ᠪᠤᠷᠤᠭᠤ ᠦᠵᠡᠴᠢᠬᠡᠯ᠎ᠡ︕ ᠳᠠᠬᠢᠭᠠᠳ︕ ᠨᠧ ᠵᠠ ᠰᠢᠭᠤᠶᠢᠲᠤ ᠶᠢ ᠳᠣᠩᠰᠤᠯᠭᠠᠨ᠎ᠠ
ᠨᠡᠶᠢᠲᠡᠯᠡᠭᠰᠡᠨ ᠴᠠᠭ᠄
2025/3/4
        ᠬᠡᠨ ᠡᠨᠡ ᠴᠠᠭᠠᠨ ᠰᠠᠷ᠎ᠠ ᠶᠢᠨ ︽ᠤᠯᠠᠭᠠᠨ ᠣᠷᠭᠢᠯ︾ ᠪᠤᠢ︖ ᠲᠣᠮᠣ ᠤᠲᠤᠭᠠᠨ ᠨᠢᠳᠦ ᠲᠠᠢ᠂ ᠨᠢᠭᠡ ᠠᠮᠠ ᠲᠤᠯᠠᠨ ᠵᠢᠭᠠᠰᠤᠨ ᠰᠢᠳᠦ ᠲᠠᠢ᠂ ᠳᠡᠭᠡᠷᠡᠮ ᠤᠨ ᠰᠦᠷ ᠲᠠᠢ ᠨᠧ ᠵᠠ ᠪᠣᠯᠬᠤ ᠨᠢ ᠯᠠᠪᠲᠠᠢ︕
图片21.png
         ᠶᠠᠭ ᠡᠨᠡ ᠡᠳᠦᠷ᠂ ᠰᠢᠳᠢᠲᠦ ᠰᠢᠭᠤᠶᠢᠲᠤ ᠨᠧ ᠵᠠ ᠶᠢ ᠤᠷᠢᠵᠤ ᠵᠡᠭᠦᠳᠦ ᠵᠡᠷᠭᠡᠯᠭᠡᠨ ᠮᠡᠲᠦ ᠬᠠᠮᠲᠤᠷᠠᠨ ᠬᠦᠳᠡᠯᠦᠯᠴᠡᠭᠦᠯᠪᠡ᠂ ᠬᠤᠷᠳᠤᠨ ᠢᠷᠡᠵᠦ ᠲᠡᠭᠦᠨ ᠤ ᠬᠠᠮᠢᠭ᠎ᠠ ᠬᠠᠮᠢᠭ᠎ᠠ ᠣᠴᠢᠬᠤ ᠶᠢ ᠦᠵᠡᠶ᠎ᠡ        ᠨᠢᠭᠡᠳᠦᠭᠡᠷ ᠦᠷᠲᠡᠭᠡ᠄ ︽ᠳ᠋ᠠ ᠹᠠ 1913︾ ᠣᠨᠴᠠᠯᠢᠭᠲᠤ ᠲᠡᠦᠬᠡ ᠰᠣᠶᠣᠯ ᠤᠨ ᠵᠡᠭᠡᠯᠢ ᠲᠣᠭᠤᠷᠢᠭ
图片22.png
         ᠵᠠᠭᠤ ᠰᠢᠬᠠᠮ ᠵᠢᠯ ᠤᠨ ᠲᠡᠦᠬᠡ ᠲᠠᠢ ᠨᠡᠭᠦᠷᠡᠰᠦᠨ ᠤ ᠠᠵᠤ ᠦᠢᠯᠡᠳᠪᠦᠷᠢ᠂ ᠲᠡᠮᠦᠷ ᠵᠠᠮ ᠪᠣᠯᠤᠨ ᠠᠮᠢᠳᠤᠷᠠᠯ ᠤᠨ ᠪᠠᠭᠤᠷᠢ ᠶᠢ ᠬᠠᠳᠠᠭᠠᠯᠠᠬᠤ ᠶᠢᠨ ᠬᠠᠮᠲᠤ ᠪᠠᠰᠠ ᠤᠳᠤ ᠦᠶ᠎ᠡ ᠶᠢᠨ ᠰᠢᠨ᠎ᠡ ᠶᠢ ᠡᠭᠦᠳᠬᠦ ᠡᠯᠧᠮᠧᠨ᠋ᠲ ᠢ ᠣᠷᠣᠭᠤᠯᠵᠤ᠂ ᠰᠢᠭᠤᠶᠢᠲᠤ ᠲᠣᠭᠤᠷᠢᠭ ᠤᠨ ᠬᠤᠪᠢᠰᠬᠠᠯ ᠤᠨ ᠰᠣᠶᠣᠯ ᠪᠣᠯᠤᠨ ᠠᠭᠤᠷᠬᠠᠢ ᠶᠢᠨ ᠰᠣᠶᠣᠯ ᠢ ᠲᠤᠩᠭᠠᠵᠤ᠂ ᠬᠤᠳᠠ ᠶᠢᠨ ᠪᠣᠯᠪᠠᠰᠤᠨ ᠤ ᠰᠤᠳᠠᠰᠤ ᠪᠣᠯᠤᠨ ᠲᠡᠦᠬᠡ ᠶᠢᠨ ᠳᠤᠷᠠᠰᠤᠮᠵᠢ ᠶᠢ ᠤᠯᠠᠮᠵᠢᠯᠠᠵᠤ ᠪᠤᠢ᠃ ᠡᠳᠦᠭᠡ ᠬᠠᠭᠤᠴᠢᠨ ᠠᠭᠤᠷᠬᠠᠢ ᠶᠢᠨ ᠲᠣᠭᠤᠷᠢᠭ ᠨᠢ ᠰᠢᠨ᠎ᠡ ᠵᠡᠭᠡᠯᠢ ᠲᠣᠭᠤᠷᠢᠭ ᠪᠣᠯᠤᠨ ᠬᠤᠪᠢᠷᠠᠵᠤ ᠲᠡᠦᠬᠡ ᠰᠣᠶᠣᠯ ᠢ ᠤᠯᠠᠮᠵᠢᠯᠠᠨ ᠵᠠᠯᠭᠠᠮᠵᠢᠯᠠᠭᠰᠠᠨ ᠮᠦᠷᠲᠡᠭᠡᠨ ᠨᠡᠩ ᠴᠤ ᠰᠢᠭᠤᠶᠢᠲᠤ ᠲᠣᠭᠤᠷᠢᠭ ᠤᠨ ᠥᠪᠡᠷᠮᠢᠴᠡ ᠲᠠᠲᠠᠬᠤ ᠬᠦᠴᠦᠨ ᠢ ᠢᠯᠡᠷᠡᠭᠦᠯᠵᠡᠢ᠃        ᠬᠤᠶᠠᠳᠤᠭᠠᠷ ᠦᠷᠲᠡᠭᠡ᠄ ᠯᠠᠮᠠ ᠶᠢᠨ ᠭᠤᠤᠯ ᠴᠡᠴᠡᠷᠯᠢᠭ
图片23.png
         ᠨᠢᠭᠡᠨ ᠬᠡᠰᠡᠭ ᠬᠤᠳᠠ ᠶᠢᠨ ᠴᠡᠴᠡᠷᠯᠢᠭ ᠤᠨ ᠵᠦᠯᠭᠡ ᠭᠠᠵᠠᠷ᠂ ᠶᠢᠷᠳᠢᠨᠴᠦ ᠶᠢᠨ ᠦᠢᠮᠡᠭᠡᠨ ᠲᠡᠪᠵᠢᠶᠡᠨ ᠠᠴᠠ ᠰᠠᠯᠵᠤ᠂ ᠬᠠᠪᠤᠷ ᠤᠨ ᠨᠣᠭᠤᠭᠠᠨ ᠥᠩᠭᠡ ᠴᠡᠯᠭᠡᠷᠡᠨ ᠪᠠᠳᠠᠷᠠᠵᠤ ᠠᠮᠢᠵᠢᠷᠠᠯ ᠤᠨ ᠬᠦᠴᠦᠨ ᠢᠶᠠᠷ ᠪᠢᠯᠬᠠᠨ᠎ᠠ᠃ ᠵᠤᠨ ᠵᠤᠨ ᠤ ᠬᠠᠯᠠᠭᠤᠨ ᠮᠠᠰᠢ ᠬᠤᠷᠳᠤᠨ ᠠᠷᠢᠯᠤᠨ᠎ᠠ᠂ ᠬᠤᠷᠳᠤᠨ ᠢᠷᠡᠵᠦ ᠪᠡᠶ᠎ᠡ ᠰᠡᠳᠭᠢᠯ ᠢᠶᠠᠨ ᠲᠠᠶᠢᠪᠤᠰᠢᠷᠠᠭᠤᠯᠤᠭᠠᠷᠠᠢ ~ᠬᠤᠲᠠ ᠶᠢᠨ ᠦᠢᠮᠡᠭᠡᠨ ᠳᠡᠪᠵᠢᠶᠡᠨ ᠳᠤᠮᠳᠠ ᠶᠠᠳᠠᠷᠠᠵᠤ ᠵᠦᠳᠡᠷᠡᠭᠰᠡᠨ ᠰᠡᠳᠬᠢᠯ ᠢᠶᠠᠨ ︽ᠴᠡᠨᠡᠭᠯᠡᠵᠦ︾᠂ ︽ᠴᠡᠴᠡᠷᠯᠢᠭ ᠤᠨ ᠬᠤᠷᠢᠨ ᠮᠢᠨᠦ᠋ᠲ ᠤᠨ ᠨᠥᠯᠥᠭᠡ︾ ᠶᠢ ᠲᠠᠶᠢᠪᠤᠩ ᠬᠦᠯᠢᠶᠡᠭᠡᠷᠡᠢ        ᠭᠤᠷᠪᠠᠳᠤᠭᠠᠷ ᠥᠷᠲᠡᠭᠡ᠄ ᠪᠡᠳᠭᠡᠷ ᠰᠦᠮ᠎ᠡ
图片24.png
         ᠤᠳᠠ ᠭᠡᠳᠡᠭ ᠨᠢ ᠮᠣᠩᠭᠤᠯ ᠦᠭᠡᠨ ᠳᠤ ︽ᠤᠳᠠ ᠮᠣᠳᠣ︾ ᠶᠢ ᠵᠢᠭᠠᠨ᠎ᠠ᠂ ︽ᠰᠦᠮ᠎ᠡ ᠬᠡᠶᠢᠳ︾ ᠭᠡᠰᠡᠨ ᠤᠳᠬ᠎ᠠ ᠲᠠᠢ᠂ ᠤᠳᠠ ᠵᠣᠣ ᠶᠢᠨ ᠤᠤᠯ ᠨᠡᠷ᠎ᠡ ᠨᠢ ᠪᠠᠳᠺᠠᠷ ᠰᠦᠮ᠎ᠡ ᠭᠡᠳᠡᠭ᠂ ᠲᠥᠪᠡᠳ ᠦᠭᠡ ︽ᠪᠠᠳᠺᠠᠷ ︾ ᠨᠢ ︽ᠴᠠᠭᠠᠨ ᠯᠢᠩᠬᠤᠸ᠎ᠠ︾ ᠭᠡᠰᠡᠨ ᠤᠳᠬ᠎ᠠ ᠲᠠᠢ᠂ ᠤᠳᠠ ᠶᠢᠨ ᠭᠤᠣᠯ ᠤᠨ ᠣᠪᠣᠭ᠎ᠠ ᠠᠭᠤᠯᠠ ᠶᠢᠨ ᠠᠭᠤᠯᠠᠨ ᠪᠡᠯ ᠳᠡᠭᠡᠷ᠎ᠡ ᠪᠠᠶᠢᠭᠤᠯᠤᠭᠰᠠᠨ ᠠᠴᠠ ᠲᠡᠭᠦᠨ ᠢ ᠪᠠᠳᠺᠠᠷ ᠰᠦᠮ᠎ᠡ ᠭᠡᠳᠡᠭ᠃        ᠬᠦᠬᠡ ᠤᠭᠳᠠᠷᠭᠤᠢ ᠶᠢᠨ ᠳᠤᠰᠬᠠᠯ ᠳᠣᠣᠷ᠎ᠠ᠂  ᠳᠠᠯᠠᠨ ᠬᠠᠷ᠎ᠠ ᠠᠭᠤᠯᠠᠨ ᠳᠠᠭᠠᠤ ᠪᠠᠶᠢᠭᠤᠯᠤᠭᠰᠠᠨ ᠰᠦᠮ᠎ᠡ ᠭᠡᠶᠢᠳ ᠤᠨ ᠪᠦᠬᠦᠯᠢ ᠪᠠᠷᠢᠯᠭ᠎ᠠ ᠨᠢ ᠲᠡᠭᠰᠢ ᠤᠷᠤᠢ ᠲᠠᠢ ᠲᠦᠷᠪᠡᠯᠵᠢᠨ ᠠᠰᠠᠷ᠂ ᠪᠦᠬᠦ ᠪᠡᠶ᠎ᠡ ᠨᠢ ᠴᠠᠭᠠᠨ᠂ ᠨᠠᠷᠠᠨ ᠤ ᠭᠡᠷᠡᠯ ᠨᠢᠳᠦ ᠭᠢᠯᠠᠯᠵᠠᠮ᠎ᠠ ᠰᠠᠶᠢᠬᠠᠨ᠃ᠬᠤᠷᠳᠤᠨ ᠬᠡᠷ ᠤᠨ ᠬᠦᠮᠦᠰ᠂ ᠨᠠᠶᠢᠵᠠ ᠨᠠᠷ ᠲᠠᠢ ᠪᠠᠨ ᠬᠠᠮᠳᠤ ᠲᠠᠯ᠎ᠠ ᠨᠤᠳᠤᠭ ᠤᠨ ᠵᠢᠵᠢᠭ ᠪᠤᠳᠠᠯᠠ ᠤᠷᠳᠤᠨ —  ᠪᠠᠳᠺᠠᠷ ᠰᠦᠮ᠎ᠡ ᠳᠤ ᠢᠷᠡᠭᠡᠷᠡᠢ᠃        ᠳᠥᠷᠪᠡᠳᠦᠭᠡᠷ ᠥᠷᠲᠡᠭᠡ᠄ ᠬᠤᠸᠠᠷ ᠪᠥᠵᠢᠭ ᠤᠨ ᠶᠢᠷᠳᠢᠨᠴᠦ
图片25.png
         ᠬᠠᠪᠤᠷ ᠤᠨ ᠬᠦᠯᠡᠮᠵᠢ ᠳᠤ ᠵᠤᠨ ᠤ ᠠᠭᠤᠷ ᠠᠮᠢᠰᠬᠤᠯ ᠪᠢᠯᠬᠠᠨ᠎ᠠ᠂ ᠪᠠᠰᠠ ᠨᠢᠭᠡ ᠨᠠᠮᠤᠷ ᠡᠪᠦᠯ ᠦᠩᠬᠡᠷᠡᠨ᠎ᠡ ᠃ ᠪᠢᠳᠡ ᠬᠠᠪᠤᠷ ᠳᠤᠯᠠᠭᠠᠨᠲᠤ ᠴᠡᠴᠡᠭ ᠳᠡᠯᠭᠡᠷᠡᠬᠦ ᠦᠶ᠎ᠡ ᠳᠤ ᠬᠠᠪᠤᠷ ᠤᠨ ᠠᠭᠤᠷ ᠠᠮᠢᠰᠬᠤᠯ ᠢ ᠭᠦᠢᠴᠡᠳ ᠰᠣᠨᠢᠷᠬᠠᠵᠤ᠂ ᠬᠠᠪᠤᠷ ᠤᠨ ᠥᠩᠭᠡ ᠢᠯᠭᠠᠷᠠᠮ᠎ᠠ ᠬᠦᠰᠢᠭᠡ ᠶᠢ ᠨᠡᠭᠡᠭᠡᠵᠦ᠂ ᠡᠷᠲᠡᠨ ᠤ ᠰᠢᠯᠦᠭ ᠳᠠᠭᠤᠯᠠᠯ ᠳᠤ ᠵᠢᠷᠤᠵᠤ ᠲᠥᠯᠥᠪᠯᠡᠭᠰᠡᠨ ᠬᠠᠪᠤᠷ ᠤᠨ ᠠᠭᠤᠷ ᠠᠮᠢᠰᠬᠤᠯ  ᠢ ᠨᠢᠳᠦᠨ ᠳᠤ ᠪᠠᠨ ᠬᠤᠷᠢᠶᠠᠶ᠎ᠠ᠃        ᠲᠠᠪᠤᠳᠤᠭᠠᠷ ᠥᠷᠲᠡᠭᠡ᠄ ᠪᠤᠭᠤᠲᠤ ᠶᠢᠨ ᠡᠷᠲᠡᠨ ᠤ ᠬᠤᠲᠠ
图片26.png
         ᠪᠤᠭᠤᠲᠤ ᠶᠢᠨ ᠡᠷᠲᠡᠨ ᠤ ᠬᠤᠲᠠ ᠶᠢᠨ ᠦᠵᠡᠮᠵᠢ ᠶᠢᠨ ᠣᠷᠣᠨ ᠨᠢ ᠬᠠᠭᠤᠴᠢᠨ ᠪᠤᠭᠤᠲᠤ ᠶᠢᠨ ᠪᠠᠷᠢᠯᠭ᠎ᠠ ᠶᠢᠨ ᠳᠦᠷᠰᠦ ᠪᠠᠶᠢᠳᠠᠯ ᠢ ᠢᠯᠡᠷᠡᠭᠦᠯᠵᠦ᠂ ᠲᠡᠦᠬᠡ ᠶᠢᠨ ᠢᠮ ᠲᠡᠮᠳᠡᠭ ᠪᠣᠯᠤᠨ ᠣᠳᠣ ᠦᠶ᠎ᠡ ᠶᠢᠨ ᠠᠭᠤᠰᠤᠯᠴᠠᠭ᠎ᠠ ᠪᠣᠯᠤᠨ᠎ᠠ᠃ ︽ᠪᠠᠷᠠᠭᠤᠨ ᠬᠤᠶᠢᠲᠤ ᠶᠢᠨ ᠵᠠᠩ ᠦᠢᠯᠡ ᠳᠤ ᠬᠠᠭᠤᠴᠢᠨ ᠪᠤᠭᠤᠲᠤ ᠶᠢᠨ ᠰᠣᠶᠣᠯ ᠢ ᠳᠠᠬᠢᠨ ᠢᠯᠡᠷᠡᠭᠦᠯᠦᠶ᠎ᠡ︾ᠰᠦᠨᠢ ᠪᠠᠷ ᠡᠷᠲᠡᠨ ᠤ ᠬᠤᠲᠠ ᠪᠠᠷ ᠵᠣᠷᠴᠢᠬᠤ ᠨᠢ ᠬᠠᠴᠢᠨ ᠰᠠᠶᠢᠬᠠᠨ᠃ ᠳ᠋ᠧᠩ ᠤᠨ ᠭᠡᠷᠡᠯ ᠢᠶᠠᠷ ᠰᠦᠯᠵᠢᠭᠰᠡᠨ ᠰᠦᠨᠢ ᠶᠢᠨ ᠦᠵᠡᠮᠵᠢ ᠨᠢ ᠭᠡᠷᠡᠯ ᠰᠠᠴᠤᠷᠠᠭᠰᠠᠨ ᠳᠠᠯᠠᠢ ᠲᠠᠩᠭᠢᠰ ᠮᠡᠲᠦ ᠬᠦᠮᠦᠰ ᠢ ᠰᠣᠭᠲᠤᠷᠠᠭᠤᠯᠤᠨ᠎ᠠ᠃        ᠵᠢᠷᠭᠤᠳᠤᠭᠠᠷ ᠥᠷᠲᠡᠭᠡ᠄ ᠳᠠᠯᠠᠨ ᠬᠠᠷ᠎ᠠ ᠠᠭᠤᠯᠠ ᠶᠢᠨ ᠴᠡᠷᠢᠭ ᠤᠨ ᠶᠠᠪᠤᠳᠠᠯ᠂ ᠠᠵᠤ ᠦᠢᠯᠡᠳᠪᠦᠷᠢ ᠶᠢᠨ ᠺᠢᠨᠣ᠋ ᠲᠧᠯᠸᠢᠰ ᠤᠨ ᠰᠠᠭᠤᠷᠢᠨ ᠭᠠᠵᠠᠷ
图片27.png
         ᠳᠠᠯᠠᠨ ᠬᠠᠷ᠎ᠠ ᠠᠭᠤᠯᠠ ᠶᠢᠨ ᠴᠡᠷᠢᠭ ᠤᠨ ᠶᠠᠪᠤᠳᠠᠯ᠂ ᠠᠵᠤ ᠦᠢᠯᠡᠳᠪᠦᠷᠢ ᠶᠢᠨ ᠺᠢᠨᠣ᠋ ᠲᠧᠯᠸᠢᠰ ᠤᠨ ᠰᠠᠭᠤᠷᠢᠨ ᠭᠠᠵᠠᠷ ᠨᠢ ᠥᠪᠡᠷᠮᠢᠴᠡ ᠣᠨᠴᠠᠯᠢᠭ ᠲᠠᠢ ᠴᠡᠷᠢᠭ ᠤᠨ ᠠᠵᠤ ᠦᠢᠯᠡᠳᠪᠦᠷᠢ᠂ ᠠᠭᠤᠷᠬᠠᠶ᠂ ᠠᠵᠤ ᠦᠢᠯᠡᠳᠪᠦᠷᠢ ᠵᠡᠷᠭᠡ ᠰᠣᠶᠣᠯ ᠤᠨ ᠤᠳᠤᠮᠰᠢᠯ ᠲᠠᠢ ᠨᠢᠭᠲᠠ ᠤᠶᠠᠯᠳᠤᠭᠤᠯᠤᠨ ᠰᠢᠭᠤᠶᠢᠲᠤ ᠲᠣᠭᠤᠷᠢᠭ ᠤᠨ ᠲᠡᠦᠬᠡ ᠰᠣᠶᠣᠯ ᠪᠣᠯᠤᠨ ᠡᠬᠢ ᠪᠠᠶᠠᠯᠢᠭ ᠤᠨ ᠳᠠᠪᠠᠭᠤᠯᠢᠭ ᠢ ᠭᠦᠢᠴᠡᠳ ᠪᠠᠳᠠᠷᠠᠭᠤᠯᠵᠤ᠂ ᠵᠠᠭᠤᠨ ᠵᠢᠯ ᠤᠨ ᠲᠡᠮᠦᠷ ᠵᠠᠮ᠂ ᠬᠠᠭᠤᠴᠢᠨ ᠢ ᠳᠤᠷᠠᠰᠤᠨ ᠰᠠᠨᠠᠭᠠᠯᠵᠠᠬᠤ ᠠᠭᠤᠯᠠᠨ ᠬᠤᠲᠠ ᠪᠣᠯᠤᠨ ᠬᠤᠪᠢᠰᠬᠠᠯ ᠤᠨ ᠵᠢᠵᠢᠭ ᠪᠠᠯᠭᠠᠰᠤ ᠵᠡᠷᠭᠡ ᠭᠤᠷᠪᠠᠨ ᠭᠤᠤᠯ ᠰᠡᠳᠦᠪᠲᠦ ᠪᠦᠲᠦᠭᠡᠭᠳᠡᠬᠦᠨ ᠢᠶᠠᠷ ᠲᠥᠪ ᠪᠣᠯᠭᠠᠨ ᠪᠦᠬᠦ ᠤᠯᠤᠰ ᠤᠨ ᠴᠢᠬᠤᠯᠠ ᠴᠡᠷᠢᠭ ᠤᠨ ᠶᠠᠪᠤᠳᠠᠯ ᠤᠨ ᠳᠠᠶᠢᠨ᠂ ᠠᠵᠤ ᠦᠢᠯᠡᠳᠪᠦᠷᠢ ᠶᠢᠨ ᠠᠭᠤᠷᠬᠠᠶ ᠵᠢᠴᠢ ᠴᠠᠭ ᠦᠶ᠎ᠡ ᠶᠢᠨ ᠰᠢ ᠺᠢᠨᠣ᠋ ᠲᠧᠯᠸᠢᠰ ᠤᠨ ᠰᠠᠭᠤᠷᠢᠨ ᠭᠠᠵᠠᠷ ᠢ ᠪᠠᠶᠢᠭᠤᠯᠪᠠ᠃ ︽ᠤᠮᠠᠷᠠᠲᠤ ᠣᠷᠣᠨ ᠤ ᠡᠬᠡ ᠭᠠᠵᠠᠷ︾ ︽ᠬᠠᠪᠤᠷ ᠤᠨ ᠠᠭᠤᠷ ᠣᠷᠣᠬᠤ︾᠂ ︽ᠰᠠᠬᠢᠨ ᠬᠦᠯᠢᠶᠡᠬᠦ︾᠂ ︽ᠴᠠᠶᠢᠯᠭᠠᠨ ᠴᠠᠭᠠᠨ︾ ᠵᠡᠷᠭᠡ ᠣᠯᠠᠨ ᠺᠢᠨᠣ᠋ ᠲᠧᠯᠸᠢᠰ ᠤᠨ ᠪᠦᠲᠦᠭᠡᠯ ᠨᠢ ᠤᠷᠢᠳ ᠬᠤᠵᠢᠳ ᠠᠳᠡ ᠠᠴᠠ ᠦᠵᠡᠮᠵᠢ ᠠᠪᠤᠪᠠ᠃        ᠳᠣᠯᠣᠳᠤᠭᠠᠷ ᠥᠷᠲᠡᠭᠡ᠄ ᠴᠢᠩ ᠱᠠᠨ ᠲᠣᠰᠬᠤᠨ
图片28.png
         ᠳᠠᠯᠠᠨ ᠬᠠᠷ᠎ᠠ ᠠᠭᠤᠯᠠ ᠶᠢᠨ ᠡᠮᠦᠨ᠎ᠡ ᠪᠡᠯ ᠤᠨ ᠳᠣᠲᠤᠷ᠎ᠠ ᠭᠠᠵᠠᠷ ᠪᠠᠶᠢᠷᠢᠰᠢᠵᠤ ᠪᠠᠶᠢᠭ᠎ᠠ ᠣᠢ ᠰᠢᠭᠤᠢ ᠪᠠᠷ ᠢᠭᠴᠤ ᠰᠠᠬᠤᠯᠢᠭ ᠥᠪᠡᠷᠲᠡᠭᠡᠨ ᠵᠠᠰᠠᠬᠤ ᠣᠷᠣᠨ ᠤ ᠭᠤᠣᠯᠳᠠᠯᠭ᠎ᠠ ᠲᠠᠢ ᠵᠢᠭᠤᠯᠴᠢᠯᠠᠯ ᠤᠨ ᠲᠣᠰᠬᠤᠨ᠂ ᠪᠤᠭᠤᠲᠤ ᠬᠤᠲᠠ ᠶᠢᠨ ᠪᠣᠯᠪᠠᠰᠤᠨ ᠲᠣᠰᠬᠤᠨ ᠪᠠᠯᠭᠠᠰᠤ ᠶᠢᠨ ᠴᠣᠯᠠ ᠪᠦᠬᠦᠢ ᠴᠢᠩ ᠱᠠᠨ ᠲᠣᠰᠬᠤᠨ ᠃        ᠠᠳᠡ ᠤᠯᠠᠮᠵᠢᠯᠠᠯᠲᠤ ᠲᠣᠰᠬᠤᠨ ᠤ ᠳᠦᠷᠰᠦ ᠪᠠᠶᠢᠳᠠᠯ ᠪᠦᠬᠦᠢ ᠴᠢᠯᠠᠭᠤᠨ ᠭᠡᠷ ᠪᠠᠶᠢᠰᠢᠩ ᠪᠠ ᠨᠦᠬᠡᠨ ᠭᠡᠷ ᠤᠨ ᠪᠠᠷᠢᠯᠭ᠎ᠠ ᠵᠠᠭᠤ ᠰᠢᠬᠠᠮ ᠲᠠᠰᠤᠯᠭ᠎ᠠ ᠲᠠᠢ᠂ ᠬᠥᠳᠡᠭᠡ ᠲᠣᠰᠬᠤᠨ ᠤ ᠵᠢᠭᠤᠯᠴᠢᠯᠠᠯ ᠪᠠ ᠤᠷᠠᠨ ᠵᠢᠷᠤᠭ ᠤᠨ ᠪᠢᠴᠢᠭᠴᠢᠳ ᠤᠨ ᠲᠡᠷᠢᠭᠦᠨ ᠰᠣᠩᠭᠤᠯᠲᠠ ᠶᠢᠨ ᠭᠠᠵᠠᠷ ᠪᠣᠯᠤᠨ᠎ᠠ᠃ ᠨᠠᠩ ᠴᠤ ︽ᠮᠤᠨᠢ ᠠᠭᠤᠯᠠ ᠶᠢᠨ ᠲᠠᠷᠢᠶᠠᠯᠠᠩ · ᠥᠩᠭᠡᠲᠦ ᠡᠭᠡᠰᠢᠭ ᠬᠥᠬᠡ ᠠᠭᠤᠯᠠ︾ ᠪᠠᠷ ᠳᠦᠷᠢ ᠲᠥᠷᠬᠦ ᠶᠢᠨ IP ᠪᠠ ᠠᠵᠤ ᠦᠢᠯᠡᠰ ᠤᠨ ᠪᠠᠶᠢᠷᠢ ᠲᠣᠭᠲᠠᠭᠠᠯᠲᠠ ᠶᠢᠨ ᠴᠣᠭᠴᠠᠯᠠᠯᠲᠠ ᠶᠢᠨ ᠣᠯᠠᠨ ᠡᠵᠡᠩᠨᠡᠯᠲᠡ ᠶᠢᠨ ᠬᠡᠯᠪᠡᠷᠢ ᠪᠠᠶᠢᠳᠠᠯ ᠤᠨ ᠠᠵᠤ ᠦᠢᠯᠡᠰ ᠤᠨ ᠬᠥᠭᠵᠢᠯᠲᠡ ᠶᠢᠨ ᠠᠷᠭ᠎ᠠ ᠵᠠᠮ ᠲᠠᠢ ᠪᠠᠶᠢᠳᠠᠭ᠂ ᠴᠢᠨᠦ ᠺᠠᠷᠲᠯᠠᠬᠤ ᠪᠠᠷ ᠢᠷᠡᠬᠦ ᠶᠢ ᠬᠦᠯᠢᠶᠡᠵᠦ ᠪᠠᠶᠢᠨ᠎ᠠ᠃        ᠨᠠᠢᠮᠠᠳᠤᠭᠠᠷ ᠥᠷᠲᠡᠭᠡ᠄ ᠵᠣᠣ ᠤᠯᠤᠰ ᠤᠨ ᠤᠮᠠᠷᠠᠲᠤ ᠣᠷᠳᠣ ᠴᠠᠭᠠᠨ ᠬᠡᠷᠡᠮ ᠤᠨ ᠪᠠᠭᠤᠷᠢ
图片29.png
         ᠤᠷᠲᠤ ᠴᠠᠭᠠᠨ ᠬᠡᠷᠡᠮ ᠢ ᠬᠠᠩᠳᠠᠭᠰᠠᠨ ᠰᠢᠷᠤᠢ ᠪᠠᠷ ᠪᠠᠷᠢᠪᠠ᠂ ᠳᠡᠰ ᠳᠠᠪᠬᠤᠷᠭ᠎ᠠ ᠨᠢ ᠮᠠᠰᠢ ᠲᠣᠳᠣᠷᠬᠠᠢ᠃ ᠥᠨᠳᠥᠷ ᠲᠤ ᠭᠠᠷᠪᠠᠯ ᠤᠷᠲᠤ ᠴᠠᠭᠠᠨ ᠬᠡᠷᠡᠮ ᠤᠨ ᠪᠠᠭᠤᠷᠢ ᠪᠠᠶᠢᠨ ᠳᠠᠬᠢᠨ ᠢᠯᠡᠷᠡᠨ᠎ᠡ᠃ ᠬᠤᠶᠠᠷ ᠦᠵᠦᠭᠦᠷ ᠨᠢ ᠪᠠᠷ᠎ᠠ ᠦᠭᠡᠢ᠂ ᠬᠤ ᠬᠤᠪᠴᠠᠰᠤ ᠡᠮᠦᠰᠴᠦ ᠨᠠᠮᠠᠨᠴᠢᠯᠠᠨ ᠬᠠᠷᠪᠤᠬᠤ ᠲᠠᠯᠠᠪᠠᠶ ᠶᠢᠨ ᠬᠠᠵᠠᠭᠤᠳᠠᠬᠢ ᠳᠣᠪᠣᠴᠠᠭ ᠳᠡᠭᠡᠷ᠎ᠡ᠂ ᠵᠣᠣ ᠡᠦ ᠯᠢᠩ ᠸᠠᠩ ᠤᠨ ᠮᠣᠷᠢ ᠣᠷᠤᠯᠳᠤᠵᠤ ᠨᠣᠮᠤ ᠬᠠᠷᠪᠤᠬᠤ ᠱᠤᠭᠤᠮᠠᠯ ᠲᠠᠨ ᠤ ᠠᠳᠡ ᠢᠷᠡᠵᠦ ᠰᠦᠷᠯᠢᠭ ᠦᠵᠡᠮᠵᠢ ᠶᠢ ᠰᠣᠨᠢᠷᠬᠠᠬᠤ ᠶᠢ ᠬᠦᠯᠢᠶᠡᠵᠦ ᠪᠤᠢ᠃  
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号