︽ᠠᠬᠤᠢ ᠭᠠᠵᠠᠷ ᠤᠨ ᠵᠢᠷᠤᠭ︾ ᠰᠢᠭᠤᠶᠢᠲᠤ ᠲᠣᠭᠤᠷᠢᠭ ᠤᠨ ᠬᠠᠭᠤᠳᠠᠰᠤ ᠰᠢᠨᠡᠴᠢᠯᠡᠭᠳᠡᠯ᠎ᠡ ~ ᠬᠠᠮᠤᠭ ᠤᠨ ᠲᠦᠷᠦᠭᠦᠨ ᠳᠤ ᠰᠠᠭᠤᠭᠰᠠᠨ ᠵᠢᠷᠤᠭᠴᠢᠨ ︽ᠴᠠᠰᠤᠨ ᠳᠤᠮᠳᠠᠬᠢ ᠪᠠᠳᠺᠠᠷ‌‍ᠰᠦ᠋ᠮ᠎ᠡ︾ ᠶᠢ ᠵᠢᠷᠤᠭᠯᠠᠪᠠ
ᠨᠡᠶᠢᠲᠡᠯᠡᠭᠰᠡᠨ ᠴᠠᠭ᠄
2025/2/18
ᠬᠡᠷᠪᠡ ᠵᠠᠪᠰᠢᠶᠠᠨ ᠲᠠᠢ ᠪᠣᠯᠲᠠ ᠶᠠᠮᠠᠷ ᠠᠷᠭ᠎ᠠ ᠶᠢ ᠬᠡᠷᠡᠭᠯᠡᠵᠦᠰᠢᠭᠤᠶᠢᠲᠤ ᠶᠢᠨ ᠲᠤᠬᠠᠢ ᠶᠠᠷᠢᠬᠤ ᠪᠣᠢᠭᠡᠷᠡᠯ ᠵᠢᠷᠤᠭ᠂ ᠦᠰᠦᠭ ᠪᠢᠴᠢᠭ ᠂ ᠡᠰᠡᠬᠦᠯ᠎ᠡ ᠁         ᠳᠠᠯᠠᠢ ᠶᠢᠨ ᠲᠦᠪᠰᠢᠨ‌ᠡᠴᠠ 2071 ᠮᠧᠲᠷ ᠡᠷᠭᠦᠭᠳᠡᠭᠰᠡᠨ ᠪᠠᠳᠺᠠᠷ ᠰᠦᠮ᠎ᠡ ᠳᠤ ᠂ ᠨᠢᠭᠡᠨ ᠵᠠᠯᠠᠭᠤ ᠵᠢᠷᠤᠭᠴᠢᠨ ᠶᠠᠭ ᠰᠠᠶᠢᠬᠠᠨ ᠠᠭᠤᠯᠠᠨ ᠳᠤᠮᠳᠠ ᠵᠣᠭᠰᠣᠨ ᠳᠤᠷ᠎ᠠ ᠵᠣᠷᠢᠭ ᠢᠶᠠᠷ ᠢᠶᠠᠨ ᠥᠩᠭᠡᠯᠡᠨ ᠪᠤᠳᠤᠭᠯᠠᠨ᠎ᠠ᠂ ᠲᠡᠷᠡ ᠨᠠᠷᠢᠯᠢᠭ ᠰᠠᠶᠢᠬᠠᠨ ᠲᠣᠰᠣᠨ ᠪᠣᠳᠤᠭ ᠪᠠ ᠲᠤᠶᠢᠯ ᠤᠨ ᠣᠬᠢ ᠰᠠᠶᠢᠨ ᠪᠢᠷ ᠢᠶᠠᠷ ᠨᠢᠳᠦᠨ ᠡᠮᠦᠨᠡᠬᠢ ᠦᠪᠡᠳᠡᠭᠰᠢ ᠪᠠᠶᠢᠳᠠᠯ ᠢ ᠵᠢᠷᠤᠭᠯᠠᠵᠤ᠂ ᠮᠠᠨᠵᠤᠱᠠᠺᠠ ᠴᠡᠴᠡᠭ ᠤᠨ ᠯᠠᠪᠰᠯᠠᠯᠲᠠ ᠳᠤᠮᠳᠠ᠂ ᠨᠠᠮ ᠭᠦᠮ ᠡᠶᠡᠪᠡᠷᠭᠦᠦ ᠪᠠᠳᠺᠠᠷ ᠰᠦᠮ᠎ᠡ ᠨᠢ ᠵᠢᠷᠤᠭ ᠤᠨ ᠪᠥᠰ ᠳᠡᠭᠡᠷ᠎ᠡ ᠥᠪᠡᠷᠮᠢᠴᠡ ᠲᠠᠲᠠᠬᠤ ᠬᠦᠴᠦᠨ ᠰᠠᠴᠤᠷᠠᠭᠤᠯᠤᠨ᠎ᠠ᠃
图片11.png
        ᠡᠨᠡ ᠪᠣᠯ ᠪᠡᠭᠡᠵᠢᠩ ᠶᠢᠨ ᠶᠢᠨ ᠱᠠᠩ ᠢ ᠤᠷᠠᠯᠢᠭ ᠤᠨ ᠰᠠᠭᠤᠷᠢ ᠮᠥᠩᠭᠦᠨ ᠤ ᠨᠡᠶᠢᠭᠡᠮᠯᠢᠭ ᠤᠨ ᠵᠠᠯᠠᠭᠤ ᠤᠷᠠᠯᠢᠭᠴᠢᠨ ᠪᠤᠭᠤᠲᠤ ᠳᠤ ᠰᠠᠭᠤᠭ᠎ᠠ ᠲᠦᠷᠦᠯ ᠵᠦᠢᠯ ᠤᠨ ᠬᠠᠮᠤᠭ ᠲᠦᠷᠦᠭᠦᠨ ᠳᠤ ᠪᠤᠭᠤᠲᠤ ᠳᠤ ᠲᠣᠮᠢᠯᠠᠭᠳᠠᠨ ᠰᠠᠭᠤᠭᠰᠠᠨ ᠵᠠᠯᠠᠭᠤ ᠵᠢᠷᠤᠭᠴᠢᠨ ᠹᠦ᠋ ᠴᠠ ᠳ᠋ᠠᠨ ᠴᠢᠩ ᠪᠣᠯᠤᠨ᠎ᠠ᠃ ᠣᠶᠢᠯᠠᠭᠠᠭᠰᠠᠨ ᠢᠶᠠᠷ᠂ ᠲᠣᠰ ᠲᠥᠷᠥᠯ ᠵᠦᠢᠯ ᠢ ᠪᠤᠭᠤᠲᠤ ᠬᠤᠲᠠ ᠶᠢᠨ ᠰᠣᠶᠣᠯ ᠵᠢᠭᠤᠯᠴᠢᠯᠠᠯ ᠤᠨ ᠪᠦᠯᠦᠭᠯᠡᠯ ᠪᠣᠯᠤᠨ ᠪᠡᠭᠡᠵᠢᠩ  ᠤᠨ ᠶᠢᠨ ᠱᠠᠩ ᠢ ᠰᠠᠭᠤᠷᠢ ᠮᠥᠩᠭᠦᠨ ᠤ ᠨᠡᠶᠢᠭᠡᠮᠯᠢᠭ ᠠᠴᠠ ᠬᠠᠮᠲᠤᠷᠠᠯᠴᠠᠭᠠᠨ ᠤ ᠵᠥᠪᠯᠡᠯᠴᠡᠭᠡᠷ ᠲᠣᠭᠲᠠᠵᠤ᠂ 2024 ᠣᠨ ᠤ 12 ᠳ᠋ᠤᠭᠠᠷ ᠰᠠᠷ᠎ᠠ ᠶᠢᠨ 26 ᠤ ᠡᠳᠦᠷ ᠵᠢᠩᠬᠢᠨᠢ ᠪᠠᠷ ᠡᠬᠢᠯᠡᠭᠦᠯᠵᠦ᠂ ᠹᠦ᠋ ᠴᠠ ᠳ᠋ᠠᠨ ᠴᠢᠩ ᠨᠢᠭᠡ ᠰᠠᠷ᠎ᠠ ᠲᠥᠪᠯᠡᠷᠡᠭᠦᠯᠦᠨ ᠠᠳᠡ ᠤᠷᠠᠯᠢᠭ ᠤᠨ ᠵᠣᠬᠢᠶᠠᠨ ᠪᠦᠲᠦᠭᠡᠯᠭᠡ ᠬᠢᠬᠦ ᠪᠣᠯᠤᠨ᠎ᠠ᠃ ᠲᠦᠷᠦᠭᠦᠬᠡᠨ᠂ ᠪᠡᠭᠡᠵᠢᠩ  ᠤᠨ  ᠶᠢᠨ ᠱᠠᠩ ᠢ ᠤᠷᠠᠯᠢᠭ  ᠤᠨ ᠰᠠᠭᠤᠷᠢ ᠮᠥᠩᠭᠦᠨ  ᠤ ᠨᠡᠶᠢᠭᠡᠮᠯᠢᠭ ᠤᠨ ᠵᠠᠯᠠᠭᠤ ᠵᠢᠷᠤᠭᠴᠢᠨ ᠰᠢᠭᠤᠶᠢᠲᠤ ᠳᠤ ᠬᠦᠷᠴᠦ᠂ ᠲᠡᠭᠦᠨ  ᠤ ᠨᠢᠭᠡ ᠭᠠᠷᠠᠭ  ᠤᠨ ᠬᠤᠭᠤᠴᠠᠭᠠᠲᠤ ︽ ᠰᠢᠭᠤᠶᠢᠲᠤ ᠳᠠᠬᠢ ᠠᠶᠠᠯᠠᠯ︾ ᠢᠶᠠᠨ ᠡᠬᠢᠯᠡᠭᠦᠯᠪᠡ ᠃
图片12.png
        ᠡᠷᠲᠡᠨ ᠤ ᠵᠡᠭᠡᠯᠢ ᠭᠤᠳᠤᠮᠵᠢ ᠠᠴᠠ ᠦᠢᠯᠡᠳᠪᠦᠷᠢ ᠶᠢᠨ ᠲᠠᠰᠤᠭ ᠬᠦᠷᠲᠡᠯ᠎ᠡ᠂ ᠥᠷᠭᠡᠨ ᠠᠭᠤᠳᠠᠮ ᠲᠠᠯ᠎ᠠ ᠨᠤᠲᠤᠭ ᠠᠴᠠ ᠬᠠᠲᠤᠨ ᠭᠤᠣᠯ ᠤᠨ ᠡᠷᠭᠢ ᠬᠦᠷᠲᠡᠯ᠎ᠡ᠂ ᠡᠨᠡ ᠬᠦ ᠵᠠᠯᠠᠭᠤ ᠵᠢᠷᠤᠭᠴᠢᠨ ᠵᠢᠷᠤᠭ  ᠤᠨ ᠪᠢᠷ ᠢᠶᠠᠷ ᠪᠤᠭᠤᠲᠤ ᠶᠢᠨ ᠢᠮᠠᠬᠤ ᠭᠠᠵᠠᠷ ᠪᠦᠷᠢ ᠳᠤ ᠭᠦᠨᠵᠡᠭᠡᠶᠢᠷᠡᠨ᠂ ᠣᠷᠣᠨ ᠨᠤᠲᠤᠭ ᠤᠨ ᠣᠯᠠᠨ ᠡᠰᠢᠲᠦ ᠰᠣᠶᠣᠯ  ᠤᠨ ᠲᠠᠲᠠᠬᠤ ᠬᠦᠴᠦᠨ ᠪᠠ ᠴᠠᠭ ᠦᠶ᠎ᠡ ᠶᠢᠨ ᠥᠩᠭᠡ ᠲᠥᠷᠬᠦ ᠶᠢ ᠢᠯᠡᠷᠡᠭᠦᠯᠪᠡ᠃ ᠨᠠᠷᠠ ᠵᠢᠷᠭᠠᠬᠤ ᠠᠴᠠ ᠡᠮᠦᠨ᠎ᠡ ᠵᠠᠪᠳᠤᠵᠤ᠂ ᠴᠠᠰᠤᠨ ᠯᠠᠪᠰᠠ ᠳᠤᠮᠳᠠ᠂ ᠹᠦ᠋ ᠴᠠ ᠳ᠋ᠠᠨ ᠴᠢᠩ ᠵᠢᠷᠤᠭ ᠤᠨ ᠵᠢᠶᠠᠰᠠᠨ ᠤ ᠡᠮᠦᠨ᠎ᠡ ᠴᠠᠭ ᠮᠥᠴᠡ  ᠲᠠᠢ ᠤᠷᠤᠯᠳᠤᠨ ᠂ ᠲᠡᠷᠡ ᠬᠠᠶᠠ ᠵᠣᠭᠰᠤᠩᠭᠤᠶᠢᠷᠠᠵᠤ ᠠᠭᠤᠯᠠᠨ ᠣᠷᠭᠢᠯ ᠢ ᠰᠢᠷᠲᠡᠨ᠂ ᠴᠠᠰᠤᠨ ᠳᠤᠮᠳᠠᠬᠢ ᠥᠪᠡᠷᠮᠢᠴᠡ ᠬᠡᠪ ᠨᠠᠮᠪᠠ ᠲᠠᠢ ᠡᠷᠲᠡᠨ  ᠤ ᠪᠠᠷᠢᠯᠭ᠎ᠠ  ᠶᠢ ᠥᠩᠭᠡᠶᠢᠨ ᠬᠠᠷᠠᠵᠤ᠂ ᠬᠠᠶᠠ ᠨᠢᠰᠬᠦ ᠮᠡᠲᠦ ᠲᠦᠷᠭᠡᠨ ᠢᠶᠠᠷ ᠵᠢᠷᠤᠵᠤ ᠡᠬᠢᠯᠡᠨ᠂ ᠵᠣᠬᠢᠶᠠᠨ ᠪᠦᠲᠦᠭᠡᠯᠭᠡ ᠳᠤ  ᠪᠠᠨ ᠰᠢᠨᠤᠬᠤ ᠮᠥᠷᠲᠡᠭᠡᠨ᠂ ᠪᠠᠰᠠ ᠪᠠᠳᠺᠠᠷ ᠰᠦᠮ᠎ᠡ  ᠶᠢᠨ ᠰᠦᠷᠯᠢᠭ ᠰᠠᠶᠢᠬᠠᠨ ᠦᠵᠡᠮᠵᠢ ᠳᠤ ᠰᠣᠭᠲᠣᠭᠤᠷᠠᠵᠤ᠂ ᠤᠳᠠᠯ ᠦᠭᠡᠢ᠂ ᠨᠢᠭᠡᠨ ᠭᠤᠶᠣ ᠰᠠᠶᠢᠬᠠᠨ ᠵᠢᠷᠤᠭ ᠤᠨ ᠪᠦᠲᠦᠭᠡᠯ ᠨᠢᠳᠦᠨ ᠡᠮᠦᠨ᠎ᠡ ᠲᠣᠳᠣᠷᠠᠪᠠ᠃        ︽ᠰᠢᠭᠤᠶᠢᠲᠤ ᠲᠣᠭᠤᠷᠢᠭ ᠤᠨ ᠲᠡᠦᠬᠡ ᠰᠣᠶᠣᠯ ᠤᠨ ᠰᠠᠭᠤᠷᠢ ᠭᠦᠨ ᠵᠤᠵᠠᠭᠠᠨ ᠪᠠᠶᠢᠵᠤ᠂ ᠵᠢᠷᠤᠭ ᠵᠢᠷᠤᠳᠠᠭ ᠬᠥᠮᠦᠰ  ᠲᠤ ᠠᠪᠴᠤ ᠬᠡᠯᠡᠪᠡᠯ ᠪᠠᠰᠠ ᠴᠦ ᠨᠢᠭᠡᠨ ᠦᠵᠡᠵᠦ ᠵᠢᠷᠤᠭᠤᠰᠢᠲᠠᠢ ᠭᠠᠵᠠᠷ ᠪᠣᠯᠤᠨ᠎ᠠ᠃ ᠥᠨᠥᠳᠥᠷ ᠠᠭᠤᠯᠠᠨ ᠳᠤ ᠭᠠᠷᠤᠮᠠᠭᠴᠠ ᠨᠠᠳᠠ ᠳᠤ ᠡᠨᠡ ᠪᠥᠬᠦ ᠦᠵᠡᠮᠵᠢ ᠲᠣᠩ ᠭᠤᠶᠣ ᠰᠠᠨᠠᠭᠳᠠᠭᠰᠠᠨ ᠪᠣᠯᠬᠤᠷ ᠰᠢᠭᠤᠳ ᠢᠷᠡᠵᠦ ᠵᠢᠷᠤᠪᠠ︾ ᠭᠡᠵᠦ ᠹᠦ᠋ ᠴᠠ ᠳ᠋ᠠᠨ ᠴᠢᠩ ᠠᠴᠠ ︽ ᠦᠨᠡᠨ ᠳᠤ ᠪᠠᠨ ᠠᠳᠡᠬᠢ ᠣᠯᠠᠨ ᠭᠠᠵᠠᠷ  ᠨᠢ ᠨᠠᠮᠠᠶᠢ ᠰᠡᠳᠬᠢᠯ ᠬᠥᠳᠡᠯᠭᠡᠪᠡ᠃ ᠪᠢᠳᠡ ᠡᠮᠦᠨ᠎ᠡ ᠨᠢ ᠰᠢᠭᠤᠶᠢᠲᠤ ᠲᠣᠭᠤᠷᠢᠭ ᠤᠨ ᠭᠠᠯᠲᠤ ᠲᠡᠷᠭᠡᠨ ᠥᠷᠲᠡᠭᠡᠨ ᠳᠤ ᠣᠴᠢᠬᠤ ᠳᠤ ᠂ ᠮᠠᠰᠢ ᠭᠤᠶᠣ ᠰᠠᠨᠠᠭᠳᠠᠵᠤ᠂ ᠲᠡᠨᠳᠡ ᠮᠠᠰᠢ ᠣᠯᠠᠨ ᠦᠵᠡᠮᠵᠢ ᠰᠣᠩᠭᠤᠭᠠᠳ ᠂ ᠵᠠᠯᠭᠠᠭᠠᠳ ᠲᠡᠨᠳᠡ ᠣᠴᠢᠵᠤ ᠵᠣᠬᠢᠶᠠᠨ ᠪᠦᠲᠦᠭᠡᠬᠦ ᠪᠠᠷ ᠪᠡᠯᠡᠳᠭᠡᠵᠦ ᠪᠣᠢ᠃ ᠪᠢᠳᠡ ᠡᠨᠡ ᠤᠳᠠᠭ᠎ᠠ ᠢᠷᠡᠭᠰᠡᠨ  ᠨᠢ ᠮᠠᠨ  ᠤ ᠪᠤᠭᠤᠲᠤ  ᠶᠢᠨ ᠣᠷᠣᠨ ᠨᠤᠲᠤᠭ  ᠤᠨ ᠣᠨᠴᠠᠯᠢᠭ  ᠢ ᠠᠭᠤᠳᠠᠯᠵᠤ ︿ᠠᠬᠤᠢ ᠭᠠᠵᠠᠷ  ᠤᠨ ᠵᠢᠷᠤᠭ ﹀ ᠢ ᠭᠠᠷᠭᠠᠵᠤ᠂ ᠨᠡᠩ ᠣᠯᠠᠨ ᠵᠢᠷᠤᠭᠴᠢᠳ ᠢ ᠮᠠᠨ  ᠤ ᠪᠤᠭᠤᠲᠤ  ᠳᠤ ᠲᠠᠳᠠᠨ ᠢᠷᠡᠭᠦᠯᠵᠦ  ᠦᠵᠡᠵᠦ ᠵᠢᠷᠤᠭᠤᠯᠬᠤ ᠶᠢᠨ ᠲᠥᠯᠥᠭᠡ ᠶᠤᠮ︾ ᠭᠡᠵᠦ ᠢᠯᠡᠷᠬᠡᠶᠢᠯᠡᠪᠡ ᠃        ᠳᠠᠷᠠᠭᠠᠴᠢ ᠶᠢᠨ ᠠᠯᠬᠤᠮ ᠳᠤ᠂ ᠰᠢᠭᠤᠶᠢᠲᠤ ᠲᠣᠭᠤᠷᠢᠭ  ᠨᠢ ᠤᠷᠠᠯᠢᠭᠴᠢᠳ ᠲᠤ ᠦᠷᠭᠦᠯᠵᠢᠯᠡᠨ ᠰᠢᠯᠢᠳᠡᠭ ᠵᠣᠬᠢᠶᠠᠨ ᠪᠦᠲᠦᠭᠡᠬᠦ ᠨᠥᠬᠦᠴᠡᠯ ᠬᠠᠩᠭᠠᠵᠤ᠂ ᠨᠡᠩ ᠤᠯᠠᠨ ᠤᠷᠠᠯᠢᠭ ᠤᠨ ᠴᠢᠳᠠᠪᠤᠷᠢᠲᠠᠨ ᠢ ᠲᠠᠲᠠᠵᠤ ᠲᠤᠬᠠᠢ ᠶᠢᠨ ᠭᠠᠵᠠᠷ ᠤᠨ ᠣᠨᠴᠠᠯᠢᠭ ᠲᠠᠢ ᠰᠣᠳᠣᠨ ᠪᠦᠲᠦᠭᠡᠯ ᠢ ᠨᠡᠩ ᠤᠯᠠᠨ ᠪᠦᠲᠦᠭᠡᠯᠭᠡᠬᠦ ᠪᠣᠯᠤᠨ᠎ᠠ᠃ ᠡᠭᠦᠨ ᠤ ᠬᠠᠮᠲᠤ᠂ ᠲᠣᠰ ᠤᠳᠠᠭᠠᠨ ᠤ ᠵᠣᠬᠢᠶᠠᠨ ᠪᠦᠲᠦᠭᠡᠭᠰᠡᠨ ᠪᠦᠲᠦᠭᠡᠯ ᠢ ᠪᠤᠭᠤᠲᠤ ᠶᠢᠨ ᠤᠷᠠᠨ ᠵᠢᠷᠤᠭ ᠤᠨ ᠣᠷᠳᠣᠨ ᠳᠤ ᠳᠡᠯᠭᠡᠨ ᠦᠵᠡᠭᠦᠯᠵᠦ᠂ ᠬᠤᠲᠠ ᠶᠢᠨ ᠰᠣᠶᠣᠯ ᠤᠨ ᠠᠭᠤᠯᠤᠭᠳᠠᠬᠤᠨ ᠢ ᠪᠠᠶᠠᠯᠢᠭᠵᠢᠭᠤᠯᠤᠨ᠂ ᠬᠤᠲᠠ ᠶᠢᠨ ᠠᠷᠠᠳ ᠤᠨ ᠤᠷᠠᠯᠢᠭ ᠤᠨ ᠬᠡᠪ ᠪᠣᠯᠪᠠᠰᠤᠷᠠᠯ ᠢ ᠳᠡᠭᠡᠭᠰᠢᠯᠡᠭᠦᠯᠵᠦ᠂ ᠪᠤᠭᠤᠲᠤ ᠶᠢᠨ ᠰᠣᠶᠣᠯ ᠤᠨ ᠥᠨᠳᠦᠷᠯᠢᠭ ᠤᠨ ᠪᠥᠲᠥᠭᠡᠨ ᠪᠠᠶᠢᠭᠤᠯᠤᠯᠲᠠ ᠳᠤ ᠬᠤᠪᠢ ᠨᠡᠮᠡᠷᠢ ᠪᠠᠨ ᠦᠵᠡᠭᠦᠯᠬᠦ ᠪᠣᠯᠤᠨ᠎ᠠ᠃ 
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号