︽ᠲᠡᠰᠪᠦᠷᠢᠯᠡᠪᠡᠯ ᠨᠠᠮ ᠲᠣᠭᠲᠠᠭᠤᠨ ᠪᠠᠶᠢᠵᠤ᠂ ᠨᠢᠭᠡ ᠠᠯᠬᠤᠮ ᠤᠬᠤᠷᠢᠪᠠᠯ ᠬᠥᠬᠦᠨ ᠪᠤᠯᠴᠢᠷᠬᠠᠢ | ᠨᠡᠮᠡᠭᠳᠡᠨ᠎ᠡ︾᠂ ︽ᠠᠭᠤᠷᠯᠠᠪᠠᠯ ᠡᠯᠢᠭᠡᠨ ᠬᠡᠢ ᠵᠠᠩᠭᠢᠷᠠᠨ᠎ᠠ᠂ ᠲᠡᠰᠪᠦᠷᠢᠯᠡᠪᠡᠯ ᠬᠥᠬᠦᠨ ᠪᠣᠯᠴᠢᠷᠬᠠᠢ ᠬᠦᠪᠲᠦᠷᠦᠦ | ᠡᠭᠦᠰᠦᠨ᠎ᠡ︾ ᠁ ᠡᠳᠡᠭᠡᠷ ᠲᠣᠣᠷ ᠰᠦᠯᠵᠢᠶᠡᠨ ᠳᠡᠭᠡᠷᠡᠬᠢ ᠬᠤᠱᠣᠩᠨᠠᠭᠰᠠᠨ ᠬᠡᠯᠡᠯᠭᠡ ᠨᠦᠭᠦᠳ ᠦᠨᠡᠬᠡᠷ | ᠰᠢᠨᠵᠢᠯᠡᠬᠦ ᠤᠬᠠᠭᠠᠨ ᠤ ᠶᠣᠰᠤ ᠲᠠᠢ ᠰᠢᠭ᠃ ᠵᠧᠵᠢᠶᠠᠩ ᠶᠡᠭᠡ ᠰᠤᠷᠭᠠᠭᠤᠯᠢ ᠶᠢᠨ ᠬᠠᠷᠢᠶᠠᠲᠤ ᠨᠢᠭᠡᠳᠦᠭᠡᠷ | ᠡᠮᠨᠡᠯᠭᠡ ᠶᠢᠨ ᠬᠤᠷᠢᠶᠠᠨ ᠤ ᠰᠣᠳᠤᠯᠭᠠᠲᠠᠳ᠂ ᠭᠠᠩᠰᠠᠷᠠᠬᠤ ᠭᠡᠮ ᠨᠢ ᠡᠰ ᠤᠨ ᠰᠣᠯᠢᠯᠴᠠᠭ᠎ᠠ᠂ ᠡᠭᠡᠯᠢᠯᠡᠬᠦ | ᠤᠷᠪᠠᠯ ᠢᠶᠠᠷ ᠳᠠᠮᠵᠢᠨ ᠬᠥᠬᠦᠨ ᠪᠤᠯᠴᠢᠷᠬᠠᠢ ᠶᠢᠨ ᠥᠮᠡᠨ ᠡᠭᠦᠰᠬᠦ ᠪᠠ ᠬᠥᠭᠵᠢᠬᠦ ᠶᠢ ᠨᠥᠯᠥᠭᠡᠯᠡᠵᠦ ᠮᠡᠳᠡᠨ᠎ᠡ | ᠭᠡᠳᠡᠭ ᠢ ᠢᠯᠡᠷᠡᠭᠦᠯᠪᠡ᠃ | ᠬᠥᠬᠦᠨ ᠪᠤᠯᠴᠢᠷᠬᠠᠢ ᠶᠢᠨ ᠦᠮᠡᠨ ᠨᠢ ᠭᠠᠩᠰᠠᠷᠠᠬᠤ ᠭᠡᠮ ᠠᠴᠠ ᠰᠠᠯᠵᠤ ᠴᠢᠳᠠᠬᠤ ᠦᠬᠡᠢ | ᠬᠥᠬᠦᠨ ᠪᠤᠯᠴᠢᠷᠬᠠᠢ ᠬᠥᠮᠦᠨ ᠤ ᠪᠡᠶ᠎ᠡ ᠶᠢᠨ ᠬᠤᠷᠮᠣᠨ ᠤ ᠬᠤᠪᠢᠷᠠᠯᠲᠠ ᠳᠤ ᠮᠠᠰᠢ ᠰᠡᠷᠭᠡᠭ ᠪᠠᠶᠢᠳᠠᠭ᠂ | ᠪᠢᠳᠡᠨ ᠤ ᠦᠷᠭᠦᠯᠵᠢ ᠬᠡᠯᠡᠳᠡᠭ ︽ᠠᠭᠤᠷᠯᠠᠵᠤ ᠬᠥᠬᠦᠨ ᠪᠤᠯᠴᠢᠷᠬᠠᠢ ᠶᠢᠨ ᠬᠦᠪᠲᠦᠷᠦᠦ ᠡᠭᠦᠰᠬᠦ︾ ᠭᠡᠳᠡᠭ ᠨᠢ | ᠳᠠᠷᠤᠢ ᠮᠠᠭᠤ ᠰᠡᠳᠭᠢᠯᠭᠡ ᠪᠠ ᠨᠠᠵᠠᠭᠠᠢ ᠤᠷᠮ᠎ᠠ ᠵᠣᠷᠢᠭ ᠳᠣᠲᠤᠭᠠᠲᠤ ᠱᠦᠭᠦᠷᠡᠯ ᠢ ᠵᠣᠬᠢᠴᠠᠯ ᠦᠭᠡᠢ ᠪᠣᠯᠭᠠᠵᠤ᠂ | ᠡᠮ᠎ᠡ᠂ ᠵᠢᠷᠮᠦᠰᠦᠯᠡᠯ ᠤᠨ ᠬᠤᠷᠮᠤᠨ ᠤ ᠬᠠᠷᠢᠴᠠᠯ ᠢ ᠰᠠᠮᠠᠭᠤᠷᠠᠭᠤᠯᠣᠭᠰᠠᠨ ᠠᠴᠠ ᠬᠥᠬᠦᠨ ᠪᠤᠯᠴᠢᠷᠬᠠᠢ ᠶᠢᠨ ᠡᠰ ᠢ | ᠦᠷᠡᠵᠢᠬᠦ ᠪᠠ ᠢᠯᠭᠠᠷᠠᠬᠤ ᠶᠠᠪᠤᠴᠠ ᠳᠤ ᠬᠡᠪ ᠤᠨ ᠪᠤᠰᠤ ᠪᠠᠶᠢᠳᠠᠯ ᠢᠯᠡᠷᠡᠵᠦ᠂ ᠡᠭᠦᠨ ᠤ ᠤᠯᠠᠮ ᠠᠴᠠ ᠬᠦᠪᠲᠦᠷᠦᠦ | ᠪᠦᠷᠢᠯᠳᠦᠬᠦ ᠪᠣᠯᠤᠨ᠎ᠠ᠃ | ᠮᠠᠭᠤ ᠰᠡᠳᠭᠢᠯᠭᠡ ᠶᠢᠨ ︽ᠸᠠᠩ︾ — ᠭᠠᠩᠰᠠᠷᠠᠬᠤ ᠭᠡᠮ ᠨᠢ ᠬᠥᠬᠦᠨ ᠪᠤᠯᠴᠢᠷᠬᠠᠢ ᠶᠢᠨ ᠡᠪᠡᠳᠴᠢᠨ | ᠳᠣᠲᠣᠷᠠᠬᠢ ︽ᠸᠠᠩ︾ — ᠬᠥᠬᠦᠨ ᠪᠤᠯᠴᠢᠷᠬᠠᠢ ᠶᠢᠨ ᠦᠮᠠᠨ ᠲᠠᠢ ᠤᠴᠠᠷᠠᠪᠠᠯ ᠨᠡᠩ ᠴᠦ ᠭᠠᠯ ᠳᠡᠭᠡᠷ᠎ᠡ ᠲᠣᠰᠣ | ᠨᠡᠮᠡᠭᠰᠡᠨ ᠲᠠᠢ ᠠᠳᠠᠯᠢ᠃ | ᠵᠧᠵᠢᠶᠠᠩ ᠶᠡᠭᠡ ᠰᠤᠷᠭᠠᠭᠤᠯᠢ ᠶᠢᠨ ᠬᠠᠷᠢᠶᠠᠲᠤ ᠨᠢᠭᠡᠳᠦᠭᠡᠷ ᠡᠮᠨᠡᠯᠭᠡ ᠶᠢᠨ ᠬᠤᠷᠢᠶᠠᠨ ᠤ ᠣᠶᠤᠨ ᠤ ᠡᠷᠡᠭᠦᠯ | ᠬᠠᠮᠠᠭᠠᠯᠠᠯ ᠤᠨ ᠰᠠᠯᠠᠭᠠᠨ ᠤ ᠡᠷᠬᠢᠯᠡᠭᠴᠢ ᠬᠤ ᠱᠣᠣ ᠬᠤᠸᠠ ᠫᠷᠣᠹᠧᠰᠰᠣᠷ ᠪᠣᠯᠤᠨ ᠬᠥᠬᠦᠨ ᠪᠤᠯᠴᠢᠷᠬᠠᠢ ᠶᠢᠨ ᠭᠠᠳᠠᠷ | ᠰᠠᠯᠠᠭᠠᠨ ᠤ ᠹᠦ ᠫᠧᠢ ᠹᠧᠨ ᠫᠷᠣᠹᠧᠰᠰᠣᠷ ᠬᠤᠶᠠᠷ ᠰᠢᠨᠵᠢᠯᠡᠭᠡᠨ ᠤ ᠪᠦᠯᠬᠦᠮ ᠳᠠᠭᠠᠭᠤᠯᠤᠨ ᠬᠥᠬᠦᠨ ᠪᠤᠯᠴᠢᠷᠬᠠᠢ ᠶᠢᠨ | ᠥᠮᠡᠨ ᠡᠪᠡᠳᠴᠢᠲᠡᠨ ᠤ ᠪᠡᠳᠡᠬᠢ ᠶᠢᠨ ᠨᠡᠬᠡᠳᠡᠰᠦ᠂ ᠥᠮᠡᠨ ᠤ ᠬᠠᠵᠠᠭᠤ ᠶᠢᠨ ᠬᠡᠪ ᠤᠨ ᠨᠡᠬᠡᠳᠡᠰᠦ ᠪᠠ ᠭᠠᠳᠠᠷ | ᠣᠷᠴᠢᠨ ᠤ ᠴᠢᠰᠤᠨ ᠡᠰ ᠢ ᠰᠣᠳᠤᠯᠵᠤ᠂ ᠭᠠᠩᠰᠠᠷᠠᠬᠤ ᠭᠡᠮ ᠪᠠ ᠬᠥᠬᠦᠨ ᠪᠤᠯᠴᠢᠷᠬᠠᠢ ᠶᠢᠨ ᠥᠮᠡᠨ ᠳᠤ ᠵᠡᠷᠭᠡ ᠪᠠᠷ | ᠨᠡᠷᠪᠡᠭᠳᠡᠭᠰᠡᠨ ᠬᠦᠮᠦᠨ ᠢ ᠭᠠᠭᠴᠠ ᠬᠥᠬᠦᠨ ᠪᠤᠯᠴᠢᠷᠬᠠᠢ ᠶᠢᠨ ᠥᠮᠡᠨ ᠳᠤ ᠨᠡᠷᠪᠡᠭᠳᠡᠭᠰᠡᠨ ᠬᠥᠮᠦᠨ ᠲᠠᠢ | ᠠᠳᠠᠯᠢᠳᠬᠠᠪᠠᠯ᠂ ᠬᠠᠪᠤᠳᠠᠷ ᠤᠨ ᠰᠣᠯᠢᠯᠴᠠᠭᠠᠨ ᠤ ᠪᠠᠶᠢᠳᠠᠯ᠂ ᠡᠭᠡᠯᠢᠯᠡᠬᠦ ᠤᠷᠪᠠᠯ ᠪᠠ ᠬᠠᠪᠤᠳᠠᠷ ᠤᠨ ᠪᠢᠴᠢᠯ ᠣᠷᠴᠢᠨ | ᠲᠣᠭᠤᠷᠢᠨ ᠵᠡᠷᠭᠡ ᠲᠠᠯ᠎ᠠ ᠪᠠᠷ ᠮᠠᠰᠢ ᠠᠳᠠᠯᠢ ᠦᠭᠡᠢ ᠭᠡᠳᠡᠭ ᠣᠯᠵᠤ ᠮᠡᠳᠡᠪᠡ᠂ ᠡᠨᠡ ᠨᠢ ᠭᠠᠩᠰᠠᠷᠠᠬᠤ ᠭᠡᠮ ᠨᠢ | ᠬᠥᠬᠦᠨ ᠪᠤᠯᠴᠢᠷᠬᠠᠢ ᠶᠢᠨ ᠥᠮᠡᠨ ᠡᠭᠦᠰᠬᠦ ᠪᠠ ᠬᠥᠭᠵᠢᠬᠦ ᠶᠢ ᠨᠥᠯᠥᠭᠡᠯᠡᠵᠦ ᠮᠡᠳᠡᠬᠦ ᠶᠢ ᠢᠯᠡᠷᠡᠭᠦᠯᠪᠡ᠃ | ᠭᠠᠩᠰᠠᠷᠠᠬᠤ ᠨᠢ ᠬᠤᠣᠷᠲᠤ ᠬᠠᠪᠤᠳᠠᠷ ᠢ ᠨᠡᠩ ︽ᠭᠠᠯᠵᠠᠭᠤᠷᠠᠭᠤᠯᠤᠨᠠ︾ | ︽ᠭᠠᠯᠵᠠᠭᠤᠷᠠᠬᠤ︾ ᠶᠢᠨ ᠠᠩᠬᠠᠨ ᠤ ᠢᠯᠡᠷᠡᠯ ᠪᠣᠯ ᠡᠰ ᠤᠨ ᠰᠣᠯᠢᠯᠴᠠᠭ᠎ᠠ ᠶᠢ ᠨᠥᠯᠥᠭᠡᠯᠡᠨ᠎ᠡ᠃ | ᠬᠡᠷᠪᠡ ᠡᠰ ᠢ ᠨᠢᠭᠡᠨ ᠶᠠᠭᠠᠷᠠᠯᠲᠠᠢ ᠦᠢᠯᠡᠳᠪᠦᠷᠢ ᠪᠠᠷ ᠦᠵᠡᠪᠡᠯ᠂ ᠰᠢᠬᠢᠷ ᠤᠨ ᠰᠣᠯᠢᠯᠴᠠᠭ᠎ᠠ ᠨᠢ ᠳᠠᠷᠤᠢ | ᠦᠢᠯᠡᠳᠪᠦᠷᠢ ᠶᠢᠨ ᠡᠨᠧᠷᠭᠢ ᠶᠢᠨ ᠬᠠᠩᠭᠠᠯᠭ᠎ᠠ ᠶᠢᠨ ᠰᠢᠰᠲ᠋ᠧᠮ ᠪᠣᠯᠤᠨ᠎ᠠ᠃ ᠤᠲᠠᠰᠤᠨ ᠮᠥᠬᠦᠯᠢᠭᠲᠦ ᠪᠡᠶᠡᠲᠦ ᠶᠢᠨ | ᠢᠰᠦᠯᠳᠦᠬᠦ ᠹᠣᠰᠹᠣᠷ ᠬᠦᠴᠢᠯᠵᠢᠭᠦᠯᠬᠦ ᠨᠢ ᠶᠠᠭ ᠨᠢᠭᠡᠨ ᠥᠨᠳᠥᠷ ᠪᠦᠲᠦᠮᠵᠢᠲᠡᠢ ᠲᠣᠮᠣ ᠬᠡᠯᠪᠡᠷᠢ ᠶᠢᠨ ᠴᠠᠬᠢᠯᠭᠠᠨ | ᠭᠠᠷᠭᠠᠬᠤ ᠥᠷᠲᠡᠭᠡ ᠰᠢᠭ ᠪᠠᠶᠢᠵᠤ᠂ ᠦᠢᠯᠡᠳᠪᠦᠷᠢ ᠳᠤ ᠬᠦᠴᠦᠷᠬᠡᠭ ᠶᠡᠭᠡ ᠪᠥᠭᠡᠳ ᠦᠷᠭᠦᠯᠵᠢᠯᠡᠬᠦ ᠡᠨᠧᠷᠭᠢ | ᠬᠠᠩᠭᠠᠨ᠎ᠠ᠃ ᠰᠢᠬᠢᠷ ᠢᠰᠦᠯᠲᠡ ᠵᠠᠳᠠᠷᠠᠬᠤ ᠨᠢ ᠨᠢᠭᠡᠨ ᠵᠢᠵᠢᠭ ᠬᠡᠯᠪᠡᠷᠢ ᠶᠢᠨ ᠪᠠᠴᠢᠮ ᠪᠠᠶᠢᠳᠠᠯ ᠢ ᠠᠷᠭᠠᠴᠠᠭᠠᠬᠤ | ᠴᠠᠬᠢᠯᠭᠠᠨ ᠭᠠᠷᠭᠠᠬᠤ ᠮᠠᠰᠢᠨ ᠲᠠᠢ ᠠᠳᠠᠯᠢ ᠪᠠᠶᠢᠵᠤ᠂ ᠵᠠᠷᠢᠮ ᠣᠨᠴᠠᠭᠠᠶ ᠪᠠᠶᠢᠳᠠᠯ ᠳᠣᠤᠷ᠎ᠠ ᠲᠦᠷᠭᠡᠨ ᠡᠬᠢᠯᠡᠭᠦᠯᠵᠦ᠂ | ᠦᠢᠯᠡᠳᠪᠦᠷᠢ ᠳᠤ ᠪᠠᠴᠢᠮ ᠡᠨᠧᠷᠭᠢ ᠬᠠᠩᠭᠠᠨ᠎ᠠ᠃ ᠵᠢᠱᠢᠶᠡᠯᠡᠪᠡᠯ᠂ ᠪᠢᠳᠡ ᠬᠦᠴᠦᠲᠡᠢ ᠬᠥᠳᠡᠯᠭᠡᠭᠡᠨ ᠬᠢᠬᠦ ᠦᠶ᠎ᠡ ᠳᠤ᠂ | ᠪᠡᠶ᠎ᠡ ᠦᠵᠦᠮ ᠤᠨ ᠰᠢᠬᠢᠷ ᠢ ᠵᠠᠳᠠᠷᠠᠭᠤᠯᠵᠤ ᠠᠮᠵᠢᠬᠤ ᠦᠭᠡᠢ ᠪᠣᠯ ᠰᠢᠬᠢᠷ ᠢᠰᠦᠯᠲᠡ ᠵᠠᠳᠠᠷᠠᠬᠤ ︵ | ᠬᠦᠴᠢᠯᠲᠥᠷᠦᠭᠴᠢ ᠦᠭᠡᠢ︶ ᠲᠦᠷᠭᠡᠨ ᠡᠨᠢᠸ᠋ᠷᠭᠢ ᠬᠠᠩᠭᠠᠨ᠎ᠠ᠂ ᠬᠠᠷᠢᠨ ᠪᠢᠳᠡ ᠵᠠᠷᠢᠮ ᠳᠠᠭᠠᠨ ᠪᠣᠯᠴᠢᠩ ᠱᠠᠷᠬᠢᠷᠠᠵᠤ | ᠡᠪᠡᠳᠬᠦ ᠨᠢ ᠳᠠᠷᠤᠢ ᠰᠢᠬᠢᠷ ᠢᠰᠦᠯᠲᠡ ᠵᠠᠳᠠᠷᠠᠭᠤᠯᠤᠭᠰᠠᠨ ᠪᠦᠲᠦᠭᠡᠭᠳᠡᠬᠦᠨ — ᠰᠦᠨ ᠬᠦᠴᠢᠯ ᠪᠣᠯᠴᠢᠩ ᠳᠤ | ᠣᠪᠤᠭᠠᠷᠠᠭᠰᠠᠨ ᠶᠠᠪᠤᠳᠠᠯ ᠪᠣᠯᠤᠨ᠎ᠠ᠃ | ᠠᠯᠢ ᠡᠷᠲᠡ 1920 ᠣᠨ ᠤ ᠰᠢᠨᠵᠢᠯᠡᠬᠦ ᠤᠬᠠᠭᠠᠨ ᠤ ᠮᠡᠷᠭᠡᠵᠢᠯᠲᠡᠨ ᠨᠦᠭᠦᠳ ᠠᠴᠠ ᠬᠤᠣᠷᠲᠤ | ᠬᠠᠪᠤᠳᠠᠷ ᠤᠨ ᠡᠰ ᠬᠦᠴᠢᠯᠲᠥᠷᠦᠭᠴᠢ ᠲᠠᠢ ᠪᠠᠶᠢᠳᠠᠯ ᠳᠣᠣᠷ᠎ᠠ ᠰᠢᠬᠢᠷ ᠢᠰᠦᠯᠲᠡ ᠵᠠᠳᠠᠷᠠᠬᠤ ᠨᠢ ᠣᠨᠴᠠᠭᠠᠢ | ᠢᠳᠡᠪᠬᠢ ᠲᠠᠢ ᠭᠡᠳᠡᠭ ᠢ ᠢᠯᠡᠷᠡᠭᠦᠯᠵᠡᠢ᠃ ᠬᠡᠪ ᠤᠨ ᠪᠠᠢᠳᠠᠯ ᠳᠣᠣᠷ᠎ᠠ᠂ ᠦᠢᠯᠡᠳᠪᠦᠷᠢ ︵ᠣᠷᠭᠠᠨᠢᠭ ᠴᠣᠭᠴᠠ︶ | ᠡᠮᠬᠢ ᠵᠢᠷᠤᠮ ᠲᠠᠢ ᠪᠠᠷ ᠲᠣᠮᠣ ᠬᠡᠯᠪᠡᠷᠢ ᠶᠢᠨ ᠴᠠᠬᠢᠯᠭᠠᠨ ᠭᠠᠷᠭᠠᠬᠤ ᠥᠷᠲᠡᠭᠡ ︵ᠤᠲᠠᠰᠤᠨ ᠮᠥᠬᠦᠯᠢᠭ ᠪᠡᠶ᠎ᠡ︶ | ᠬᠡᠷᠡᠭᠯᠡᠨ᠎ᠡ᠂ ᠭᠡᠪᠡᠴᠦ ᠬᠠᠪᠤᠳᠠᠷ ᠤᠨ ᠡᠰ ᠲᠤ ᠠᠪᠴᠤ ᠬᠡᠯᠡᠪᠡᠯ᠂ ᠶᠠᠭ ᠯᠠ ᠡᠮᠬᠢ ᠵᠠᠮᠪᠠᠷᠠᠭ᠎ᠠ ᠦᠭᠡᠢ | ᠦᠢᠯᠡᠳᠪᠦᠷᠢ ᠳᠤ ᠰᠢᠭᠢᠳᠦᠭᠰᠡᠨ ᠮᠡᠲᠦ᠂ ᠬᠦᠴᠢᠯᠲᠦ᠋ᠷᠦᠭᠴᠢ ᠲᠠᠢ ᠪᠠᠶᠢᠳᠠᠯ ᠳᠣᠣᠷ᠎ᠠ ᠴᠤ ᠭᠡᠰᠡᠨ᠂ ᠵᠢᠵᠢᠭ | ᠬᠡᠯᠪᠡᠷᠢ ᠶᠢᠨ ᠪᠠᠴᠢᠮ ᠪᠠᠶᠢᠳᠠᠯ ᠢ ᠠᠷᠭᠠᠴᠠᠭᠠᠬᠤ ᠴᠠᠬᠢᠯᠭᠠᠨ ᠭᠠᠷᠭᠠᠬᠤ ᠮᠠᠰᠢᠨ ︵ᠰᠢᠬᠢᠷ ᠢᠰᠦᠯᠲᠡ ᠵᠠᠳᠠᠷᠠᠬᠤ︶ | ᠳᠤ ᠬᠡᠲᠦᠷᠬᠡᠢ ᠲᠦᠰᠢᠭᠯᠡᠵᠦ᠂ ᠪᠦᠬᠦᠶᠢᠯᠡ ᠡᠨᠧᠷᠭᠢ ᠶᠢᠨ ᠬᠠᠩᠭᠠᠯᠭ᠎ᠠ ᠶᠢᠨ ᠰᠢᠰᠲ᠋ᠧᠮ ᠢ ᠨᠢᠭᠡ ᠵᠦᠢᠯ ᠤᠨ ᠬᠡᠪ ᠤᠨ | ᠪᠤᠰᠤ ᠬᠥᠭᠵᠢᠶᠡᠨᠲᠡᠢ ᠪᠠᠶᠢᠳᠠᠯ ᠳᠤ ᠣᠷᠣᠰᠢᠬᠤ ᠪᠣᠯᠭᠠᠨ᠎ᠠ᠃ | ᠭᠠᠩᠰᠠᠷᠠᠬᠤ ᠭᠡᠮ ᠲᠠᠢ ᠬᠥᠮᠦᠰ ᠤᠨ ᠬᠠᠪᠤᠳᠠᠷ ᠤᠨ ᠡᠰ ᠨᠢ ᠵᠢᠵᠢᠭ ᠬᠡᠯᠪᠡᠷᠢ ᠶᠢᠨ ᠪᠠᠴᠢᠮ ᠪᠠᠶᠢᠳᠠᠯ ᠢ | ᠠᠷᠭᠠᠴᠠᠭᠠᠬᠤ ᠴᠠᠬᠢᠯᠭᠠᠨ ᠭᠠᠷᠭᠠᠬᠤ ᠮᠠᠰᠢᠨ ᠳᠤ ᠨᠡᠩ ᠬᠡᠴᠡᠭᠦᠦ ᠲᠦᠰᠢᠭᠯᠡᠵᠦ᠂ ᠶᠠᠭ ᠡᠨᠡ ᠬᠦ ᠡᠷᠦᠶ ᠬᠤᠷᠤᠶ | ᠦᠭᠡᠶ ᠪᠠᠶᠢᠭ᠎ᠠ ᠦᠢᠯᠡᠳᠪᠦᠷᠢ ᠢᠯᠡᠭᠦᠴᠡ ᠳᠠᠷᠤᠯᠲᠠ ᠲᠤᠯᠭᠠᠷᠠᠵᠤ ᠪᠠᠶᠢᠬᠤ ᠦᠶ᠎ᠡ ᠳᠤ᠂ ᠪᠠᠴᠢᠮ ᠪᠠᠶᠢᠳᠠᠯ ᠢ | ᠠᠷᠭᠠᠴᠠᠭᠠᠬᠤ ᠴᠠᠬᠢᠯᠭᠠᠨ ᠭᠠᠷᠭᠠᠬᠤ ᠮᠠᠰᠢᠨ ᠢ ᠭᠠᠯᠵᠠᠭᠤᠷᠠᠭᠰᠠᠨ ᠮᠡᠲᠦ ᠡᠬᠢᠯᠡᠭᠦᠯᠦᠨ ᠠᠵᠢᠯᠯᠠᠭᠤᠯᠬᠤ ᠮᠡᠲᠦ᠃ | ᠰᠤᠳᠤᠯᠭᠠᠨ ᠳᠤ ᠨᠢᠭᠡᠨᠲᠡ᠂ ᠰᠦᠨ ᠬᠦᠴᠢᠯ ᠤᠨ ᠬᠡᠪ ᠤᠨ ᠪᠤᠰᠤ ᠣᠪᠤᠭᠠᠷᠠᠵᠤ ᠡᠰ ᠤᠨ ᠳᠣᠲᠣᠷᠠᠬᠢ ᠲᠣᠭᠲᠠᠭᠤᠨ | ᠪᠠᠶᠢᠳᠠᠯ ᠢ ᠬᠠᠷᠰᠢᠯᠠᠬᠤ ᠨᠢ᠂ ᠥᠮᠡᠨ ᠡᠪᠡᠳᠴᠢᠨ ᠪᠠ ᠡᠭᠡᠯᠢᠯᠡᠬᠦ ᠰᠢᠰᠲ᠋ᠧᠮ ᠤᠨ ᠡᠪᠡᠳᠴᠢᠨ ᠲᠠᠢ ᠨᠢᠭᠲᠠ | ᠬᠤᠯᠪᠣᠭ᠎ᠠ ᠲᠠᠢ ᠭᠡᠳᠡᠭ ᠢ ᠢᠯᠡᠷᠡᠭᠦᠯᠪᠡ᠂ ᠵᠧᠵᠢᠶᠠᠩ ᠶᠡᠭᠡ ᠰᠤᠷᠭᠠᠭᠤᠯᠢ ᠶᠢᠨ ᠬᠠᠷᠢᠶᠠᠲᠤ ᠨᠢᠭᠡᠳᠦᠭᠡᠷ ᠡᠮᠨᠡᠯᠭᠡ ᠶᠢᠨ | ᠬᠤᠷᠢᠶᠠᠨ ᠤ ᠰᠤᠳᠤᠯᠤᠯ ᠨᠢ ᠳᠠᠬᠢᠨᠲᠠ ᠡᠨᠡ ᠬᠦ ᠦᠵᠡᠯᠲᠡ ᠶᠢ ᠭᠡᠷᠡᠴᠢᠯᠡᠪᠡ᠃ | ︽ᠭᠠᠯᠵᠠᠭᠤᠷᠠᠬᠤ︾ ᠶᠢᠨ ᠬᠤᠶᠠᠳᠤᠭᠠᠷ ᠢᠯᠡᠷᠡᠯ ᠨᠢ ᠡᠭᠡᠯᠢᠯᠡᠬᠦ ᠤᠷᠪᠠᠯ ᠢ ᠨᠦᠯᠦᠭᠡᠯᠡᠨ᠎ᠡ᠃ | ᠰᠤᠳᠤᠯᠤᠭᠠᠴᠢᠳ ᠭᠧᠨ ᠤ ᠬᠡᠰᠡᠭ ᠤᠨ ᠵᠠᠳᠠᠯᠤᠯᠲᠠ ᠶᠢᠨ ᠦᠶ᠎ᠡ ᠳᠤ᠂ ᠡᠩ ᠤᠨ ᠬᠥᠬᠦᠨ ᠪᠤᠯᠴᠢᠷᠬᠠᠢ ᠶᠢᠨ | ᠥᠮᠡᠨ ᠡᠪᠡᠳᠴᠢᠨ ᠳᠤ ᠨᠡᠷᠪᠡᠭᠳᠡᠭᠰᠡᠳ ᠲᠠᠢ ᠬᠠᠷᠢᠴᠠᠭᠤᠯᠪᠠᠯ᠂ ᠭᠠᠩᠰᠠᠷᠠᠬᠤ ᠭᠡᠮ ᠪᠠ ᠬᠥᠬᠦᠨ ᠪᠤᠯᠴᠢᠷᠬᠠᠢ ᠶᠢᠨ | ᠥᠮᠡᠨ ᠡᠪᠡᠳᠴᠢᠨ ᠳᠤ ᠵᠡᠷᠭᠡ ᠪᠠᠷ ᠨᠡᠷᠪᠡᠭᠳᠡᠭᠰᠡᠳ ᠤᠨ ᠬᠠᠪᠤᠳᠠᠷ ᠤᠨ ᠡᠰ ᠲᠤ᠂ ᠨᠢᠭᠡ ᠵᠦᠢᠯ ᠤᠨ ᠭᠤᠣᠯ | ᠵᠣᠬᠢᠴᠠᠬᠤ ᠨᠡᠶᠢᠯᠡᠮᠡᠯ ᠴᠣᠭᠴᠠ I ︵MHC -I︶ ᠭᠧᠨ ᠤ ᠢᠯᠡᠷᠬᠡᠢᠯᠡᠯᠲᠡ ᠨᠢ ᠪᠠᠭᠤᠷᠠᠭᠰᠠᠨ ᠭᠡᠳᠡᠭ ᠢ | ᠢᠯᠡᠷᠡᠭᠦᠯᠵᠡᠢ ᠃ | ᠪᠢᠳᠡ ᠠᠨᠲ᠋ᠢᠭᠧᠡ ᠢ ᠨᠢᠭᠡ ᠤᠳᠠᠭᠠᠨ ᠤ ︽ᠮᠡᠳᠡᠭᠡᠯᠡᠯ ᠳᠠᠮᠵᠢᠭᠤᠯᠬᠤ ᠠᠵᠢᠯᠯᠠᠭ᠎ᠠ︾ ᠪᠠᠷ ᠦᠵᠡᠵᠦ | ᠪᠣᠯᠤᠨ᠎ᠠ ᠃ ᠪᠡᠶ᠎ᠡ ᠨᠢ ᠶᠠᠭ ᠯᠠ ᠳᠠᠶᠢᠨ ᠤ ᠲᠠᠯᠠᠪᠤᠷ ᠶᠤᠮ ᠰᠢᠭ᠂ ᠬᠤᠣᠷᠲᠤ ᠬᠠᠪᠤᠳᠠᠷ ᠤᠨ ᠡᠰ ᠵᠡᠷᠭᠡ ︽ | ᠳᠠᠶᠢᠰᠤᠨ︾ ᠲᠠᠰᠤᠷᠠᠯᠲᠠ ᠦᠭᠡᠢ ᠡᠪᠳᠡᠨ᠎ᠡ᠃ | ᠭᠤᠣᠯ ᠵᠣᠬᠢᠴᠠᠬᠤ ᠨᠡᠶᠢᠯᠡᠮᠡᠯ ᠴᠣᠭᠴᠠ I ᠭᠧᠨ ᠪᠣᠯ ᠡᠷᠡᠯᠬᠡᠭ ᠪᠠᠭᠠᠲᠤᠷᠯᠢᠭ ᠮᠡᠳᠡᠭᠡᠯᠡᠭᠴᠢ ᠰᠢᠭ᠋ ᠂ ᠲᠡᠳᠡ | ᠬᠠᠪᠤᠳᠠᠷ ᠤᠨ ᠡᠰ ᠭᠡᠬᠦ ᠡᠨᠡ ᠬᠦ ︽ᠳᠠᠶᠢᠰᠤᠨ︾ ᠤ ᠣᠨᠴᠠᠯᠢᠭ ᠪᠦᠬᠦᠢ ᠮᠡᠳᠡᠭᠡ ᠵᠠᠩᠭᠢ ᠶᠢ ᠴᠤᠭᠯᠠᠭᠤᠯᠬᠤ ᠶᠢ | ᠬᠠᠷᠢᠭᠤᠴᠠᠵᠤ᠂ ᠳᠠᠷᠠᠭ᠎ᠠ ᠨᠢ ᠡᠳᠡᠭᠡᠷ ᠮᠡᠳᠡᠭᠡ ᠵᠠᠩᠭᠢ ᠶᠢ ᠡᠭᠡᠯᠢᠯᠡᠬᠦ ᠰᠢᠰᠲ᠋ᠧᠮ ᠤᠨ ᠡᠨᠡ ᠬᠦ ︽ᠪᠠᠶᠢᠯᠳᠤᠭᠠᠨ ᠤ | ᠵᠢᠯᠣᠭᠤᠳᠬᠤ ᠭᠠᠵᠠᠷ︾ ᠲᠤ ᠳᠠᠮᠵᠢᠭᠤᠯᠤᠨ᠎ᠠ ᠃ ᠢᠩᠭᠢᠪᠡᠯ ᠡᠭᠡᠯᠢᠯᠡᠬᠦ ᠰᠢᠰᠲ᠋ᠧᠮ ᠨᠢ ᠡᠳᠡᠭᠡᠷ ᠮᠡᠳᠡᠭᠡ ᠵᠠᠩᠭᠢ ᠶᠢ | ᠦᠨᠳᠦᠰᠦᠯᠡᠨ ᠲᠤᠰᠬᠠᠢ ︽ᠪᠠᠶᠢᠯᠳᠤᠭᠠᠨ ᠤ ᠴᠡᠷᠢᠭ︾ ᠲᠣᠮᠢᠯᠠᠵᠤ ︵ᠵᠢᠱᠢᠶᠠᠯᠡᠪᠡᠯ T ᠡᠰ ᠵᠡᠷᠭᠡ ᠡᠭᠡᠯᠢᠯᠡᠬᠦ ᠡᠰ︶ | ᠬᠤᠣᠷᠲᠤ ᠬᠠᠪᠤᠳᠠᠷ ᠢ ᠡᠰᠡᠷᠭᠦᠴᠡᠨ᠎ᠡ ᠃ | ᠭᠡᠪᠡᠴᠦ ᠭᠠᠩᠰᠠᠷᠠᠬᠤ ᠭᠡᠮ ᠲᠠᠢ ᠡᠪᠡᠳᠴᠢᠲᠡᠨ ᠤ ᠬᠤᠣᠷᠲᠤ ᠬᠠᠪᠤᠳᠠᠷ ᠤᠨ ᠡᠰ ᠲᠤ᠂ ᠡᠳᠡᠭᠡᠷ | ᠮᠡᠳᠡᠭᠡᠯᠡᠭᠴᠢ ︵MHC-I ᠭᠧᠨ︶ ᠪᠠᠭᠠᠰᠪᠠ᠂ ᠳᠠᠶᠢᠨ ᠤ ᠴᠡᠷᠢᠭ ᠠᠩᠭᠢ ︵ T ᠡᠰ ᠵᠡᠷᠭᠡ ᠡᠭᠡᠯᠢᠯᠡᠬᠦ ᠡᠰ︶ | ᠰᠢᠷᠬᠠᠲᠤᠵᠤ᠂ ᠳᠠᠶᠢᠰᠤᠨ ᠢ ᠰᠠᠶᠢᠨ ᠲᠠᠨᠢᠬᠤ ᠶᠢᠨ ᠠᠷᠭ᠎ᠠ ᠦᠭᠡᠢ ᠮᠦᠷᠲᠡᠭᠡᠨ ᠥᠨᠳᠥᠷ ᠦᠷ᠎ᠡ ᠪᠦᠲᠦᠮᠵᠢᠲᠡᠢ | ᠳᠠᠭᠠᠷᠢᠯᠲᠠ ᠬᠢᠵᠦ ᠳᠡᠶᠢᠯᠬᠦ ᠦᠭᠡᠢ ᠠᠴᠠ ᠬᠤᠣᠷᠲᠤ ᠬᠠᠪᠤᠳᠠᠷ ᠲᠠᠰᠤᠷᠠᠯᠲᠠ ᠦᠭᠡᠢ ᠦᠷᠭᠡᠳᠬᠦ ᠪᠣᠯᠤᠨ᠎ᠠ ᠃ | ︽ ᠰᠡᠳᠭᠢᠯ ᠰᠠᠨᠠᠭ᠎ᠠ ᠨᠢ ᠠᠯᠢᠪᠠ ᠶᠢ ᠲᠣᠭᠲᠠᠭᠠᠨ᠎ᠠ︾᠃ ᠣᠳᠣᠬᠠᠨ ᠳᠤ᠂ ᠠᠮᠢᠳᠤᠷᠠᠯ ᠤᠨ ᠡᠩ ᠤᠨ | ᠶᠠᠷᠢᠶ᠎ᠠ ᠬᠡᠯᠡᠯᠴᠡᠭᠡ᠂ ᠠᠶᠢᠵᠠᠮ ᠲᠦᠷᠭᠡᠳᠬᠦ᠂ ᠳᠠᠷᠤᠯᠲᠠ ᠶᠡᠬᠡᠰᠬᠦ ᠶᠢ ᠳᠠᠭᠠᠯᠳᠤᠨ᠂ ᠪᠢᠳᠡ ᠨᠠᠵᠠᠭᠠᠢ ᠲᠠᠯ᠎ᠠ ᠶᠢᠨ | ᠤᠷᠮ᠎ᠠ ᠰᠡᠳᠬᠢᠯᠭᠡ ᠶᠢ ᠵᠥᠪ ᠣᠨᠣᠪᠴᠢᠲᠠᠢ ᠰᠢᠢᠳᠪᠦᠷᠢᠯᠡᠬᠦ ᠶᠢ ᠰᠤᠷᠴᠤ᠂ ᠵᠣᠬᠢᠰᠲᠠᠢ ᠬᠥᠳᠡᠯᠭᠡᠭᠡᠨ ᠬᠢᠬᠦ ᠶᠢ | ᠪᠠᠷᠢᠮᠲᠠᠯᠠᠵᠤ᠂ ᠰᠠᠶᠢᠨ ᠰᠠᠶᠢᠬᠠᠨ ᠠᠵᠢᠯᠯᠠᠵᠤ ᠠᠮᠠᠷᠠᠬᠤ ᠪᠠᠨ ᠪᠠᠲᠤᠯᠠᠬᠤ ᠬᠡᠷᠡᠭᠲᠡᠢ᠃ ᠭᠠᠩᠰᠠᠷᠠᠬᠤ ᠭᠡᠮ | ᠡᠪᠡᠳᠴᠢᠨ ᠲᠠᠢ ᠡᠮᠡᠭᠲᠡᠢ ᠡᠪᠡᠳᠴᠢᠲᠡᠨ ᠬᠥᠬᠦᠨ ᠪᠤᠯᠴᠢᠷᠬᠠᠢ ᠶᠢᠨ ᠬᠡᠳᠦ ᠳᠠᠭᠤᠨ ᠪᠠᠶᠢᠴᠠᠭᠠᠯᠲᠠ ᠶᠢ ᠡᠩ ᠤᠨ | ᠪᠡᠶ᠎ᠡ ᠶᠢᠨ ᠪᠠᠢᠴᠠᠭᠠᠯᠲᠠ ᠶᠢᠨ ᠲᠥᠷᠥᠯ ᠵᠦᠢᠯ ᠪᠣᠯᠭᠠᠵᠤ ᠪᠣᠯᠤᠨ᠎ᠠ᠃ | |