ᠪᠤᠭᠤᠳᠤ ᠶᠢᠨ ᠪᠡᠳᠬᠡᠷ ᠵᠣᠣ
ᠨᠡᠶᠢᠲᠡᠯᠡᠭᠰᠡᠨ ᠴᠠᠭ᠄
2024/11/18
        ᠳᠠᠯᠠᠨ ᠬᠠᠷ᠎ᠠ ᠠᠭᠤᠯᠠ ᠪᠣᠯ ᠮᠤᠨᠢ ᠠᠭᠤᠯᠠ ᠶᠢᠨ ᠳᠤᠮᠳᠠ ᠬᠡᠰᠡᠭ ᠮᠥᠨ᠂ ᠥᠪᠥᠷ ᠮᠣᠩᠭᠤᠯ ᠤᠨ ᠤᠯᠠᠭᠠᠨᠴᠠᠪ ᠠᠴᠠ ᠬᠥᠬᠡᠬᠤᠲᠠ ᠬᠦᠷᠲᠡᠯ᠎ᠡ ᠪᠤᠭᠤᠲᠤ ᠳᠤ ᠬᠦᠷᠲᠡᠯ᠎ᠡ ᠦᠷᠭᠦᠯᠵᠢᠯᠡᠵᠦ᠂ ᠤᠯᠠᠭᠠᠨᠴᠠᠪ ᠠᠴᠠ ᠪᠤᠭᠤᠲᠤ ᠬᠦᠷᠲᠡᠯ᠎ᠡ ᠭᠠᠯᠲᠤ ᠲᠡᠷᠭᠡ ᠠᠶᠠᠯᠠᠵᠤ᠂ ᠭᠠᠯᠲᠤ ᠲᠡᠷᠭᠡᠨ ᠳᠡᠭᠡᠷ᠎ᠡ ᠰᠠᠭᠤᠵᠤ᠂ ᠰᠡᠳᠬᠢᠯ ᠳᠣᠲᠣᠷ᠎ᠠ ᠪᠠᠨ ᠳᠠᠯᠠᠨ ᠬᠠᠷ᠎ᠠ ᠠᠭᠤᠯᠠ ᠶᠢᠨ ᠠᠭᠤᠯᠠᠨ ᠣᠷᠭᠢᠯ ᠳᠡᠭᠡᠷ᠎ᠡ ᠠᠪᠠᠷᠢᠬᠤ ᠵᠠᠪᠰᠢᠶᠠᠨ ᠲᠠᠢ ᠭᠡᠵᠦ ᠪᠣᠳᠣᠭᠰᠠᠭᠠᠷ ᠢᠷᠡᠭᠰᠡᠨ ᠪᠥᠭᠡᠳ ᠮᠤᠨᠢ ᠠᠭᠤᠯᠠ ᠶᠢᠨ ᠠᠶᠠᠯᠠᠯ ᠢ ᠳᠠᠭᠤᠰᠬᠠᠬᠤ ᠪᠠᠷ ᠪᠣᠳᠣᠭᠰᠠᠭᠠᠷ ᠢᠷᠡᠵᠡᠢ᠃
        ᠪᠡᠳᠬᠡᠷ ᠵᠣᠣ ᠨᠢ ᠥᠪᠥᠷ ᠣᠩᠭᠤᠯ ᠤᠨ ᠪᠤᠭᠤᠲᠤ ᠬᠤᠲᠠ ᠶᠢᠨ ᠰᠢᠭᠤᠶᠢᠲᠤ ᠲᠣᠭᠤᠷᠢᠭ ᠤᠨ ᠵᠡᠭᠦᠨ ᠬᠤᠶᠢᠲᠤ ᠣᠷᠣᠨ ᠤ ᠵᠢᠪᠬᠤᠯᠠᠩᠲᠤ ᠰᠤᠮᠤ ᠶᠢᠨ ᠪᠡᠳᠬᠡᠷ ᠭᠧᠦ ᠳᠠᠯᠠᠨ ᠬᠠᠷ᠎ᠠ ᠠᠭᠤᠯᠠ ᠶᠢᠨ ᠳᠤᠮᠳᠠ ᠪᠠᠶᠢᠨ᠎ᠠ᠃
        ᠪᠡᠳᠬᠡᠷ ᠵᠣᠣ  ᠨᠢ ᠲᠥᠪᠡᠳ ᠦᠭᠡᠨ ᠳᠤ ᠴᠠᠰᠤᠨ ᠯᠢᠩᠬᠤ᠎ᠠ  ᠭᠡᠬᠦ ᠤᠳᠬ᠎ᠠ ᠲᠠᠢ᠂ ᠰᠡᠭᠦᠯᠡᠷ ᠨᠢ ᠪᠡᠳᠬᠡᠷ ᠵᠣᠣ ᠭᠡᠮᠡᠨ ᠬᠠᠯᠠᠪᠠ᠂  ᠪᠡᠳᠬᠡᠷ ᠭᠡᠬᠦ ᠦᠭᠡ ᠨᠢ ᠮᠤᠩᠭᠤᠯ ᠦᠭᠡᠨ ᠳᠤ ᠤᠳᠠ ᠶᠢᠨ ᠮᠣᠳᠤ ᠭᠡᠬᠦ ᠤᠳᠭ᠎ᠠ ᠲᠠᠢ᠃ ᠪᠡᠳᠬᠡᠷ ᠵᠣᠣ ᠬᠡᠳᠦᠶᠢᠪᠡᠷ ᠭᠦᠨ ᠠᠭᠤᠯᠠ ᠶᠢᠨ ᠪᠠᠯᠠᠷ ᠣᠢ ᠳᠤ ᠪᠠᠶᠢᠷᠢᠯᠠᠵᠤ ᠪᠠᠶᠢᠭ᠎ᠠ ᠪᠣᠯᠪᠠᠴᠤ ᠨᠡᠷ᠎ᠡ  ᠠᠯᠳᠠᠷᠰᠢᠭᠰᠠᠨ ᠪᠥᠭᠡᠳ ᠲᠡᠷᠡ ᠨᠢ ᠲᠥᠪᠡᠳ ᠤᠨ ᠪᠤᠲᠠᠯᠠ ᠣᠷᠳᠣᠨ᠂ ᠬᠥᠬᠡᠨᠠᠭᠤᠷ ᠤᠨ ᠲᠠᠷᠨᠢ ᠶᠢᠨ ᠰᠦᠮ᠎ᠡ᠂ ᠭᠠᠨᠰᠤ ᠶᠢᠨ ᠯᠠᠪᠷᠤᠩ ᠬᠡᠶᠢᠳ ᠲᠠᠢ ᠬᠠᠮᠲᠤ ᠪᠠᠷ ᠳᠤᠮᠳᠠᠳᠤ ᠤᠯᠤᠰ ᠤᠨ ᠲᠥᠪᠡᠳ ᠢᠶᠠᠷ ᠤᠯᠠᠮᠵᠢᠯᠠᠭᠳᠠᠭᠰᠠᠨ  ᠪᠤᠷᠬᠠᠨ ᠱᠠᠰᠢᠨ ᠤ ᠳᠥᠷᠪᠡᠨ ᠶᠡᠭᠡ ᠬᠡᠶᠢᠳ ᠢᠶᠠᠷ ᠵᠢᠭᠰᠠᠭᠠᠭᠳᠠᠵᠠᠢ᠃
        ᠪᠡᠳᠬᠡᠷ ᠵᠤᠤ ᠴᠢᠩ ᠤᠯᠤᠰ ᠤᠨ ᠡᠩᠬᠡ ᠠᠮᠤᠭᠤᠯᠠᠩ ᠤᠨ ᠦᠶ᠎ᠡ ᠳᠤ ᠪᠠᠶᠢᠭᠤᠯᠤᠭᠳᠠᠵᠠᠢ᠂ ᠠᠩᠬᠠᠳᠤᠭᠠᠷ ᠳᠦᠷᠢ ᠶᠢᠨ ᠬᠡᠬᠡᠨ ᠯᠤᠪᠰᠠᠩᠭᠠᠯᠼᠤ ᠨᠢ ᠲᠥᠪᠡᠳ ᠤᠨ ᠰᠢᠭᠠᠽᠧ ᠬᠡᠶᠢᠳ ᠤᠨ ᠵᠠᠪᠰᠢᠷᠠᠪ ᠤᠨ ᠰᠦᠮ᠎ᠡ ᠪᠠᠷ ᠯᠤᠪᠤ ᠪᠣᠯᠭᠠᠨ ᠪᠠᠶᠢᠭᠤᠯᠵᠠᠢ᠃ ᠴᠢᠩ ᠤᠯᠤᠰ ᠤᠨ ᠲᠡᠭᠷᠢ ᠲᠡᠳᠬᠦᠭᠴᠢ ᠶᠢᠨ ᠣᠨ ᠳᠤ ᠬᠢᠲᠠᠳ ᠦᠨᠳᠦᠰᠦᠲᠡᠨ ᠤ ᠰᠦᠮ᠎ᠡ ᠬᠡᠶᠢᠳ ᠲᠤ ᠰᠣᠶᠣᠷᠬᠠᠵᠤ᠂ ᠬᠤᠵᠢᠮ ᠨᠢ ᠰᠠᠶᠢᠰᠢᠶᠠᠯ ᠢᠷᠦᠭᠡᠯᠲᠦ ᠰᠦᠮ᠎ᠡ᠂ ᠪᠣᠮᠪᠤ᠂ ᠪᠠᠳᠠᠷᠠᠭᠤᠯᠲᠤ ᠳᠦᠷᠦ ᠶᠢᠨ ᠦᠶ᠎ᠡ ᠳᠤ ᠥᠷᠭᠡᠳᠬᠡᠨ ᠪᠠᠶᠢᠭᠤᠯᠵᠤ᠂ ᠥᠨᠥᠳᠥᠷ ᠤᠨ ᠬᠡᠪᠴᠢᠶ᠎ᠡ ᠪᠠᠷ ᠪᠦᠷᠢᠯᠳᠦᠵᠡᠢ᠃
        ᠡᠨᠡ ᠪᠣᠯ ᠭᠦᠨ ᠠᠭᠤᠯᠠᠨ ᠳᠤ ᠨᠢᠭᠤᠭᠳᠠᠵᠤ ᠪᠠᠶᠢᠭ᠎ᠠ ᠴᠠᠭᠠᠨ ᠥᠩᠭᠡᠲᠡᠢ ᠭᠤᠶᠣ ᠰᠠᠶᠢᠬᠠᠨ ᠪᠠᠷᠢᠯᠭ᠎ᠠ ᠪᠥᠭᠡᠳ ᠮᠥᠨ ᠴᠦ ᠵᠢᠷᠭᠤᠭᠠᠨ ᠳᠤᠭᠠᠩ ᠲᠠᠢ᠂ ᠭᠤᠷᠪᠠᠨ ᠭᠡᠭᠡᠨ ᠣᠷᠳᠣᠨ ᠪᠣᠯᠣᠨ ᠦᠶ᠎ᠡ ᠦᠶ᠎ᠡ ᠶᠢᠨ ᠭᠡᠭᠡᠨ ᠱᠠᠷᠢᠯ ᠤᠨ ᠰᠤᠪᠤᠷᠭ᠎ᠠ ᠶᠢ ᠪᠠᠶᠢᠭᠤᠯᠬᠤ ᠴᠢᠬᠤᠯᠠ ᠵᠦᠢᠯ ᠶᠤᠮ᠃
        ᠰᠦᠭᠦᠴᠢᠨ ᠳᠤᠭᠠᠩ ᠨᠢ ᠡᠮᠦᠨ᠎ᠡ ᠳᠤᠭᠠᠩ ᠤᠨ ᠭᠤᠣᠯ ᠬᠦᠢᠰᠦ ᠪᠠᠶᠢᠵᠤ᠂ ᠪᠠᠰᠠ ᠡᠷᠲᠡᠨ ᠤ ᠰᠦᠮ᠎ᠡ ᠶᠢᠨ ᠬᠠᠮᠤᠭ ᠲᠣᠮᠣ ᠪᠠᠷᠢᠯᠭ᠎ᠠ ᠬᠡᠳᠡᠭ᠂ ᠨᠡᠶᠢᠳᠡ ᠭᠤᠷᠪᠠᠨ ᠳᠠᠪᠬᠤᠷ᠂ ᠨᠢᠭᠡ ᠳᠠᠪᠬᠤᠷᠯᠢᠭ ᠨᠢ ᠡᠮᠦᠨ᠎ᠡ ᠳᠤᠭᠠᠩ ᠤᠨ ᠨᠣᠮ ᠤᠨ ᠳᠤᠭᠠᠩ᠂ ᠠᠷᠤ ᠲᠢᠩᠬᠢᠮ ᠨᠢ ᠲᠥᠪᠡᠳ ᠨᠣᠮ ᠤᠨ ᠠᠰᠠᠷ ᠪᠠᠶᠢᠵᠤ᠂ ᠪᠦᠬᠦ ᠰᠦᠮ᠎ᠡ ᠶᠢᠨ ᠴᠢᠬᠤᠯᠠ ᠶᠡᠭᠡ ᠨᠣᠮ ᠤᠨ ᠬᠤᠷᠠᠯ ᠨᠣᠮ ᠤᠩᠰᠢᠬᠤ ᠭᠠᠵᠠᠷ ᠪᠣᠯᠣᠨ᠎ᠠ᠃
        ᠴᠣᠶᠢᠯᠠ ᠳᠤᠭᠠᠩ ᠨᠢ ᠰᠦᠬᠦᠴᠢᠨ ᠳᠤᠭᠠᠩ ᠤᠨ ᠪᠠᠷᠠᠭᠤᠨ ᠲᠠᠯ᠎ᠠ ᠳᠤ ᠨᠢ ᠪᠠᠶᠢᠷᠢᠰᠢᠵᠤ ᠪᠠᠶᠢᠳᠠᠭ᠂ ᠪᠤᠷᠬᠠᠨ ᠤ ᠱᠠᠰᠢᠨ ᠤ ᠭᠦᠨ ᠤᠬᠠᠭᠠᠨ ᠢ ᠲᠤᠰᠬᠠᠶᠢᠯᠠᠨ ᠰᠤᠳᠤᠯᠬᠤ ᠤᠬᠠᠭᠠᠨ ᠤ ᠬᠡᠯᠲᠡᠰ ᠪᠣᠯᠣᠨ᠎ᠠ᠂ ᠳᠤᠭᠠᠩ ᠤᠨ ᠳᠣᠲᠣᠷ᠎ᠠ ᠨᠢ  ᠪᠡᠳᠬᠡᠷ ᠵᠤᠤ ᠶᠢᠨ ᠬᠠᠮᠤᠭ ᠶᠡᠭᠡ ᠭᠠᠤᠯᠢᠨ ᠮᠠᠶᠢᠳᠠᠷ ᠤᠨ ᠬᠦᠷᠦᠭ ᠢ ᠳᠠᠬᠢᠳᠠᠭ᠃
640.jpg
        ᠠᠭᠤᠢ ᠶᠢᠨ ᠳᠤᠭᠠᠩ ᠨᠢ ᠪᠡᠳᠬᠡᠷ ᠵᠤᠤ ᠶᠢᠨ ᠬᠠᠮᠤᠭ ᠡᠷᠲᠡᠨ ᠤ ᠳᠤᠭᠠᠩ ᠪᠠᠶᠢᠵᠤ᠂ ᠲᠡᠭᠷᠢ ᠲᠡᠳᠬᠦᠭᠴᠢ ᠶᠢᠨ ᠦᠶ᠎ᠡ ᠳᠤ ᠪᠠᠶᠢᠭᠤᠯᠤᠭᠰᠠᠨ ᠥᠨᠳᠥᠷ ᠤᠨ ᠭᠤᠷᠪᠠᠨ ᠳᠠᠪᠬᠤᠷᠯᠢᠭ᠂ ᠰᠢᠷ᠎ᠠ ᠥᠩᠭᠡᠲᠦ ᠭᠠᠳᠠᠷ ᠬᠡᠷᠡᠮ᠂ ᠪᠤᠰᠤᠳ ᠪᠠᠷᠢᠯᠭ᠎ᠠ ᠶᠢᠨ ᠤᠷᠳᠤ ᠨᠢ ᠡᠭᠦᠨ ᠢᠶᠠᠷ ᠭᠤᠣᠯ ᠪᠤᠯᠭᠠᠵᠤ᠂ ᠲᠡᠭᠷᠢ ᠲᠡᠳᠬᠦᠭᠴᠢ ᠶᠢᠨ ︽ᠥᠷᠭᠡᠨ ᠨᠠᠪᠴᠢᠲᠤ ᠰᠦᠮ᠎ᠡ︾ ᠭᠡᠵᠦ ᠨᠠᠷᠠᠯᠠᠵᠠᠢ᠃
 
 
ᠢᠷᠡᠯᠲᠡ᠄ ᠱᠠᠨ ᠬᠠᠢ ᠵᠢᠩ ᠵᠢᠭᠤᠯᠴᠢᠯᠠᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号