ᠬᠡᠷᠬᠢᠨ ᠡᠳᠦᠷ ᠲᠣᠷᠰᠢ ᠡᠷᠴᠢ ᠬᠦᠴᠦᠲᠠᠢ ᠪᠠᠶᠢᠬᠤ ᠪᠣᠢ
ᠨᠡᠶᠢᠲᠡᠯᠡᠭᠰᠡᠨ ᠴᠠᠭ᠄
2019-06-17
      ᠡᠳᠦᠷ ᠲᠤᠷᠰᠢ ᠰᠡᠷᠭᠦᠯᠡᠩ ᠴᠤᠪᠤᠭᠤ ᠡᠷᠴᠢ ᠬᠦᠴᠦᠳᠡᠢ ᠪᠠᠶᠢᠬᠤ ᠨᠢ ᠦᠷᠯᠦᠭᠡ ᠬᠡᠷᠬᠢᠨ ᠪᠤᠰᠤᠭᠰᠠᠨ ᠠᠴᠠ ᠶᠡᠬᠡᠬᠡᠨ ᠰᠢᠯᠳᠠᠭᠠᠯᠠᠳᠠᠭ ᠶᠤᠮ ᠪᠠᠶᠢᠨ᠎ᠠ᠃ ᠲᠠ ᠳᠠᠷᠠᠭᠠᠬᠢ ᠵᠦᠪᠯᠡᠮᠵᠢ ᠶᠢ ᠬᠡᠷᠡᠭᠵᠢᠭᠦᠯᠵᠦ ᠦᠵᠡᠭᠡᠷᠡᠢ᠃ ᠦᠷᠯᠦᠭᠡ ᠰᠡᠷᠢᠭᠡᠳ ᠢᠮᠠᠭᠳᠠ ᠬᠡᠳᠦᠨ ᠬᠤᠷᠤᠮ ᠭᠡᠪᠳᠡᠵᠦ ᠪᠠᠶᠢᠭᠠᠳ ᠪᠦᠬᠦ ᠪᠡᠶ᠎ᠡ ᠪᠠᠷ ᠢᠶᠠᠨ ᠰᠤᠨᠢᠶᠠᠨ ᠳᠠᠷᠠᠭ᠎ᠠ ᠨᠢ ᠤᠷᠤᠨ  ᠠᠴᠠ ᠪᠠᠨ ᠡᠷᠴᠢ ᠬᠦᠴᠦᠳᠡᠢ ᠪᠠᠷ ᠪᠤᠰᠬᠤ ᠨᠢ ᠵᠦᠢ ᠲᠠᠢ᠃ ᠢᠩᠬᠢᠭᠡᠳ ᠭᠡᠪᠳᠡᠯ ᠦᠭᠡᠢ ᠰᠢᠭᠤᠳ ᠪᠤᠰᠬᠤ ᠨᠢ ᠪᠡᠶ᠎ᠡ ᠴᠤᠭᠴᠡᠰ ᠲᠤ ᠰᠦᠷᠬᠦ ᠨᠦᠯᠦᠭᠡ ᠲᠠᠢ ᠶᠢ ᠰᠠᠨᠠᠬᠤ ᠬᠡᠷᠡᠭᠳᠡᠢ᠃ ᠬᠡᠷᠪᠡ ᠪᠤᠰᠴᠤ ᠴᠢᠳᠠᠬᠤ ᠦᠭᠡᠢ ᠨᠦᠢᠷᠮᠤᠭᠯᠠᠭᠰᠠᠨ ᠬᠡᠪ ᠢᠶᠠᠷ ᠪᠠᠶᠢᠪᠠᠯ ᠲᠤᠯᠤᠪᠤᠷ᠂ ᠡᠷᠡᠬᠡᠢ ᠬᠤᠶᠠᠷ ᠤᠨ ᠬᠤᠭᠤᠷᠤᠨᠳᠤ ᠢᠯᠢᠯᠡᠭᠡ ᠬᠢᠭᠡᠷᠡᠢ᠃       ᠦᠷᠯᠦᠭᠡ ᠪᠦᠷᠢ᠄  ᠨᠢᠭᠡ ᠠᠶᠠᠭ᠎ᠠ ᠪᠤᠴᠠᠯᠤᠭᠰᠠᠨ ᠬᠠᠯᠠᠭᠤᠨ ᠤᠰᠤᠨ ᠳᠤ ᠨᠢᠭᠡ ᠦᠵᠦᠮ ᠯᠢᠮᠤᠨ ᠤ ᠰᠢᠭᠦᠰᠦ ᠶᠢ ᠰᠢᠬᠠᠨ ᠦᠯᠦᠨ ᠡᠯᠢᠭᠡᠨ ᠳᠡᠭᠡᠷ᠎ᠡ ᠪᠠᠨ ᠤᠤᠭᠤᠵᠤ ᠪᠠᠶᠢᠭᠠᠷᠠᠢ᠃ ᠲᠠ ᠡᠳᠦᠷ ᠤᠨ ᠲᠤᠷᠰᠢ ᠡᠷᠴᠢ ᠬᠦᠴᠦᠳᠡᠢ ᠪᠠᠶᠢᠬᠤ ᠪᠤᠯᠤᠨ᠎ᠠ᠃ ᠮᠡᠳᠡᠭᠡᠵᠢ ᠦᠷᠯᠦᠭᠡ ᠶᠢᠨ ᠴᠠᠢ ᠶᠢ ᠵᠠᠪᠠᠯ ᠤᠤᠭᠤᠵᠤ ᠵᠠᠩᠰᠢᠬᠤ ᠬᠡᠷᠡᠭᠳᠡᠢ᠃ ᠳᠤᠳᠠᠭᠤ ᠨᠦᠢᠷ ᠲᠠᠢ ᠡᠰᠡᠭᠦᠯ᠎ᠡ ᠶᠠᠳᠠᠷᠠᠭᠰᠠᠨ ᠰᠢᠵᠢ ᠳᠡᠮᠳᠡᠭ ᠨᠢᠭᠤᠷ ᠳᠡᠭᠡᠷ᠎ᠡ ᠢᠯᠡᠬᠡᠨ ᠬᠠᠷᠠᠭᠳᠠᠳᠠᠭ᠃ ᠲᠡᠶᠢᠮᠦ  ᠠᠴᠠ ᠲᠠ ᠨᠢᠭᠤᠷ ᠢᠶᠠᠨ ᠡᠬᠢᠯᠡᠭᠡᠳ ᠪᠦᠯᠢᠶᠡᠨ ᠤᠰᠤ ᠪᠠᠷ ᠳᠠᠷᠠᠭ᠎ᠠ ᠨᠢ ᠴᠡᠯ ᠬᠦᠢᠳᠡᠨ ᠤᠰᠤ ᠪᠠᠷ ᠤᠬᠢᠶᠠᠵᠤ ᠡᠴᠦᠰ ᠲᠤᠨᠢ ᠲᠤᠬᠢᠷᠠᠬᠤ ᠲᠤᠰᠤ ᠪᠠᠨ ᠲᠦᠷᠬᠢᠭᠡᠷᠡᠢ᠃ ᠬᠡᠷᠪᠡ ᠨᠢᠳᠦᠨ ᠳᠤ ᠴᠢᠨᠢ ᠶᠠᠳᠠᠷᠠᠭᠰᠠᠨ ᠳᠡᠮᠳᠡᠭ ᠢᠯᠡᠷᠡᠵᠦ ᠂ ᠤᠯᠠᠶᠢᠭᠰᠠᠨ ᠪᠠᠶᠢᠪᠠᠯ ᠵᠢᠷ ᠤᠨ ᠬᠠᠷ᠎ᠠ ᠴᠠᠢ ᠶᠢᠨ ᠬᠠᠨᠳᠠ ᠪᠠᠷ 5 — 10 ᠮᠢᠨᠦ᠋ᠲ ᠵᠢᠩ ᠲᠠᠯᠪᠢᠬᠤ ᠨᠢ ᠶᠡᠭᠡ ᠦᠷ᠎ᠡ ᠳ᠋ᠦᠩ ᠲᠠᠢ ᠪᠠᠶᠢᠳᠠᠭ᠃ ᠰᠢᠯᠢᠨ ᠬᠦᠵᠦᠭᠦᠦ ᠪᠤᠯᠤᠨ ᠨᠢᠷᠤᠭᠤᠨ ᠤ ᠳᠡᠳ᠋ ᠬᠡᠰᠡᠭ ᠲᠤ ᠡᠷᠴᠢᠮ ᠲᠠᠢ ᠢᠯᠢᠯᠡᠭᠡ ᠬᠢᠬᠦ ᠨᠢ ᠨᠦᠢᠷᠮᠤᠭ ᠪᠠᠶᠢᠳᠠᠯ ᠢ ᠪᠦᠷᠢᠮᠦᠰᠦᠨ ᠠᠷᠢᠯᠭᠠᠵᠤ ᠦᠭᠳᠡᠭ᠃ ᠰᠡᠷᠭᠦᠯᠡᠩ ᠴᠤᠪᠤᠭᠤ ᠪᠠᠶᠢᠬᠤ ᠦᠭᠡᠷ᠎ᠡ ᠨᠢᠭᠡᠨ ᠰᠠᠶᠢᠨ ᠠᠷᠭ᠎ᠠ ᠪᠤᠯ ᠦᠰᠦ ᠪᠠᠨ ᠡᠳᠦᠷ ᠲᠤᠳᠤᠮ ᠤᠨ ᠵᠤᠷᠢᠭᠤᠯᠤᠯᠳᠠ ᠲᠠᠢ ᠱᠠᠮᠫᠤᠨ ᠢᠶᠠᠷ ᠤᠬᠢᠶᠠᠬᠤ᠂ ᠭᠠᠷ ᠢᠶᠠᠷ ᠢᠶᠠᠨ ᠤᠷᠢᠳᠠ ᠠᠴᠠ ᠬᠤᠶᠢᠰᠢ ᠰᠠᠮᠨᠠᠬᠤ ᠮᠠᠶ᠋ᠢᠭ ᠢᠶᠠᠷ ᠢᠯᠢᠵᠦ ᠪᠤᠢ᠃ ᠬᠠᠯᠠᠭᠤᠨ ᠬᠦᠢᠳᠡᠨ ᠰᠦᠷᠴᠢᠭᠦᠷ ᠨᠦᠢᠷ ᠠᠴᠠ ᠪᠦᠷᠢᠮᠦᠰᠦᠨ ᠰᠡᠷᠢᠭᠡᠨ᠎ᠡ᠃ ᠡᠬᠢᠯᠡᠭᠡᠳ ᠬᠠᠯᠠᠭᠤᠨ ᠳᠠᠷᠠᠭ᠎ᠠ ᠨᠢ ᠬᠦᠢᠳᠡᠨ ᠰᠦᠷᠴᠢᠭᠦᠷ ᠲᠤ ᠡᠭᠡᠯᠵᠢᠯᠡᠨ ᠤᠷᠤᠬᠤ ᠨᠢ ᠰᠡᠷᠭᠡᠭ ᠪᠤᠯᠭᠠᠬᠤ ᠠᠴᠠ ᠭᠠᠳᠠᠨ᠎ᠠ ᠴᠢᠬᠢᠷᠠᠭᠵᠢᠭᠤᠯᠵᠤ᠂ ᠠᠷᠠᠰᠤ ᠶᠢ ᠴᠢᠩᠭᠠᠯᠠᠵᠤ ᠦᠭᠳᠡᠭ᠃ ᠪᠦᠰᠡᠭᠦ᠋ᠢᠴᠤᠳ ᠲᠡᠭᠡᠨ ᠵᠦᠪᠯᠡᠬᠦ ᠳᠤ ᠬᠠᠴᠠᠷ ᠤᠨ ᠪᠤᠳᠤᠭ ᠰᠡᠷᠭᠦᠯᠡᠩ ᠴᠤᠪᠤᠭᠤ ᠬᠠᠷᠠᠭᠳᠠᠭᠤᠯᠳᠠᠭ᠃ ᠭᠡᠬᠦ ᠳᠡᠭᠡᠨ ᠶᠠᠮᠠᠷ ᠴᠤ ᠲᠤᠬᠢᠶᠠᠯᠳᠤᠯ ᠳᠤ ᠶᠡᠭᠡ ᠪᠠᠷ ᠲᠦᠷᠬᠢᠬᠦ ᠬᠡᠷᠡᠭ ᠦᠭᠡᠢ᠂ ᠦᠯᠦ ᠠᠩᠵᠠᠭᠠᠷᠬᠠᠳᠠᠮ᠎ᠠ ᠲᠦᠷᠦᠯᠬᠢ ᠶᠢᠨ ᠶᠤᠮ ᠰᠢᠭ᠋ ᠪᠤᠳᠤᠵᠤ ᠰᠤᠷᠬᠤ ᠨᠢ ᠴᠢᠬᠤᠯᠠ ᠶᠤᠮ᠃
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号