ᠶᠠᠰᠤ ᠬᠠᠲᠠᠭᠤ ᠬᠦᠮᠦᠰ
ᠨᠡᠶᠢᠲᠡᠯᠡᠭᠰᠡᠨ ᠴᠠᠭ᠄
2020/10/20
ᠴᠠᠰᠤ ᠰᠢᠭᠤᠷᠭᠠᠨ ᠶᠠᠰᠤ ᠵᠢᠮᠵᠢᠭᠢᠨᠡᠬᠦᠯᠦᠮ᠎ᠡ        ᠣᠷᠢᠯᠠᠵᠤ ᠴᠢᠷᠠᠯᠠᠨ ᠦᠯᠢᠶᠡᠬᠦᠢ ᠳᠤᠷ ᠴᠠᠭᠠᠨ ᠪᠤᠲᠠᠩ ᠣᠭᠳᠠᠷᠭᠤᠢ ᠲᠤᠯᠤᠮ᠎ᠠ        ᠤᠭᠠᠯᠵᠠᠷᠠᠵᠤ ᠮᠣᠰᠭᠢᠷᠠᠯᠳᠤᠨ ᠳᠡᠭᠳᠡᠮᠦᠢ᠃ ᠴᠠᠬᠢᠯᠭᠠᠨ ᠠᠶᠤᠩᠭ᠎ᠠ ᠶᠢ ᠦᠯᠮᠡᠢ ᠳᠡᠭᠡᠨ ᠬᠢᠰᠭᠢᠭᠰᠡᠨ        ᠶᠠᠰᠤ ᠬᠠᠲᠠᠭᠤ ᠬᠦᠮᠦᠰ ᠴᠠᠭ ᠢ ᠲᠡᠮᠡᠴᠡᠨ ᠭᠠᠮᠰᠢᠭ ᠢ ᠢᠯᠠᠬᠤ        ᠣᠮᠤᠭ ᠰᠦᠯᠳᠡ ᠬᠡᠳᠦ᠋ᠢᠳᠴᠦᠬᠦᠢ᠃ ᠵᠠᠩᠭᠢᠳᠤᠭᠰᠠᠨ ᠨᠢᠳᠤᠷᠭ᠎ᠠ ᠭᠠᠩ ᠴᠠᠷᠢᠯ ᠰᠢᠭ᠋        ᠬᠠᠲᠠᠭᠤ ᠮᠦᠰᠦ ᠶᠢ ᠴᠣᠭᠤᠯᠵᠤ᠂ ᠵᠠᠩᠭᠢᠷᠠᠭᠰᠠᠨ ᠬᠦᠴᠦ ᠭᠠᠯ ᠢᠯᠴᠢ ᠮᠡᠲᠦ        ᠬᠦᠯᠳᠡᠭᠦᠦ ᠭᠠᠵᠠᠷ ᠢ ᠭᠡᠰᠭᠡᠮᠦᠢ᠃ ᠵᠢᠪᠠᠷ ᠲᠤ ᠬᠡᠶᠢᠰᠬᠦ ᠡᠪᠡᠰᠦ ᠬᠠᠮᠬᠤᠤᠯ ᠢ        ᠦᠬᠦᠯᠡᠬᠦ ᠬᠡᠷᠡᠭ ᠶᠠᠭᠤᠨ᠂ ᠵᠠᠯᠭᠠᠵᠤ ᠢᠷᠡᠬᠦ ᠲᠡᠮᠡᠴᠡᠯ ᠢ ᠤᠭᠳᠤᠭᠴᠢ        ᠮᠠᠯᠴᠢᠳ ᠤᠨ ᠵᠣᠷᠢᠭ ᠦᠯᠠᠮᠵᠢ︕ ︵ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠲᠡᠤᠬᠡ ᠰᠤᠶᠤᠯ ᠤᠨ ᠴᠣᠪᠣᠷᠠᠯ ᠪᠢᠴᠢᠭ — ︽ᠲᠠᠯᠠᠩᠭᠤᠷᠪᠠ ᠶᠢᠨ ᠵᠣᠬᠢᠶᠠᠯ ᠤᠳ︾ ᠠᠴᠠ ᠪᠠᠭᠤᠯᠭᠠᠪᠠ︶
 
ᠢᠷᠡᠯᠲᠡ᠄ ︽ᠲᠠᠯᠠᠩᠭᠤᠷᠪᠠ ᠶᠢᠨ ᠵᠣᠬᠢᠶᠠᠯ ᠤᠳ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号