ᠭᠡᠷ ᠪᠦᠯᠢ ᠶᠢᠨ ᠡᠶ᠎ᠡ ᠨᠠᠶᠢᠷᠠᠮᠳᠠᠭᠤ ᠪᠤᠯ ᠡᠷᠡᠬᠦᠯ ᠮᠡᠨᠳᠦ ᠶᠢᠨ ᠪᠠᠳᠤ ᠲᠦᠰᠢᠭ
ᠨᠡᠶᠢᠲᠡᠯᠡᠭᠰᠡᠨ ᠴᠠᠭ᠄
2019-06-17
      ᠶᠠᠫᠤᠨ ᠪᠤᠯ ᠲᠡᠯᠡᠬᠡᠶ ᠲᠡᠬᠡᠷᠡᠬᠢ ᠨᠡᠶᠢᠳᠡ ᠪᠠᠷ ᠢᠶᠠᠨ ᠤᠷᠳᠤ ᠨᠠᠰᠤᠯᠠᠵᠤ ᠪᠠᠶᠢᠬᠤ ᠤᠯᠤᠰ ᠶᠤᠮ᠃ ᠲᠡᠳᠡᠨ ᠤ ᠭᠤᠷᠪᠠᠨ ᠮᠢᠩᠭ᠎ᠠ ᠭᠠᠷᠤᠶ ᠵᠠᠭᠤ ᠨᠠᠰᠤᠯᠠᠭᠰᠠᠨ ᠨᠠᠰᠤᠳᠠᠨ ᠳᠤ ᠪᠠᠶᠢᠴᠠᠭᠠᠯᠳᠠ ᠬᠢᠵᠤ ᠤᠯᠤᠭᠰᠠᠨ ᠭᠤᠷᠪᠠᠨ ᠵᠤᠷᠪᠤᠰ ᠤᠷᠳᠤ ᠨᠠᠰᠤᠯᠠᠬᠤ ᠨᠢᠭᠤᠴᠠ ᠵᠤᠷ ᠲᠤᠳᠤᠷ᠎ᠠ ︽ᠬᠡᠷ ᠪᠦᠯᠢ ᠶᠢᠨ ᠬᠦᠮᠦᠰ ᠨᠢ ᠬᠠᠷᠢᠯᠴᠠᠨ ᠬᠠᠶᠢᠷᠠᠯᠠᠵᠤ ᠡᠶ᠎ᠡ ᠨᠠᠶᠢᠷ ᠲᠠᠢ ᠪᠠᠶᠢᠬᠤ ᠬᠡᠷᠡᠭᠳᠡᠶ︾ ᠬᠡᠰᠡᠨ ᠨᠢᠬᠡ ᠵᠤᠷᠪᠤᠰ ᠪᠠᠶᠢᠳᠠᠭ᠃ ᠡᠬᠦᠨ ᠠᠴᠠ ᠪᠢᠳᠡ᠂ ᠨᠢᠬᠡ ᠡᠪ ᠨᠡᠶᠢᠷᠳᠡᠢ ᠵᠤᠯ ᠵᠢᠷᠭᠠᠯᠳᠤ ᠬᠡᠷ ᠪᠦᠯᠢ ᠨᠢ ᠬᠦᠮᠦᠰ ᠲᠤ ᠪᠠᠶᠠᠷ ᠴᠡᠩᠬᠡᠯ ᠠᠪᠴᠢᠷᠠᠵᠤ ᠦᠭᠬᠦ ᠪᠠᠷ ᠪᠠᠷᠠᠬᠤ ᠦᠬᠡᠶ᠂ ᠬᠦᠮᠦᠨ ᠤ ᠪᠡᠶ᠎ᠡ ᠮᠠᠬᠠᠪᠤᠳ ᠢ ᠨᠡᠩ ᠡᠷᠡᠬᠦᠯ ᠲᠡᠩᠬᠡᠯᠡᠬᠦᠨ ᠪᠠᠶᠢᠯᠭᠠᠵᠤ᠂ ᠤᠷᠳᠤ ᠨᠠᠰᠤᠯᠠᠬᠤ ᠳᠤ ᠲᠤᠰᠠᠳᠠᠶ ᠪᠠᠶᠢᠳᠠᠭ ᠢ ᠮᠡᠳᠡᠭᠦᠯᠦᠨ᠎ᠠ᠃ ᠤᠯᠠᠨ ᠤ ᠮᠡᠳᠡᠬᠡᠵᠢ ᠪᠠᠷ ᠨᠢᠬᠡ ᠬᠡᠷ ᠪᠦᠯᠢ ᠶᠢᠨ ᠡᠷᠡᠭᠳᠡᠶ ᠡᠮᠡᠭᠳᠡᠢ ᠬᠤᠶᠠᠭᠤᠯᠠ ᠨᠢ ᠬᠠᠶᠢᠷ᠎ᠠ ᠨᠠᠶᠢᠷᠳᠠᠶ᠂ ᠦᠷ᠎ᠡ ᠬᠡᠤᠬᠡᠳ ᠨᠢ ᠡᠯᠪᠡᠷᠢᠯ ᠠᠴᠢᠯᠠᠯ ᠲᠠᠢ ᠪᠠᠶᠢᠪᠠᠯ᠂ ᠬᠦᠮᠦᠰ ᠲᠤ ᠬᠡᠵᠢᠶᠡᠳᠡ ᠠᠶᠢᠯ ᠬᠡᠷ ᠤᠨ ᠲᠤᠯᠠᠭᠠᠨ ᠪᠦᠯᠢᠶᠡᠨ᠂ ᠲᠡᠬᠦᠰ ᠰᠠᠶᠢᠬᠠᠨ ᠪᠠᠶᠠᠷ ᠪᠠᠭ᠋ᠠᠳᠤᠯ ᠢ ᠲᠦᠷᠦᠭᠳᠡᠬᠦᠯᠬᠦ ᠶᠤᠮ᠃ ᠡᠨᠡ ᠨᠢ ᠬᠦᠮᠦᠰ ᠤᠨ ᠡᠷᠡᠬᠦᠯ ᠡᠩᠬᠡ ᠳᠤ ᠲᠦᠢᠯ ᠤᠨ ᠠᠰᠢᠭᠳᠠᠶ ᠶᠤᠮ᠃ ᠡᠬᠦᠨ ᠤ ᠡᠰᠡᠷᠬᠦ ᠪᠠᠷ ᠬᠡᠷᠪᠡ ᠡᠷ᠎ᠡ ᠡᠮ᠎ᠡ ᠬᠤᠶᠠᠭᠤᠯᠠ ᠬᠠᠷᠢᠯᠴᠠᠨ ᠢᠳᠡᠭᠡᠯ ᠦᠬᠡᠶ᠂ ᠪᠡᠶ᠎ᠡ ᠪᠡᠶ᠎ᠡ ᠪᠠᠨ ᠰᠡᠵᠢᠭᠯᠡᠵᠦ᠂ ᠦᠷᠬᠦᠯᠵᠢ ᠬᠡᠷᠡᠯᠳᠦᠬᠦ ᠪᠤᠶᠤ ᠴᠢᠨᠠᠭᠰᠢᠯᠠᠪᠠᠯ ᠵᠤᠳᠤᠯᠴᠠᠪᠠᠯ᠂ ᠲᠡᠳᠡᠨ ᠤ ᠲᠤᠳᠤᠭᠠᠳᠤ ᠰᠡᠳᠬᠢᠯ ᠳᠤᠨᠢ ᠶᠡᠭᠡ ᠰᠡᠳᠡᠯᠳᠡ ᠪᠠ ᠵᠦᠷᠢᠴᠡᠯ ᠵᠢᠬᠡᠭᠦᠴᠡᠯ ᠭᠠᠷᠴᠤ᠂ ᠰᠡᠳᠬᠢᠯ ᠰᠠᠨᠠᠭ᠎ᠠ ᠨᠢ ᠭᠡᠵᠢᠶᠡᠳᠡ ᠪᠦᠷᠭᠦᠭ ᠳᠡᠭᠷᠢ ᠰᠢᠭ ᠪᠤᠯᠳᠠᠭ᠃ ᠡᠶᠢᠮᠦᠷᠬᠦ ᠮᠠᠭᠤ ᠪᠡᠶ᠎ᠡ ᠰᠡᠳᠬᠢᠯ ᠤᠨ ᠲᠤᠰᠬᠠᠯ ᠨᠢ ᠡᠳᠦᠷ ᠤᠨ ᠤᠳᠠᠭᠠᠨ ᠳᠠᠭᠠᠨ ᠬᠦᠮᠦᠨ ᠤ ᠪᠡᠶ᠎ᠡ ᠮᠠᠬᠠᠪᠤᠳ ᠢ ᠬᠤᠤᠷᠯᠠᠨ ᠬᠦᠨᠦᠬᠡᠳᠡᠭ ︽ᠭᠤᠤᠯ ᠶᠠᠯᠠᠳᠠᠨ︾ ᠪᠤᠯᠵᠤ ᠬᠤᠪᠢᠷᠠᠨ᠎ᠠ᠃ ᠲᠡᠬᠡᠪᠡᠯ ᠬᠡᠷ ᠪᠦᠯᠢ ᠨᠢ ᠶᠠᠮᠠᠷ ᠪᠠᠶᠢᠪᠠᠯ ᠰᠠᠶ᠋ᠢ ᠪᠠᠶᠠᠷ ᠪᠠᠭ᠋ᠠᠳᠤᠯ ᠲᠠᠢ ᠪᠠᠶᠢᠵᠤ ᠴᠢᠳᠠᠬᠤ ᠪᠤᠶ︖  ᠱᠤᠭ ᠶᠦᠮᠦᠷᠯᠢᠭ ᠪᠠᠶᠢᠬᠤ ᠨᠢ ᠮᠦᠨ ᠴᠤ ᠨᠢᠬᠡᠨ ᠰᠠᠶᠢᠨ ᠠᠷᠭ᠎ᠠ ᠪᠤᠯᠬᠤ ᠶᠤᠮ᠃        ᠠᠮᠧᠷᠢᠺᠠ ᠶᠢᠨ ᠰᠡᠳᠬᠢᠴᠡ ᠶᠢᠨ ᠵᠦᠢ ᠶᠢᠨ ᠡᠷᠳᠡᠮᠳᠡᠨ ᠠᠴᠠ᠄ ︽ᠨᠢᠬᠡ ᠬᠡᠷ ᠪᠦᠯᠢ ᠳᠤ ᠡᠶᠡᠯᠳᠡᠭ ᠵᠦᠬᠡᠯᠡᠨ ᠵᠠᠩ ᠠᠷᠠᠨᠰᠢᠨ᠂ ᠤᠷᠬᠢᠯᠤᠮ᠎ᠠ ᠬᠠᠯᠠᠭᠤᠨ ᠰᠡᠳᠬᠢᠯ ᠴᠢᠬᠤᠯᠠᠲᠠᠶ ᠮᠦᠷᠳᠡᠬᠡᠨ ᠪᠠᠰᠠ ᠦᠨᠡᠨᠴᠢ ᠢᠳᠡᠭᠡᠮᠵᠢᠳᠡᠢ ᠤᠶᠤᠨ ᠤᠬᠠᠭᠠᠨ ᠴᠢᠬᠤᠯᠠᠳᠠᠢ ᠶᠤᠮ᠃ ᠡᠶᠢᠮᠦᠷᠬᠦ ᠰᠡᠳᠬᠢᠯᠬᠡ ᠶᠢᠨ ᠤᠶᠤᠨ ᠴᠢᠳᠠᠪᠤᠷᠢ ᠨᠢ ᠬᠦᠮᠦᠰ ᠤᠨ ᠬᠤᠷᠴᠠ ᠰᠡᠷᠬᠦᠯᠡᠩ᠂ ᠤᠷᠮ᠎ᠠ ᠪᠠᠬ᠎ᠠ᠂ ᠴᠤᠭ ᠵᠢᠪᠬᠤᠯᠠᠩ ᠢ ᠢᠯᠡᠷᠡᠬᠦᠯᠵᠦ᠂ ᠡᠬᠦᠨ ᠤ ᠤᠯᠠᠮ ᠠᠴᠠ ᠠᠮᠢᠳᠤᠷᠠᠯ ᠢ ᠨᠢ ᠲᠤᠭᠳᠠᠭᠤᠨ ᠢᠶᠠᠷ ᠦᠬᠡᠳᠡᠯᠡᠬᠦᠯᠳᠡᠭ ᠶᠤᠮ︾ ᠬᠡᠵᠦ ᠵᠢᠭᠠᠭᠰᠠᠨ ᠪᠠᠶᠢᠨ᠎ᠠ᠃ ᠠᠳᠡ ᠬᠡᠯᠡᠵᠦ ᠪᠦᠬᠦᠶ ᠰᠡᠳᠬᠢᠯᠬᠡ ᠶᠢᠨ ᠤᠶᠤᠨ ᠴᠢᠳᠠᠪᠤᠷᠢ ᠨᠢ ᠲᠠᠷᠤᠶ ᠬᠦᠮᠦᠨ ᠤ ᠱᠤᠭ ᠶᠦᠮᠦᠷᠯᠢᠭ ᠰᠡᠳᠬᠢᠯᠬᠡ ᠶᠢ ᠬᠡᠯᠡᠵᠦ ᠪᠠᠶᠢᠬᠤ ᠶᠤᠮ᠂ ᠱᠤᠭ ᠶᠦᠮᠦᠷᠯᠢᠭ ᠠᠭᠤᠷ ᠠᠮᠢᠰᠬᠤᠯ ᠳᠤᠮᠳᠠ ᠨᠢᠬᠡ ᠭᠡᠷ ᠪᠦᠯᠢ ᠭᠡᠵᠢᠶᠡᠳᠡ ᠴᠤᠭ ᠵᠢᠪᠬᠤᠭᠠᠯᠢᠭ ᠪᠠᠶᠢᠬᠤ ᠨᠢ ᠯᠠᠪᠳᠠᠢ᠃ ᠬᠡᠷ ᠪᠦᠯᠢ ᠶᠢᠨ ᠵᠤᠯ ᠵᠢᠷᠭᠠᠯ ᠨᠢ ᠡᠷᠡᠬᠦᠯ ᠮᠡᠨᠳᠦ ᠳᠤ ᠠᠰᠢᠭᠳᠠᠶ ᠪᠠᠶᠢᠵᠤ᠂ ᠬᠡᠷ ᠪᠦᠯᠢ ᠶᠢᠨ ᠡᠪᠳᠡᠷᠡᠯᠴᠡᠯ ᠨᠢ ᠬᠢᠯᠪᠠᠷᠬᠠᠨ ᠡᠪᠡᠳᠴᠢᠨ ᠳᠤᠰᠤᠭᠤᠯᠳᠠᠭ᠃ ᠭᠡᠷ ᠪᠦᠯᠢ ᠶᠢᠨ ᠪᠦᠷᠢᠯᠳᠦᠬᠦᠨ ᠬᠤᠭᠤᠷᠤᠨᠳᠤ ᠪᠠᠨ ᠬᠠᠷᠢᠯᠴᠠᠨ ᠵᠤᠷᠢᠭᠵᠢᠭᠤᠯᠵᠤ ᠬᠠᠷᠢᠯᠴᠠᠨ ᠳᠡᠮᠵᠢᠯᠴᠡᠬᠦ ᠨᠢ ᠶᠡᠭᠤᠨ ᠠᠴᠠ ᠴᠢᠬᠤᠯᠠ᠂ ᠵᠢᠷᠭᠠᠯ ᠢᠷᠡᠬᠦ ᠦᠶᠡᠰ ᠬᠠᠮᠳᠤ ᠪᠠᠷ ᠪᠠᠶᠠᠰᠴᠤ᠂ ᠵᠤᠪᠠᠯᠠᠩ ᠳᠠᠭᠠᠷᠢᠬᠤ ᠦᠶᠡᠰ ᠪᠦᠯᠬᠦᠮᠳᠡᠨ ᠳᠤᠭᠤᠯᠬᠤ ᠨᠢ ᠬᠦᠮᠦᠨ ᠤ ᠶᠢᠷᠳᠢᠨᠴᠦ ᠶᠢᠨ ᠬᠠᠮᠤᠭ ᠰᠡᠳᠬᠢᠯ ᠬᠦᠳᠡᠯᠬᠡᠮ᠎ᠠ ᠭᠡᠷ ᠪᠦᠯᠢ ᠶᠢᠨ ᠳᠤᠩᠬᠠᠭ ᠪᠤᠯᠬᠤ ᠶᠤᠰᠤᠳᠠᠢ᠃ ᠬᠢᠳᠡᠳ ᠤᠨ ᠡᠷᠳᠡᠨ ᠤ ᠦᠭᠡᠨ ᠳᠤ ︽ᠭᠡᠷ ᠪᠦᠯᠢ ᠨᠡᠶᠢᠷᠡᠮᠳᠠᠭᠤ ᠪᠤᠯᠪᠠᠰᠤ ᠲᠦᠮᠡᠨ ᠬᠡᠷᠡᠭ ᠦᠭᠡᠳᠡ ᠡᠰᠡᠷᠡᠭ︾ ᠭᠡᠵᠦ ᠭᠡᠯᠡᠳᠡᠭ ᠶᠤᠮ᠂ ᠡᠨᠡᠬᠦ ᠦᠭᠡ ᠮᠢᠩᠭᠠᠨ ᠤᠨ ᠤ ᠰᠢᠯᠭᠠᠯᠳᠠ ᠶᠢ ᠳᠠᠮᠵᠢᠵᠦ ᠠᠷᠭ᠎ᠠ ᠦᠭᠡᠢ ᠵᠦᠪ ᠪᠤᠯᠬᠤ ᠨᠢ ᠪᠢᠳᠡᠨ ᠤ ᠳᠡᠷᠭᠡᠳᠡᠬᠢ ᠤᠯᠠᠨ ᠵᠢᠱᠢᠶ᠎ᠠ ᠭᠡᠷᠡᠴᠢᠯᠡᠵᠦ ᠪᠠᠶᠢᠭ᠎ᠠ ᠶᠤᠮ᠂ ᠭᠡᠷ ᠪᠦᠯᠢ ᠶᠢᠨ ᠨᠡᠶᠢᠷᠡᠮᠳᠠᠭᠤ ᠠᠴᠠ ᠪᠤᠯᠵᠤ ᠠᠵᠢᠯ ᠦᠢᠯᠡᠰ ᠦᠭᠡᠳᠡᠯᠡᠳᠡᠭ᠂ ᠦᠷ᠎ᠠ ᠭᠡᠤᠭᠡᠳ ᠨᠢ ᠡᠷᠡᠭᠦᠯ ᠢᠶᠠᠷ ᠬᠦᠮᠦᠵᠢᠭᠳᠡᠳᠡᠭ᠂ ᠡᠳ᠋ ᠬᠦᠷᠦᠩᠭᠡ ᠴᠦ ᠳᠠᠭᠠᠯᠳᠤᠨ ᠨᠦᠭᠡᠴᠡᠯᠡᠭᠳᠡᠳᠡᠭ ᠶᠤᠮᠰᠠᠨ᠃  ᠠᠯᠢᠪᠠ ᠪᠦᠬᠦᠨ ᠤ ᠠᠰᠢᠳᠡ ᠶᠢᠨ ᠳᠡᠭᠵᠢᠷᠡᠯ ᠢ ᠭᠦᠰᠡᠪᠡᠯ ᠠᠶᠢᠯ ᠭᠡᠷ ᠤᠨ ᠡᠶ᠎ᠡ ᠨᠡᠶᠢᠷ ᠢᠶᠠᠨ ᠪᠠᠳᠤᠯᠠᠶ᠎ᠠ︕  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号