᠶᠠᠭᠠᠨ ᠤ ᠦᠨᠦᠴᠢᠨ ᠵᠠᠪᠢ ᠪᠠᠨ ᠰᠡᠯᠢᠵᠦ᠂ ᠳᠠᠪᠠᠯᠭᠠᠨ ᠳᠣᠯᠭᠢᠶᠠᠨ ᠢ ᠰᠢᠪᠳᠤᠯᠤᠨ ᠡᠷᠢᠯ ᠬᠦᠰᠡᠯᠡᠩ ᠤᠨ ᠲᠡᠷᠲᠡᠭᠡ ᠬᠦᠪᠡᠭᠡ ᠵᠦᠭ ᠠᠶᠠᠯᠠᠵᠤ ᠪᠢᠯᠡ᠃ ᠡᠩᠬᠦᠷᠡᠢ ᠪᠠᠭ᠎ᠠ ᠨᠠᠰᠤᠨ ᠳᠠᠭᠠᠨ ᠡᠵᠢ ᠠᠪᠤ ᠠᠴᠠ ᠪᠠᠨ ᠦᠨᠦᠴᠢᠷᠡᠬᠦ᠂ ᠡᠷ᠎ᠡ ᠳᠤᠮᠳᠠ ᠨᠠᠰᠤᠨ ᠳᠠᠭᠠᠨ ᠡᠬᠡᠨᠡᠷ ᠠᠴᠠ ᠪᠠᠨ ᠰᠠᠯᠬᠤ᠂ ᠦᠳᠡᠯᠦᠭᠡ ᠨᠠᠰᠤᠨ ᠳᠠᠭᠠᠨ ᠦᠷ᠎ᠡ ᠬᠡᠤᠬᠡᠳ ᠠᠴᠠ ᠪᠠᠨ ᠬᠠᠭᠠᠴᠠᠬᠤ ᠡᠷ᠎ᠡ ᠬᠦᠮᠦᠨ ᠤ ᠭᠤᠷᠪᠠᠨ ᠶᠡᠭᠡ ᠵᠣᠪᠠᠯᠠᠩ ᠤᠨ ᠬᠤᠶᠠᠷ ᠢ  ᠨᠢ ᠨᠢᠭᠡᠨᠲᠡ ᠲᠤᠭᠤᠯᠤᠭᠠᠳ᠂ ᠭᠤᠷᠪᠠᠳᠠᠬᠢ ᠵᠣᠪᠠᠯᠠᠩ ᠨᠢ ᠪᠤᠣ ᠯᠠ ᠢᠷᠡᠳᠦᠭᠡᠢ ᠭᠡᠮᠡᠨ ᠵᠠᠶᠠᠭᠠᠨ ᠳᠠᠭᠠᠨ ᠵᠠᠯᠪᠠᠷᠢᠵᠦ ᠶᠠᠪᠤᠭᠰᠠᠨ ᠪᠠᠶᠢᠨ᠎ᠠ᠃        1959 ᠣᠨ ᠳᠤ ᠤᠯᠠᠭᠠᠨᠴᠠᠪ ᠠᠶᠢᠮᠠᠭ ᠤᠨ ᠦᠨᠳᠦᠰᠦᠳᠡᠨ ᠤ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠᠳᠤ ᠠᠴᠠ ᠲᠡᠭᠦᠰᠴᠦ᠂ ᠲᠤᠬᠠᠢ ᠶᠢᠨ ᠦᠶ᠎ᠡ ᠶᠢᠨ ᠤᠯᠤᠰ ᠲᠦᠷᠦ ᠶᠢᠨ ᠬᠢᠯᠢᠰ ᠬᠦᠵᠢᠷᠳᠡᠯ ︵ᠪᠢᠴᠢᠬᠠᠨ ᠪᠠᠷᠠᠭᠤᠨᠳᠠᠨ ᠭᠡᠵᠦ ᠲᠡᠮᠡᠴᠡᠭᠳᠡᠭᠰᠡᠨ ᠶᠤᠮ︶ ᠪᠠ ᠠᠮᠢᠳᠤᠷᠠᠯ ᠤᠨ ᠬᠦᠴᠢᠷᠳᠡᠯ ᠠᠴᠠ ᠪᠣᠯᠵᠤ ᠨᠤᠲᠤᠭ ᠲᠠᠭᠠᠨ ᠬᠠᠷᠢᠪᠠ᠃ ᠴᠢᠩᠭᠢᠭᠡᠳ᠂ 1971 ᠣᠨ ᠪᠣᠯᠲᠠᠯ᠎ᠠ᠂ ᠮᠠᠯ ᠲᠠᠷᠢᠶᠠᠯᠠᠩ ᠤᠨ ᠬᠦᠨᠳᠦ ᠬᠠᠲᠠᠭᠤ ᠬᠦᠳᠡᠯᠮᠦᠷᠢ ᠳᠤ ᠣᠷᠣᠯᠴᠠᠵᠤ᠂ ᠤᠷᠢᠳ ᠬᠤᠵᠢᠳ ᠲᠡᠷᠭᠡᠴᠢᠨ᠂ ᠰᠢᠪᠠᠷᠴᠢᠨ᠂ ᠰᠣᠪᠢᠯᠠᠭᠴᠢ᠂ ᠱᠠᠪᠢ ᠡᠮᠴᠢ᠂ ᠠᠷᠠᠳ ᠤᠨ ᠪᠠᠭᠰᠢ ᠵᠡᠷᠭᠡ ᠠᠵᠢᠯ ᠤᠳ ᠢ ᠬᠢᠵᠡᠢ᠃ 1971 ᠣᠨ ᠳᠤ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠳᠤ ᠢᠷᠡᠵᠦ᠂ ᠪᠠᠷᠢᠯᠭ᠎ᠠ ᠶᠢᠨ ᠠᠵᠢᠯᠴᠢᠨ᠂ ᠱᠦᠢᠨᠢ ᠶᠢᠨ ᠠᠵᠢᠯᠴᠢᠨ᠂ ᠨᠢᠭᠲᠠᠯᠠᠨ ᠪᠣᠳᠣᠭᠴᠢ᠂ ᠬᠤᠭᠤᠯᠠᠨ ᠭᠡᠷ ᠤᠨ ᠨᠢᠷᠪᠠ᠂ ᠠᠷᠠᠳ ᠤᠨ ᠶᠠᠪᠤᠳᠠᠯ ᠤᠨ ᠠᠵᠢᠯᠲᠠᠨ᠂ ᠡᠵᠡᠩᠨᠡᠨ ᠬᠠᠮᠢᠶᠠᠷᠤᠯᠳᠠ ᠶᠢᠨ ᠠᠵᠢᠯᠳᠠᠨ᠂ ᠮᠤᠩᠭᠤᠯ ᠬᠡᠯᠡ ᠪᠢᠴᠢᠭ ᠤᠨ ᠠᠵᠢᠯᠲᠠᠨ ᠵᠡᠷᠭᠡ ᠣᠯᠠᠨ ᠲᠦᠷᠦᠯ ᠤᠨ ᠠᠵᠢᠯ ᠤᠳ ᠢ ᠬᠢᠵᠦ᠂ ᠲᠤᠰ ᠬᠤᠰᠢᠭᠤᠨ ᠤ ᠤᠳᠬ᠎ᠠ ᠤᠷᠠᠯᠢᠭ ᠤᠨ ᠬᠤᠯᠪᠣᠭᠠᠨ ᠳᠤ ᠠᠵᠢᠯᠯᠠᠭᠰᠠᠨ ᠪᠠᠶᠢᠨ᠎ᠠ᠃        ᠠᠷᠪᠠᠨ ᠨᠠᠢᠮᠡᠨ ᠨᠠᠰᠤᠲᠠᠢ ᠳᠠᠭᠠᠨ᠂ ᠦᠪᠡᠷ ᠤᠨ ᠤᠤᠭᠠᠨ ᠵᠣᠬᠢᠶᠠᠯ ︽ᠵᠠᠮ ᠤᠨ ᠭᠤᠳᠤᠰ︾ ᠭᠡᠮᠡᠬᠦ ᠦᠭᠦᠯᠡᠯᠭᠡ ᠪᠠᠨ ᠦᠪᠦᠷ ᠮᠤᠩᠭᠤᠯ ᠤᠨ ᠡᠳᠦᠷ ᠤᠨ ᠰᠤᠨᠢᠨ ᠳᠤ ᠨᠡᠶᠢᠳᠡᠯᠡᠭᠦᠯᠦᠭᠰᠡᠨ ᠠᠴᠠ ᠨᠠᠭᠠᠰᠢ ᠤᠯᠤᠰ ᠲᠦᠷᠦ ᠪᠠ ᠠᠮᠢᠳᠤᠷᠠᠯ ᠤᠨ ᠠᠯᠢ ᠣᠯᠠᠨ ᠠᠵᠠ ᠪᠣᠰᠤ ᠤᠴᠠᠷᠠᠯ ᠪᠣᠯᠣᠨ ᠴᠣᠬᠢᠯᠲᠠ ᠲᠠᠷᠣᠯᠳᠠ ᠶᠢ ᠲᠡᠰᠪᠦᠷᠢᠯᠡᠨ ᠵᠣᠬᠢᠶᠠᠨ ᠪᠦᠳᠦᠭᠡᠬᠦ ᠵᠠᠮ ᠢᠶᠠᠷ ᠴᠦᠬᠦᠷᠡᠯ ᠦᠭᠡᠢ ᠤᠷᠤᠭᠰᠢᠯᠠᠵᠤ᠂ ᠰᠣᠨᠢᠨ ᠰᠡᠳᠭᠦᠯ ᠳᠡᠭᠡᠷ᠎ᠡ ᠨᠢᠭᠡᠨᠲᠠ ᠨᠡᠶᠢᠳᠡᠯᠡᠭᠰᠡᠨ ᠦᠭᠦᠯᠡᠯᠭᠡ᠂ ᠨᠠᠶᠢᠷᠠᠭᠤᠯᠤᠯ᠂ ᠮᠡᠳᠡᠭᠡᠯᠡᠯ ᠤᠨ ᠤᠷᠠᠨ ᠵᠣᠬᠢᠶᠠᠯ ᠨᠡᠶᠢᠳᠡ 26 ᠬᠤᠪᠢ ︵ᠡᠭᠦᠨ ᠳᠤ ᠬᠢᠲᠠᠳ ᠵᠣᠬᠢᠶᠠᠯ 2 ᠪᠤᠢ︶᠂ ᠰᠢᠯᠦᠭ ᠬᠤᠯᠪᠣᠭ᠎ᠠ 90 ᠭᠠᠷᠤᠢ ︵ᠬᠢᠲᠠᠳ ᠰᠢᠯᠦᠭ 4 ᠪᠤᠢ︶᠂ ᠡᠷᠳᠡᠮ ᠰᠢᠨᠵᠢᠯᠡᠭᠡᠨ ᠤ ᠦᠭᠦᠯᠡᠯ ᠵᠡᠷᠭᠡ 3᠂ ᠵᠦᠴᠦᠭᠡ 1 ᠪᠤᠢ᠃ ᠡᠭᠦᠨ ᠤ ᠬᠠᠮᠲᠤ ᠠᠷᠠᠳ ᠤᠨ ᠠᠮᠠᠨ ᠵᠣᠬᠢᠶᠠᠯ ᠢ ᠮᠠᠰᠢ ᠣᠯᠠᠨ ᠴᠤᠭᠯᠠᠭᠤᠯᠤᠨ ᠡᠮᠬᠢᠳᠭᠡᠵᠦ ᠨᠡᠯᠢᠶᠡᠳ ᠨᠢ ᠰᠣᠨᠢᠨ ᠰᠡᠳᠭᠦᠯ ᠳᠤ ᠨᠡᠶᠢᠳᠡᠯᠡᠭᠳᠡᠵᠡᠢ᠃        ᠪᠢᠴᠢᠭ ᠤᠨ ᠨᠡᠷ᠎ᠡ᠂ ᠣᠭᠤᠷᠴᠠᠭ᠂ ᠰᠢᠮᠢ᠂ ᠲᠤᠭᠤᠯᠬᠦᠦ ᠭᠡᠵᠦ ᠪᠠᠶᠢᠳᠠᠭ᠃ ᠪᠦᠬᠦ ᠤᠯᠤᠰ ᠤᠨ ᠴᠦᠬᠡᠨ ᠲᠣᠭᠠᠳᠤ ᠦᠨᠳᠦᠰᠦᠳᠡᠨ ᠤ ᠤᠳᠬ᠎ᠠ ᠵᠣᠬᠢᠶᠠᠯ ᠤᠨ ᠨᠡᠶᠢᠭᠡᠮᠯᠢᠭ ᠤᠨ ᠭᠡᠰᠢᠭᠦᠨ᠂ ᠪᠦᠬᠦ ᠤᠯᠤᠰ ᠤᠨ ᠴᠦᠬᠡᠨ ᠲᠣᠭᠠᠳᠤ ᠦᠨᠳᠦᠰᠦᠳᠡᠨ ᠤ ᠵᠣᠬᠢᠶᠠᠯᠴᠢᠳ ᠤᠨ ᠡᠪᠯᠡᠯ ᠤᠨ ᠭᠡᠰᠢᠭᠦᠨ᠂ ᠳᠤᠮᠳᠠᠳᠤ ᠤᠯᠤᠰ ᠤᠨ ᠠᠷᠠᠳ ᠤᠨ ᠵᠣᠬᠢᠶᠠᠯᠴᠢᠳ᠂ ᠤᠷᠠᠯᠢᠭᠴᠢᠳ ᠤᠨ ᠡᠪᠯᠡᠯ ᠤᠨ ᠦᠪᠦᠷ ᠮᠤᠩᠭᠤᠯ ᠤᠨ ᠬᠤᠪᠢᠶᠠᠷᠢ ᠡᠪᠯᠠᠯ ᠤᠨ ᠭᠡᠰᠢᠭᠦᠨ᠂ ᠦᠪᠦᠷ ᠮᠤᠩᠭᠤᠯ ᠤᠨ ᠮᠤᠩᠭᠤᠯ ᠤᠳᠬ᠎ᠠ ᠵᠣᠬᠢᠶᠠᠯ ᠤᠨ ᠨᠡᠶᠢᠭᠡᠮᠯᠢᠭ ᠤᠨ ᠭᠡᠰᠢᠭᠦᠨ᠃
 
ᠢᠷᠡᠯᠲᠡ᠄ ︽ᠲᠠᠯᠠᠩᠭᠤᠷᠪᠠ ᠶᠢᠨ ᠵᠣᠬᠢᠶᠠᠯ ᠤᠳ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号