ᠡᠵᠢ ᠶᠢᠨ ᠰᠡᠳᠬᠢᠯ
ᠨᠡᠶᠢᠲᠡᠯᠡᠭᠰᠡᠨ ᠴᠠᠭ᠄
2020/9/20
ᠭᠤᠷᠪᠠᠨ ᠮᠠᠷᠠᠯ ᠭᠤᠣᠯ ᠲᠤᠭᠤᠯᠬᠤ ᠳᠤ ᠭᠤᠪᠢ ᠶᠢᠨ ᠠᠶᠢᠯ ᠳᠤ ᠪᠢᠳᠡ ᠪᠠᠭᠤᠳᠠᠯᠯᠠᠪᠠ᠃ ᠬᠠᠰᠢᠷ ᠮᠠᠯᠴᠢᠨ ᠨᠠᠰᠣᠳᠠᠢ ᠡᠵᠢ ᠶᠢᠨ ᠬᠠᠯᠠᠭᠤᠮᠰᠤᠭ ᠵᠣᠴᠢᠯᠠᠯ ᠠᠶᠠᠲᠠᠢ ᠰᠠᠨᠠᠭᠳᠠᠪᠠ᠃ᠬᠦᠷ ᠴᠠᠰᠤᠨ ᠳᠤ ᠶᠠᠪᠤᠵᠤ ᠵᠦᠳᠡᠷᠡᠭᠰᠡᠨ ᠲᠠᠢ ᠬᠦᠢᠳᠡᠨ ᠨᠦᠢᠲᠠᠨ ᠳᠤ ᠳᠠᠭᠠᠷᠠᠵᠤ ᠪᠡᠭᠡᠷᠡᠭᠰᠡᠨ ᠲᠠᠢ ᠬᠦᠯ ᠬᠤᠮᠢᠨ ᠬᠠᠨᠵᠤᠨ ᠳᠤ ᠭᠠᠷᠤᠮᠠᠭᠴᠠ ᠬᠦᠨᠵᠢᠯᠡ ᠳᠤ ᠰᠢᠷᠭᠤᠭᠠᠳ ᠬᠤᠷᠬᠢᠷᠠᠭᠠᠳ ᠦᠭᠴᠡᠢ᠃ ᠳᠤᠭ ᠨᠦᠢᠷ ᠠᠴᠠ ᠪᠠᠨ ᠭᠡᠨᠡᠳᠲᠡ ᠰᠡᠷᠡᠬᠦ ᠳᠤ ᠳᠤᠯᠠᠭᠠᠨ ᠨᠠᠷᠠ ᠲᠣᠭᠤᠨᠤ ᠪᠠᠷ ᠲᠤᠰᠤᠨ᠎ᠠ᠃ ᠳᠣᠲᠣᠨ᠎ᠠ ᠭᠠᠳᠠᠨ᠎ᠠ ᠨᠠᠮ ᠵᠢᠮ ᠳᠤᠤᠭᠠᠷᠬᠤ ᠴᠠᠭ ᠯᠠ ᠲᠢᠭ᠋ ᠲᠠᠭ᠃ ᠦᠲᠡᠯᠦᠭᠡ ᠡᠵᠢ ᠬᠤᠨᠢᠨ ᠳᠠᠭᠠᠨ ᠶᠠᠪᠤᠵᠠᠢ ᠦᠷᠭᠡᠨ ᠲᠠᠯ᠎ᠠ ᠳᠤ ᠳᠠᠭᠤ ᠨᠢ ᠭᠠᠷᠤᠯ᠎ᠠ ᠦᠷᠦᠭᠡ ᠭᠡᠷ ᠨᠢ ᠭᠢᠯᠠ ᠴᠢᠯᠠ ᠦᠳᠭᠡᠨ ᠴᠠᠢ ᠶᠢᠨ ᠦᠨᠦᠷ ᠬᠠᠩᠬᠤᠯᠤᠨ᠎ᠠ᠃ ᠲᠣᠰᠤᠯᠢᠭ ᠪᠣᠤᠪᠤ ᠲᠠᠷᠭᠤᠨ ᠮᠢᠬ᠎ᠠ ᠶᠢ ᠲᠤᠯᠭ᠎ᠠ ᠶᠢᠨ ᠴᠠᠭᠠᠲᠠᠢ ᠰᠢᠷᠡᠭᠡᠨ ᠳᠤ ᠦᠷᠦᠭᠡᠳ ᠲᠤᠩᠭᠠᠯᠠᠭ ᠤᠰᠤ ᠦᠨᠦᠷᠲᠦ ᠰᠠᠪᠤᠩ ᠢ ᠳᠣᠲᠣᠭᠤ ᠶᠢᠨ ᠲᠡᠷᠭᠡᠳᠡ ᠪᠡᠯᠡᠳᠭᠡᠨ ᠲᠠᠯᠪᠢᠵᠠᠢ᠃ ᠨᠣᠷᠣᠭᠰᠠᠨ ᠭᠤᠲᠤᠯ ᠢ ᠬᠠᠲᠠᠭᠠᠭᠠᠳ ᠲᠠᠯᠪᠢᠵᠠᠢ᠂ ᠨᠣᠪᠰᠢᠲᠠᠢ ᠤᠶᠢᠮᠤᠰᠤ ᠶᠢ ᠤᠬᠢᠶᠠᠭᠠᠳ ᠡᠯᠭᠦᠵᠡᠢ᠂ ᠬᠠᠭᠵᠠᠷᠠᠭᠰᠠᠨ ᠬᠦᠷᠮ᠎ᠡ ᠶᠢ ᠣᠶᠣᠭᠠᠳ ᠦᠭᠴᠡᠢ᠂ ᠬᠠᠮᠤᠭ ᠶᠠᠭᠤᠮ᠎ᠠ ᠶᠢ ᠮᠢᠨᠢ ᠲᠦᠪᠬᠢᠨᠡᠭᠦᠯᠦᠭᠡᠳ ᠶᠠᠪᠤᠵᠠᠢ᠃ ᠬᠠᠯᠠᠭᠤᠨ ᠰᠡᠳᠬᠢᠯᠲᠦ ᠡᠨᠡ ᠨᠠᠰᠤᠳᠠᠨ ᠬᠠᠶᠢᠷᠠᠲᠤ ᠡᠵᠢ ᠲᠠᠢ ᠮᠢᠨᠢ ᠶᠠᠭᠠᠬᠢᠭᠰᠠᠨ ᠠᠳᠠᠯᠢ ᠬᠠᠷᠢᠭᠰᠠᠨ ᠶᠤᠮ ᠰᠢᠭ᠋ ᠳᠣᠲᠣᠨᠤ ᠰᠠᠨᠠᠭᠳᠠᠵᠤ ᠬᠠᠶᠢᠷ᠎ᠠ ᠶᠢᠨ ᠳᠣᠯᠭᠢᠶ᠎ᠠ ᠴᠡᠭᠡᠵᠢᠨ᠎ᠡ ᠤᠶᠢᠯᠪᠠ᠃ ᠦᠳᠡᠯᠦᠭᠡ ᠡᠵᠢ ᠶᠢᠨ ᠬᠠᠶᠢᠷ᠎ᠠ ᠰᠡᠳᠬᠢᠯ ᠢ ᠦᠷᠦ ᠵᠢᠷᠦᠭᠡᠨ ᠳᠡᠭᠡᠨ ᠰᠢᠩᠭᠡᠭᠡᠨ ᠠᠪᠤᠭᠠᠳ ᠦᠷᠢᠶ᠎ᠡ ᠬᠦᠯᠦᠭ ᠲᠡᠭᠡᠨ ᠴᠣᠭᠲᠠᠢ ᠮᠣᠷᠳᠠᠨ ᠥᠷᠯᠦᠭᠡ ᠶᠢᠨ ᠠᠶᠠᠯᠠᠯ ᠢᠶᠠᠨ ᠪᠢᠳᠡ ᠡᠬᠢᠯᠡᠪᠠ᠃ ︵ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠲᠡᠤᠬᠡ ᠰᠤᠶᠤᠯ ᠤᠨ ᠴᠣᠪᠣᠷᠠᠯ ᠪᠢᠴᠢᠭ — ︽ᠲᠠᠯᠠᠩᠭᠤᠷᠪᠠ ᠶᠢᠨ ᠵᠣᠬᠢᠶᠠᠯ ᠤᠳ︾ ᠠᠴᠠ ᠪᠠᠭᠤᠯᠭᠠᠪᠠ︶
 
ᠢᠷᠡᠯᠲᠡ᠄ ︽ᠲᠠᠯᠠᠩᠭᠤᠷᠪᠠ ᠶᠢᠨ ᠵᠣᠬᠢᠶᠠᠯ ᠤᠳ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号