ᠲᠠᠷᠢᠬᠢ ᠪᠠᠨ ᠰᠠᠶᠢᠵᠢᠷᠠᠭᠤᠯᠬᠤ ᠨᠢᠭᠤᠴᠠ ᠠᠷᠭ᠎ᠠ᠄ ᠪᠠᠶᠢᠨ ᠪᠠᠶᠢᠨ ᠨᠢᠭᠡ ᠪᠠᠨᠠᠨᠠ ᠢᠳᠡᠨ᠎ᠡ
ᠨᠡᠶᠢᠲᠡᠯᠡᠭᠰᠡᠨ ᠴᠠᠭ᠄
2019-06-17
     ᠶᠡᠭᠡ ᠲᠠᠷᠢᠬᠢ ᠬᠦᠮᠦᠨ ᠤ ᠪᠡᠶ᠎ᠡ ᠶᠢᠨ ᠬᠦᠨᠳᠦ ᠶᠢᠨ 2% ᠶᠢ ᠯᠡ ᠡᠵᠡᠯᠡᠵᠤ ᠪᠠᠶᠢᠪᠠᠴᠦ᠂ ᠡᠳᠦᠷ ᠪᠦᠷᠢ ᠬᠦᠮᠦᠨ ᠤ ᠪᠦᠬᠦ ᠪᠡᠶ᠎ᠡ ᠶᠢᠨ ᠡᠨᠧᠷᠬᠢ ᠶᠢᠨ 20% ᠶᠢ ᠵᠠᠷᠤᠴᠠᠭᠤᠯᠵᠤ ᠪᠠᠶᠢᠳᠠᠭ᠃ ᠶᠡᠭᠡ ᠲᠠᠷᠢᠬᠢ ᠶᠢᠨ ᠲᠡᠭᠰᠢᠳᠭᠡᠭᠰᠡᠨ ᠬᠦᠨᠳᠦ ᠨᠢ ᠪᠠᠷᠤᠬ 1200 ᠭᠷᠠᠮ ᠪᠠᠶᠢᠬᠰᠠᠨ ᠴᠦ 1000 ᠳ᠋ᠦᠩᠰᠢᠭᠤᠷ ᠮᠡᠳᠡᠷᠡᠯ ᠤᠨ ᠡᠰ ᠪᠠᠭᠲᠠᠭᠠᠵᠤ ᠪᠠᠶᠢᠨ᠎ᠠ᠃ ᠲᠡᠭᠡᠪᠡᠯ ᠬᠡᠷᠬᠢᠨ ᠰᠢᠮ᠎ᠡ ᠲᠡᠵᠢᠭᠡᠯ ᠨᠦᠬᠦᠪᠦᠷᠢᠯᠡᠪᠡᠯ᠂ ᠲᠠᠷᠢᠬᠢ ᠶᠢ ᠤᠯᠠᠮ ᠬᠤᠷᠴᠠ ᠰᠡᠷᠭᠡᠭ ᠪᠤᠯᠭᠠᠵᠤ ᠴᠢᠳᠠᠬᠤ ᠪᠤᠢ︖ ᠠᠩᠭ᠍ᠯᠢ ᠠᠮᠧᠷᠢᠺᠠ ᠶᠢᠨ ᠰᠢᠨᠵᠢᠯᠡᠬᠦ ᠤᠬᠠᠭᠠᠨᠲᠠᠨ ᠠᠴᠠ ᠲᠤᠤᠷᠠᠬᠢ ᠲᠦᠷᠪᠡᠨ ᠠᠷᠭ᠎ᠠ ᠶᠢ ᠵᠢᠭᠠᠵᠤ ᠦᠭᠪᠡ᠃     ᠨᠢᠭᠡ᠂ ᠪᠠᠭ᠎ᠠ ᠢᠳᠡᠵᠤ ᠤᠯᠠᠨᠲᠠ ᠬᠤᠭᠤᠯᠠᠯᠠᠬᠤ ᠶᠡᠭᠡ ᠲᠠᠷᠢᠬᠢ ᠡᠨᠧᠷᠬᠢ ᠶᠢ ᠲᠡᠶᠢᠮᠦ ᠠᠷᠪᠢᠨ ᠬᠡᠷᠡᠭᠰᠡᠬᠦ ᠦᠭᠡᠢ᠂ ᠪᠠᠰᠠ ᠬᠡᠲᠦᠷᠬᠡᠢ ᠪᠠᠭ᠎ᠠ ᠪᠠᠶᠢᠵᠤ ᠪᠤᠯᠬᠤ ᠦᠭᠡᠢ᠃ ᠶᠡᠭᠡ ᠲᠠᠷᠢᠬᠢ ᠶᠢᠨ ᠤᠯᠤᠬᠰᠠᠨ ᠬᠦᠳᠡᠯᠭᠡᠬᠦ ᠬᠦᠴᠦᠨ ᠢ ᠬᠦᠰᠡᠯᠡᠩᠴᠢᠯᠡᠬᠦ ᠶᠢᠨ ᠲᠦᠯᠦᠭᠡ᠂ ᠪᠠᠭ᠎ᠠ ᠢᠳᠡᠵᠤ ᠤᠯᠠᠨᠲᠠ ᠬᠤᠭᠤᠯᠠᠯᠠᠬᠤ ᠨᠢ ᠰᠠᠶᠢᠨ᠃ ᠲᠠᠷᠢᠬᠢ ᠠᠵᠢᠯᠯᠠᠵᠤ ᠪᠠᠶᠢᠭ᠎ᠠ ᠬᠠᠮᠤᠬ ᠤᠨ ᠰᠠᠶᠢᠨ ᠦᠶ᠎ᠡ ᠳᠤ᠂ ᠴᠢᠰᠤᠨ ᠤᠷᠤᠰᠬᠠᠯ ᠳᠤ ᠪᠠᠷᠤᠬ 25 ᠭᠷᠠᠮ ᠦᠵᠦᠮ ᠤᠨ ᠰᠢᠬᠢᠷ ᠠᠭᠤᠯᠤᠭᠳᠠᠵᠤ ᠪᠠᠶᠢᠳᠠᠭ᠂ ᠡᠨᠡ ᠨᠢ ᠲᠠᠷᠤᠢ ᠨᠢᠭᠡ  ᠰᠠᠯᠠᠭ᠎ᠠ ᠪᠠᠨᠠᠨᠠ ᠶᠢᠨ ᠲᠤᠲᠤᠷᠠᠬᠢ ᠦᠵᠦᠮ ᠤᠨ ᠰᠢᠬᠢᠷ ᠤᠨ ᠬᠡᠮᠵᠢᠶ᠎ᠡ ᠲᠠᠢ ᠲᠡᠩᠴᠡᠨ᠎ᠡ᠃ ᠡᠶᠢᠮᠦ ᠠᠴᠠ ᠠᠵᠢᠯᠯᠠᠵᠤ ᠪᠠᠶᠢᠭ᠎ᠠ ᠦᠶ᠎ᠡ ᠳᠡᠭᠡᠨ ᠪᠠᠶᠢᠨ ᠪᠠᠶᠢᠨ ᠨᠢᠭᠡ ᠪᠠᠨᠠᠨᠠ ᠢᠳᠡᠪᠡᠯ ᠰᠠᠶᠢᠨ ᠶᠤᠮ᠃      ᠬᠤᠶᠠᠷ᠂ ᠰᠢᠬᠢᠷ ᠢ ᠦᠨᠳᠦᠷᠵᠢᠭᠦᠯᠬᠦ ᠢᠳᠡᠭᠡᠨ ᠢ ᠪᠠᠭ᠎ᠠ ᠢᠳᠡᠬᠦ ᠰᠢᠬᠢᠷ ᠢ ᠦᠨᠳᠦᠷᠵᠢᠭᠦᠯᠬᠦ ᠢᠯᠡᠳᠭᠡᠮᠵᠢ ︵Gl︶ ᠭᠡᠳᠡᠭ ᠨᠢ ᠢᠳᠡᠭᠡᠨ ᠬᠦᠮᠦᠨ ᠤ ᠪᠡᠶ᠎ᠡ ᠳᠤ ᠰᠢᠩᠭᠡᠭᠡᠳ ᠬᠤᠶᠡᠷ ᠴᠠᠬ ᠪᠤᠯᠤᠬᠰᠠᠨ ᠦᠶ᠎ᠡ ᠳᠠᠬᠢ ᠴᠢᠰᠤᠨ ᠰᠢᠬᠢᠷ ᠤᠨ ᠬᠡᠮᠵᠢᠶ᠎ᠡ ᠶᠢᠨ ᠬᠠᠷᠢᠴᠠᠭᠤᠯᠤᠬᠰᠠᠨ ᠬᠡᠮᠵᠢᠭᠳᠡᠯ ᠪᠤᠯᠤᠨ᠎ᠠ᠃ ᠲᠠᠪᠤᠰᠤᠯᠢᠬ ᠪᠤᠤᠪᠤ ᠤᠨ ᠰᠢᠬᠢᠷ ᠢ ᠦᠨᠳᠦᠷᠵᠢᠭᠦᠯᠬᠦ ᠢᠯᠡᠳᠭᠡᠮᠵᠢ ᠨᠢ ᠦᠨᠳᠦᠷ᠃ ᠲᠦᠭᠦᠬᠡᠢ ᠬᠤᠤᠯᠤᠪᠠᠩ ᠤᠨ ᠢᠯᠡᠳᠭᠡᠮᠵᠢ ᠨᠢ ᠵᠢᠭᠠᠬᠠᠨ ᠳᠤᠤᠷ᠎ᠠ ᠪᠠᠶᠢᠳᠠᠭ᠃ ᠢᠯᠡᠳᠭᠡᠮᠵᠢ ᠲᠤᠤᠷ᠎ᠠ ᠢᠳᠡᠭᠡᠨ ᠤ ᠨᠡᠭᠦᠷᠡᠰᠦ ᠤᠰᠤᠨ ᠤ ᠨᠢᠭᠡᠳᠪᠦᠷᠢ ᠪᠤᠳᠠᠰ ᠤᠨ ᠦᠵᠦᠮ ᠤᠨ ᠰᠢᠬᠢᠷ ᠤᠨ ᠮᠤᠯᠧᠺᠦ᠋ᠯ ᠪᠤᠯᠵᠤ ᠬᠤᠪᠢᠷᠠᠬᠤ ᠬᠤᠷᠳᠤᠴᠠ ᠨᠢ ᠤᠳᠠᠭᠠᠨ ᠪᠠᠶᠢᠵᠤ᠂ ᠶᠡᠭᠡ ᠲᠠᠷᠢᠬᠢᠨ ᠳᠤ ᠬᠠᠩᠭᠠᠬᠤ ᠡᠨᠧᠷᠬᠢ ᠨᠢ ᠬᠠᠷᠢᠴᠠᠩᠭᠤᠢ ᠲᠤᠬᠲᠠᠪᠤᠷᠢᠲᠠᠢ ᠪᠠᠶᠢᠳᠠᠬ᠃ ᠳᠡᠭᠡᠳᠦ ᠰᠢᠷᠬᠡᠭᠯᠢᠭ ᠨᠡᠭᠦᠷᠡᠰᠦ ᠤᠰᠤᠨ ᠤ ᠨᠢᠭᠡᠳᠪᠦᠷᠢ ᠪᠤᠳᠠᠰ ᠤᠨ ᠰᠢᠬᠢᠷ ᠢ ᠦᠨᠳᠦᠷᠵᠢᠭᠦᠯᠬᠦ ᠢᠯᠡᠳᠭᠡᠮᠵᠢ ᠨᠢ ᠬᠠᠷᠢᠴᠠᠩᠭᠤᠢ ᠲᠤᠤᠷ᠎ᠠ ᠪᠠᠶᠢᠳᠠᠭ᠂ ᠵᠢᠱᠢᠶᠡᠯᠡᠪᠡᠯ ᠰᠢᠷᠬᠡᠭᠯᠢᠭ ᠡᠯᠪᠡᠭ ᠠᠭᠤᠯᠤᠬᠰᠠᠨ ᠬᠠᠷ᠎ᠠ ᠪᠤᠭᠤᠳᠠᠢ ᠶᠢᠨ ᠲᠠᠯᠬ᠎ᠠ ᠵᠡᠷᠭᠡ᠃ ᠪᠢᠳᠡ ᠲᠠᠯᠬ᠎ᠠ ᠪᠠᠷ ᠢᠶᠠᠨ ᠮᠢᠬ᠎ᠠ ᠪᠠ ᠦᠨᠳᠡᠭᠡ᠂ ᠠᠷᠤᠷ᠎ᠠ ᠶᠢᠨ ᠲᠤᠰᠦ ᠶᠢ ᠨᠡᠮᠡᠵᠤ ᠬᠠᠪᠴᠢᠭᠤᠯᠤᠨ ᠢᠳᠡᠪᠡᠯ᠂ ᠠᠮᠳᠠᠳᠠᠢ ᠪᠦᠭᠡᠳ ᠪᠠᠰᠠ ᠲᠠᠷᠢᠬᠢᠨ ᠳᠤ ᠭᠦᠢᠴᠡᠳ ᠰᠢᠮ᠎ᠡ ᠲᠡᠵᠢᠭᠡᠯ ᠬᠠᠩᠭᠠᠵᠤ ᠪᠤᠯᠤᠨ᠎ᠠ᠃      ᠭᠤᠷᠪᠠ᠂ ᠬᠠᠨᠤᠮᠠᠯ ᠪᠤᠰᠤ ᠦᠭᠡᠬᠦᠨ ᠬᠦᠴᠢᠯ ᠢ ᠢᠯᠡᠭᠦᠤ ᠨᠦᠬᠦᠪᠤᠷᠢᠯᠡᠬᠦ ᠦᠭᠡᠬᠦ ᠨᠢ ᠢᠳᠡᠭᠡᠨ ᠤ ᠰᠢᠬᠢᠷ ᠢ ᠦᠨᠳᠦᠷᠵᠢᠭᠦᠯᠬᠦ ᠬᠡᠮᠵᠢᠶ᠎ᠡ ᠶᠢ ᠪᠠᠭᠠᠰᠬᠠᠬᠤ ᠪᠤᠯᠪᠠᠴᠤ ᠦᠭᠡᠬᠦ ᠪᠤᠯᠭᠠᠨ ᠠᠳᠠᠯᠢ ᠪᠢᠰᠢ᠃ ᠳᠦᠭᠦᠮ ᠬᠤᠭᠤᠯᠠᠨ ᠭᠡᠷ ᠲᠤ ᠦᠷᠭᠦᠯᠵᠢ ᠬᠠᠷᠠᠭᠳᠠᠳᠠᠭ ᠦᠭᠡᠬᠦᠨ ᠬᠦᠴᠢᠯ ᠨᠢ ᠬᠠᠮᠤᠬ ᠮᠠᠭᠤ᠂ ᠬᠠᠨᠤᠮᠠᠯ ᠦᠭᠡᠬᠦᠨ ᠬᠦᠴᠢᠯ ᠨᠢ ᠪᠠᠰᠠ ᠲᠡᠮᠡᠢ ᠯᠡ ᠪᠠᠶᠢᠳᠠᠬ᠃ ᠬᠠᠨᠤᠮᠠᠯ ᠪᠤᠰᠤ ᠦᠭᠡᠬᠦᠨ ᠬᠦᠴᠢᠯ ᠨᠢ ᠰᠠᠶ᠋ᠢ ᠡᠷᠡᠭᠦᠯ ᠡᠩᠬᠡ ᠳᠤ ᠬᠠᠮᠤᠭ ᠰᠠᠶᠢᠨ ᠪᠠᠶᠢᠳᠠᠬ ᠃ ᠢᠳᠡᠭᠡᠨ ᠤᠮᠳᠠᠭᠠᠨ ᠤ ᠲᠤᠮᠳᠠ ᠬᠠᠨᠤᠮᠠᠯ ᠦᠭᠡᠬᠦᠨ ᠬᠦᠴᠢᠯ ᠨᠢ ᠬᠦᠮᠦᠨ ᠤᠨ ᠤᠶᠤᠨ ᠮᠡᠳᠡᠷᠡᠯ ᠢ ᠮᠠᠭᠤᠳᠠᠭᠤᠯᠤᠨ᠎ᠠ ᠭᠡᠵᠦ ᠡᠷᠳᠡᠮᠳᠡᠳ ᠬᠡᠯᠡᠵᠦ ᠪᠤᠢ᠃ ᠬᠠᠨᠤᠮᠠᠯ ᠪᠤᠰᠤ ᠦᠭᠡᠬᠦᠨ ᠬᠦᠴᠢᠯ ᠡᠯᠪᠡᠭ ᠠᠭᠤᠯᠬᠤ ᠢᠳᠡᠭᠡᠨ ᠳᠤ ᠭᠦᠨ ᠳᠠᠯᠠᠢ ᠶᠢᠨ ᠵᠢᠭᠠᠰᠤ᠂ ᠨᠠᠷᠠᠨ ᠬᠤᠸᠠᠷ ᠵᠡᠷᠭᠡ ᠪᠤᠢ᠃      ᠲᠦᠷᠪᠡ᠂ ᠦᠪᠡᠷ ᠤᠨ ᠰᠢᠮ᠎ᠡ ᠲᠡᠵᠢᠭᠡᠯ ᠤᠨ ᠲᠠᠳᠬᠠᠯ ᠢᠶᠠᠨ ᠤᠢᠢᠯᠠᠭᠠᠬᠤ ᠢᠳᠡᠭᠡᠨ ᠤ ᠬᠦᠮᠦᠨ ᠤ ᠲᠠᠷᠢᠬᠢᠨ  ᠳᠤ ᠦᠵᠡᠭᠦᠯᠬᠦ ᠨᠦᠯᠦᠭᠡ ᠨᠢ ᠠᠳᠠᠯᠢᠪᠳᠦᠷ ᠪᠠᠶᠢᠳᠠᠭ ᠪᠤᠯᠪᠠᠴᠤ᠂ ᠠᠳᠠᠯᠢ ᠪᠤᠰᠤ ᠬᠦᠮᠦᠨ ᠳᠤ ᠪᠠᠰᠠ ᠠᠳᠠᠯᠢ ᠪᠤᠰᠤ ᠵᠦᠢᠯ ᠪᠠᠶᠢᠳᠠᠬ᠃ ᠰᠢᠨᠵᠢᠯᠡᠬᠦ ᠤᠬᠠᠭᠠᠨᠲᠠᠳ ᠤᠨ ᠬᠡᠯᠡᠬᠦ ᠪᠠᠷ᠂ ᠬᠦᠮᠦᠨ ᠪᠤᠯᠭᠠᠨ ᠤ ᠰᠢᠮ᠎ᠡ ᠲᠡᠵᠢᠭᠡᠯ ᠤᠨ ᠲᠠᠳᠬᠠᠯ ᠲᠤᠩ ᠴᠢᠬᠤᠯᠠ ᠪᠠᠶᠢᠳᠠᠬ᠃ ᠵᠠᠩ ᠠᠭᠠᠰᠢ ᠨᠢ ᠳᠡᠭᠵᠢᠨ ᠬᠦᠮᠦᠨ ᠦᠳᠡ ᠶᠢᠨ ᠬᠤᠭᠤᠯᠠᠨ ᠤ ᠲᠠᠷᠠᠭ᠎ᠠ ᠵᠢᠭᠠᠬᠠᠨ ᠤᠡᠳᠠᠬᠤ ᠲᠣᠷᠠᠲᠠᠢ ᠪᠤᠶᠤ ᠺᠤᠹᠧ ᠤᠤᠭᠤᠬᠤ ᠳᠤᠷᠠᠳᠠᠢ ᠪᠠᠶᠢᠵᠤ᠂ ᠡᠨᠡ ᠨᠢ ᠲᠡᠳᠡᠨ ᠤ ᠲᠠᠷᠢᠬᠢ ᠶᠢ ᠨᠢ ᠤᠯᠠᠮ ᠰᠡᠷᠬᠡᠭ ᠪᠤᠯᠭᠠᠨ᠎ᠠ᠃ ᠬᠠᠷᠢᠨ ᠳᠡᠳᠡᠭᠡᠷ ᠪᠠᠭ᠎ᠠ ᠢᠳᠡᠵᠦ ᠢᠯᠡᠭᠦᠤ ᠬᠦᠳᠡᠯᠭᠡᠭᠡᠨ ᠬᠢᠳᠡᠭ ᠬᠦᠮᠦᠨ ᠪᠤᠶᠤ ᠦᠷᠭᠦᠯᠵᠢ ᠪᠤᠳᠠᠭ᠎ᠠ ᠢᠳᠡᠳᠡᠭ ᠦᠭᠡᠢ ᠬᠦᠮᠦᠨ ᠤ ᠴᠢᠰᠤᠨ ᠰᠢᠬᠢᠷ ᠨᠢ ᠵᠢᠭᠠᠬᠠᠨ ᠳᠤᠷᠤᠭᠰᠢᠯᠠᠪᠠᠯ᠂ ᠲᠠᠷᠢᠬᠢ ᠲᠤᠯᠤᠭᠠᠢ ᠨᠢ ᠰᠠᠶᠢᠨ ᠵᠠᠷᠤᠭᠳᠠᠬᠤ ᠦᠭᠡᠢ ᠪᠤᠯᠴᠢᠬᠠᠨ᠎ᠠ᠃  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号