ᠠᠷᠪᠠᠨ ᠦᠷᠡᠵᠢᠯ ᠤᠨ ᠡᠷᠡᠭᠦᠯ ᠮᠡᠨᠳᠦ ᠶᠢᠨ ᠲᠤᠬᠠᠢ ᠮᠡᠳᠡᠯᠭᠡ᠂ ᠲᠠ ᠬᠡᠳᠦᠢ ᠮᠡᠳᠡᠬᠦ ᠪᠤᠢ︖
ᠨᠡᠶᠢᠲᠡᠯᠡᠭᠰᠡᠨ ᠴᠠᠭ᠄
2024/12/23
        1. ᠦᠷᠡᠵᠢᠯ ᠤᠨ ᠲᠤᠬᠠᠢ ᠶᠠᠷᠢᠬᠤ ᠳᠤ᠂ ᠡᠷᠡᠭᠦᠯ ᠠᠮᠢᠳᠤᠷᠠᠯ ᠤᠨ ᠠᠷᠭ᠎ᠠ ᠮᠠᠶ᠋ᠢᠭ ᠨᠢ ᠨᠡᠩ ᠴᠢᠬᠤᠯᠠ ᠶᠤᠮ ᠦᠦ ᠡᠰᠡᠭᠦᠯ᠎ᠡ ᠨᠠᠰᠤ ᠵᠢᠯ ᠨᠡᠩ ᠴᠢᠬᠤᠯᠠ ᠶᠤᠨ ᠦᠦ︖        ᠬᠡᠲᠦ᠋ᠢᠪᠡᠷ ᠡᠷᠠᠭᠦᠯ ᠠᠮᠢᠲᠣᠷᠠᠯ ᠤᠨ ᠬᠡᠯᠪᠠᠷᠢ ᠨᠢ ᠯᠠᠪᠲᠠᠢ ᠵᠢᠷᠮᠦᠰᠦᠯᠡᠬᠦ ᠳᠤ ᠵᠣᠬᠢᠬᠤ ᠬᠠᠪᠰᠤᠷᠤᠯᠭ᠎ᠠ ᠦᠵᠡᠭᠦᠯᠬᠦ ᠪᠣᠯᠪᠠᠴᠤ ᠡᠵᠢ ᠪᠣᠯᠤᠭᠰᠠᠳ ᠤᠨ ᠨᠠᠰᠦ ᠨᠢ ᠵᠢᠷᠮᠦᠰᠦᠯᠡᠬᠦ ᠢ ᠨᠦᠯᠣᠭᠡᠯᠠᠭᠦ ᠴᠢᠬᠤᠯᠠ ᠬᠦᠢᠴᠣᠠ ᠵᠦᠢᠯ ᠪᠤᠯᠬᠤ ᠶᠣᠮ᠃ ᠡᠮᠡᠭᠲᠡᠢ ᠬᠥᠮᠥᠨ ᠲᠥᠷᠥᠮᠡᠭᠴᠡ ᠠᠯᠢᠪᠠ ᠥᠨᠳᠡᠭᠡ ᠲᠠᠢ ᠪᠣᠯᠳᠠᠭ᠂ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠡᠳᠡᠭᠡᠷ ᠦᠨᠳᠡᠭᠡ ᠬᠠᠰᠤᠭᠳᠠᠬᠤ ᠠᠴᠠ ᠪᠢᠰᠢ ᠨᠡᠮᠡᠭᠳᠡᠬᠦ ᠦᠭᠡᠢ ᠶᠤᠮ᠃ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ᠂ ᠡᠷᠡᠭᠲᠡᠶᠢᠴᠦᠳ ᠤᠨ ᠦᠷᠡᠵᠢᠬᠦ ᠴᠢᠳᠠᠪᠤᠷᠢ ᠪᠠᠰᠠ ᠪᠠᠭᠤᠷᠠᠨ᠎ᠠ᠂ ᠭᠡᠪᠡᠴᠦ ᠡᠮᠡᠭᠲᠡᠶᠢᠴᠦᠳ ᠲᠠᠢ ᠬᠠᠷᠢᠴᠠᠭᠤᠯᠪᠠᠯ ᠬᠤᠷᠳᠤᠴᠠ ᠨᠢ ᠬᠠᠷᠢᠴᠠᠩᠭᠤᠢ ᠤᠳᠠᠭᠠᠨ ᠪᠠᠶᠢᠳᠠᠭ᠃        2. ᠨᠠᠰᠤ ᠵᠢᠯ ᠦᠷᠡᠵᠢᠯ ᠤᠨ ᠴᠢᠳᠠᠪᠤᠷᠢ ᠳᠠᠬᠢ ᠨᠦᠯᠦᠭᠡ︖        ᠡᠮᠡᠭᠲᠡᠶᠢᠴᠦᠳ ᠤᠨ ᠵᠢᠷᠮᠦᠰᠦᠯᠡᠬᠦ ᠨᠣᠷᠮ᠎ᠠ ᠨᠠᠰᠤ ᠵᠢᠯ ᠤᠨ ᠨᠡᠮᠡᠭᠳᠡᠯ ᠢ ᠳᠠᠭᠠᠯᠳᠤᠨ ᠪᠠᠭᠤᠷᠠᠨ᠎ᠠ ᠭᠡᠳᠡᠭ ᠢ ᠣᠯᠠᠩᠬᠢ ᠬᠦᠮᠦᠰ ᠮᠡᠳᠡᠵᠦ ᠪᠠᠶᠢᠪᠠᠴᠤ ᠡᠮᠡᠭᠲᠡᠶᠢᠴᠦᠳ ᠤᠨ ᠦᠷᠡᠵᠢᠬᠦ ᠴᠢᠳᠠᠪᠤᠷᠢ 30 ᠨᠠᠰᠤᠨ ᠠᠴᠠ ᠬᠤᠶᠢᠰᠢ ᠡᠬᠢᠯᠡᠵᠦ ᠪᠠᠭᠤᠷᠠᠬᠤ ᠶᠢ ᠮᠡᠳᠡᠬᠦ ᠦᠭᠡᠢ ᠪᠠᠶᠢᠳᠠᠭ᠃ 35 ᠨᠠᠰᠤᠨ ᠠᠴᠠ ᠰᠡᠭᠦᠯᠡᠷ᠂ ᠡᠮᠡᠭᠲᠡᠶᠢᠴᠦᠳ ᠤᠨ ᠦᠷᠡᠵᠢᠬᠦ ᠴᠢᠳᠠᠪᠤᠷᠢ ᠨᠡᠩ ᠲᠦᠷᠭᠡᠨ ᠪᠠᠭᠤᠷᠠᠨ᠎ᠠ᠃ ᠣᠷᠣᠢ ᠬᠡᠦᠬᠡᠳ ᠠᠪᠬᠤ ᠬᠠᠨᠳᠤᠰᠢ ᠠᠴᠠ ᠪᠣᠯᠵᠤ᠂ ᠤᠯᠠᠮ ᠠᠴᠠ ᠤᠯᠠᠮ ᠣᠯᠠᠨ ᠡᠮᠡᠭᠲᠡᠶᠢᠴᠦᠳ ᠨᠠᠰᠤᠨ ᠳᠤ ᠬᠤᠯᠪᠣᠭᠳᠠᠬᠤ ᠦᠯᠦ ᠵᠢᠷᠮᠦᠰᠦᠯᠡᠬᠦ ᠭᠡᠮ ᠪᠠ ︽ᠳᠠᠬᠢᠨ ᠦᠯᠦ ᠵᠢᠷᠮᠦᠰᠦᠯᠡᠬᠦ ᠭᠡᠮ︾ ︵ᠲᠤᠬᠠᠶᠢᠯᠠᠪᠠᠯ ᠡᠮᠡᠭᠲᠡᠶᠢᠴᠦᠳ ᠥᠩᠭᠡᠷᠡᠭᠰᠡᠨ ᠳᠤ ᠵᠢᠷᠮᠦᠰᠦᠯᠡᠵᠦ ᠳᠡᠶᠢᠯᠦᠨ᠎ᠡ᠂ ᠭᠡᠪᠡᠴᠦ ᠳᠠᠬᠢᠨ ᠵᠢᠷᠮᠦᠰᠦᠯᠡᠬᠦ ᠳᠤ ᠬᠦᠴᠢᠷ︶᠃ᠨᠠᠰᠤ ᠵᠢᠯ ᠤᠨ ᠨᠡᠮᠡᠭᠳᠡᠯ ᠢ ᠳᠠᠭᠠᠯᠳᠤᠨ᠂ ᠦᠷ᠎ᠡ ᠶᠢᠨ ᠡᠰ ᠤᠨ ᠴᠢᠨᠠᠷ ᠠᠭᠠᠵᠢᠮ ᠢᠶᠠᠷ ᠪᠠᠭᠤᠷᠠᠨ᠎ᠠ᠂ ᠡᠷᠡᠭᠲᠡᠶᠢᠴᠦᠳ ᠤᠨ ᠦᠷᠡᠵᠢᠬᠦ ᠴᠢᠳᠠᠪᠤᠷᠢ ᠴᠤ ᠠᠭᠠᠵᠢᠮ ᠢᠶᠠᠷ ᠪᠠᠭᠤᠷᠠᠳᠠᠭ᠃ ᠬᠡᠷᠪᠡ ᠡᠷᠡᠭᠲᠡᠢ ᠶᠢᠨ ᠲᠠᠯ᠎ᠠ ᠶᠢᠨ ᠨᠠᠰᠤ ᠨᠢ 45 ᠨᠠᠰᠤ ᠬᠡᠲᠦᠷᠡᠭᠰᠡᠨ ᠪᠣᠯ ᠡᠮᠡᠭᠲᠡᠶᠢᠴᠦᠳ ᠤᠨ ᠵᠢᠷᠮᠦᠰᠦᠯᠡᠭᠦᠯᠬᠦ ᠳᠤ ᠬᠡᠷᠡᠭᠴᠡᠬᠦ ᠴᠠᠭ ᠤᠷᠳᠤᠰᠳᠤᠨ᠎ᠠ᠃        3. ᠪᠡᠶ᠎ᠡ ᠶᠢᠨ ᠬᠦᠨᠳᠦ ᠦᠷᠡᠵᠢᠬᠦ ᠴᠢᠳᠠᠪᠤᠷᠢ ᠳᠤ ᠨᠥᠯᠥᠭᠡ ᠦᠭᠡᠢ︖        ᠡᠷᠡᠭᠲᠡᠶᠢᠴᠦᠳ ᠤᠨ ᠪᠡᠶ᠎ᠡ ᠶᠢᠨ ᠬᠦᠨᠳᠦ ᠨᠢ ᠬᠡᠲᠦᠷᠬᠡᠢ ᠬᠥᠩᠭᠡᠨ ︵BMI 20 ᠠᠴᠠ ᠪᠠᠭ᠎ᠠ︶ ᠪᠤᠶᠤ ᠬᠡᠳᠦ ᠬᠦᠨᠳᠦ ᠨᠢ ︵BMI 25 ᠠᠴᠠ ᠶᠡᠭᠡ︶ ᠠᠨᠠᠢ ᠦᠷ᠎ᠡ ᠶᠢᠨ ᠡᠰ ᠤᠨ ᠴᠢᠨᠠᠷ ᠲᠠᠢ ᠬᠤᠯᠪᠤᠭ᠎ᠠ ᠲᠠᠢ ᠪᠠᠶᠢᠳᠠᠭ ᠃ ᠡᠷᠡᠭᠲᠡᠶᠢᠴᠦᠳ ᠦᠯᠦ ᠦᠷᠡᠵᠢᠬᠦ ᠨᠢ ᠲᠠᠷᠭᠤᠨ ᠡᠴᠡᠩᠬᠡᠢ ᠲᠠᠢ ᠬᠤᠯᠪᠣᠭ᠎ᠠ ᠲᠠᠢ ᠶᠤᠮ᠃        ᠡᠮᠡᠭᠲᠡᠶᠢᠴᠦᠳ ᠤᠨ ᠪᠡᠶ᠎ᠡ ᠶᠢᠨ ᠵᠢᠩ ᠤᠨ ᠵᠢᠭᠠᠯᠲᠠ ᠲᠤᠭ᠎ᠠ ᠨᠢ 25 ᠪᠤᠶᠤ ᠲᠡᠭᠦᠨ ᠠᠴᠠ ᠳᠡᠭᠡᠭᠰᠢ ᠪᠣᠯ ᠪᠡᠶ᠎ᠡ ᠶᠢᠨ ᠬᠦᠨᠳᠦ ᠨᠢ ᠬᠡᠪ ᠤᠨ ᠡᠮᠡᠭᠲᠡᠢ ᠠᠴᠠ ᠵᠢᠷᠮᠦᠰᠦᠯᠡᠬᠦ ᠲᠣᠬᠢᠶᠠᠯᠳᠣᠮᠵᠢ ᠨᠡᠩ ᠪᠠᠭ᠎ᠠ᠂ ᠵᠢᠷᠮᠦᠰᠦᠯᠡᠬᠦ ᠳᠤ ᠬᠡᠷᠡᠭᠰᠡᠬᠦ ᠴᠠᠭ ᠨᠢ ᠨᠡᠩ ᠤᠷᠲᠤ ᠪᠠᠶᠢᠳᠠᠭ᠃        4. ᠬᠡᠲᠦ ᠬᠦᠨᠳᠦ ᠪᠤᠶᠤ ᠮᠠᠷᠢᠶᠠᠯᠢᠭ ᠡᠮᠡᠭᠲᠡᠶᠢᠴᠦᠳ ᠵᠢᠷᠮᠦᠰᠦᠯᠡᠬᠦ ᠳᠤ ᠶᠠᠮᠠᠷ ᠠᠶᠤᠯ ᠲᠦᠭᠰᠢᠭᠦᠷᠢ ᠨᠡᠮᠡᠭᠳᠡᠬᠦ ᠪᠤᠢ︖        ᠲᠠᠷᠭᠤᠯᠠᠬᠤ ᠲᠠᠢ ᠬᠤᠯᠪᠣᠭ᠎ᠠ ᠲᠠᠢ ᠵᠢᠷᠮᠦᠰᠦᠯᠡᠬᠦ ᠬᠠᠮ ᠡᠪᠡᠳᠴᠢᠨ ᠳᠤ ᠴᠢᠰᠤᠨ ᠳᠠᠷᠤᠯᠲᠠ ᠥᠨᠳᠥᠷ᠂ ᠲᠠᠲᠠᠮᠨᠠᠷ᠎ᠠ ᠶᠢᠨ ᠢᠯᠡᠷᠡᠯ᠂ ᠰᠢᠬᠢᠷ ᠰᠢᠵᠢᠩ ᠡᠪᠡᠳᠴᠢᠨ᠂ ᠬᠠᠯᠳᠠᠪᠤᠷᠢᠯᠠᠯ ᠪᠣᠯᠤᠨ ᠴᠢᠰᠤᠨ ᠪᠥᠭᠯᠡᠭᠡ ᠵᠡᠷᠭᠡ ᠡᠪᠡᠳᠴᠢᠨ ᠪᠠᠭᠲᠠᠨ᠎ᠠ᠃ ᠬᠡᠳᠦ ᠬᠦᠨᠳᠦ ᠡᠮᠡᠭᠲᠡᠢ ᠤᠷᠢᠳ ᠢᠶᠠᠷ ᠲᠠᠲᠠᠮᠨᠠᠷ᠎ᠠ ᠶᠢᠨ ᠢᠯᠡᠷᠡᠯ ᠳᠤ ᠨᠡᠷᠪᠡᠭᠳᠡᠬᠦ ᠲᠦᠭᠰᠢᠭᠦᠷᠢ ᠨᠢᠭᠡ ᠳᠠᠬᠢᠨ ᠨᠡᠮᠡᠭᠳᠡᠨ᠎ᠡ᠂ ᠮᠠᠷᠢᠶᠠᠯᠢᠭ ᠡᠮᠡᠭᠲᠡᠢ ᠬᠠᠷᠢᠨ ᠭᠤᠷᠪᠠᠨ ᠳᠠᠬᠢᠨ ᠨᠡᠮᠡᠭᠳᠡᠨ᠎ᠡ᠃        5. ᠲᠠᠮᠠᠬᠢ ᠲᠠᠲᠠᠬᠤ ᠨᠢ ᠦᠷᠡᠵᠢᠬᠦ ᠴᠢᠳᠠᠪᠤᠷᠢ ᠳᠤ ᠦᠵᠡᠭᠦᠯᠬᠦ ᠨᠦᠯᠤᠭᠡ︖        ᠲᠠᠮᠠᠬᠢ ᠲᠠᠲᠠᠭᠴᠢ ᠶᠢᠨ ᠦᠯᠦ ᠵᠢᠷᠮᠦᠰᠦᠯᠡᠬᠦ ᠲᠦᠭᠰᠢᠭᠦᠷᠢ ᠲᠠᠮᠠᠬᠢ ᠲᠠᠲᠠᠬᠤ ᠦᠭᠡᠢ ᠬᠥᠮᠦᠰ ᠤᠨ 2 ᠳᠠᠬᠢᠨ᠃ ᠲᠠᠮᠠᠬᠢ ᠲᠠᠲᠠᠬᠤ ᠨᠢ ᠪᠦᠬᠦ ᠪᠡᠶᠡᠨ ᠳᠤ ᠪᠦᠷ ᠨᠠᠵᠠᠭᠠᠢ ᠨᠥᠯᠥᠭᠡ ᠦᠵᠡᠭᠦᠯᠳᠡᠭ᠂ ᠥᠨᠳᠡᠭᠡ᠂ ᠦᠷ᠎ᠡ ᠶᠢᠨ ᠡᠰ ᠵᠡᠷᠭᠡ ᠶᠢ ᠪᠠᠰᠠ ᠪᠠᠭᠲᠠᠭᠠᠨ᠎ᠠ᠃ ᠲᠠᠮᠠᠬᠢ ᠲᠠᠲᠠᠬᠤ ᠨᠢ ᠪᠠᠰᠠ ᠵᠢᠷᠮᠦᠰᠦᠨ ᠬᠤᠭᠤᠴᠠᠭᠠᠨ ᠳᠤ ᠳᠠᠪᠬᠤᠴᠠᠭᠰᠠᠨ ᠪᠠ ᠦᠷ᠎ᠡ ᠬᠡᠦᠬᠡᠳ ᠤᠨ ᠡᠷᠡᠭᠦᠯ ᠮᠡᠨᠳᠦ ᠶᠢᠨ ᠠᠰᠠᠭᠤᠳᠠᠯ ᠡᠭᠦᠰᠬᠦ ᠲᠦᠭᠰᠢᠭᠦᠷᠢ ᠶᠢ ᠨᠡᠮᠡᠭᠳᠡᠭᠦᠯᠦᠨ᠎ᠡ᠃ ᠵᠢᠷᠮᠦᠰᠦᠯᠡᠬᠦ ᠠᠴᠠ ᠪᠠᠨ ᠡᠮᠦᠨ᠎ᠡ ᠲᠠᠮᠠᠬᠢ ᠪᠠᠨ ᠵᠣᠭᠰᠣᠬᠤ ᠨᠢ ᠡᠳᠡᠭᠡᠷ ᠠᠶᠤᠯ ᠲᠦᠭᠰᠢᠭᠦᠷᠢ ᠶᠢ ᠪᠠᠭᠠᠰᠬᠠᠬᠤ ᠴᠣᠷ ᠤᠨ ᠭᠠᠭᠴᠠ ᠠᠷᠭ᠎ᠠ ᠪᠣᠯᠤᠨ᠎ᠠ᠃        6. ᠬᠦᠳᠡᠯᠦᠩᠭᠦᠢ ᠪᠤᠰᠤ ᠪᠠᠷ ᠲᠠᠮᠠᠬᠢ ᠲᠠᠲᠠᠬᠤ ︵ᠳᠠᠮ ᠲᠠᠮᠠᠬᠢ︶ ᠨᠢ ᠦᠷᠡᠵᠢᠬᠦ ᠴᠢᠳᠠᠪᠤᠷᠢ ᠶᠢ ᠨᠦᠯᠦᠭᠡᠯᠡᠨ᠎ᠡ ᠦᠦ︖        ᠬᠦᠳᠡᠯᠦᠩᠭᠦᠢ ᠪᠤᠰᠤ ᠪᠠᠷ ᠳᠠᠮᠠᠬᠢ ᠲᠠᠲᠠᠬᠤ ᠨᠢ ᠮᠦᠨ ᠴᠦ ᠦᠷᠡᠵᠢᠬᠦ ᠴᠢᠳᠠᠪᠤᠷᠢ ᠳᠤ ᠠᠰᠢᠭ ᠦᠭᠡᠢ ᠨᠦᠯᠦᠭᠡ ᠤᠴᠠᠷᠠᠭᠤᠯᠤᠨ᠎ᠠ᠂ 14% ᠶᠢᠨ ᠬᠦᠳᠡᠯᠦᠩᠭᠦᠢ ᠪᠤᠰᠤ ᠪᠠᠷ ᠳᠠᠮᠠᠬᠢ ᠲᠠᠲᠠᠭᠴᠢᠳ ᠳᠠᠮᠠᠬᠢ ᠲᠠᠲᠠᠬᠤ ᠦᠭᠡᠢ ᠭᠡᠷ ᠪᠦᠯᠢ ᠳᠤ ᠠᠮᠢᠳᠤᠷᠠᠵᠤ ᠪᠠᠶᠢᠭ᠎ᠠ ᠬᠦᠮᠦᠰ ᠠᠴᠠ ᠨᠡᠩ ᠤᠷᠲᠤ ᠬᠤᠭᠤᠴᠠᠭ᠎ᠠ ᠬᠡᠷᠡᠭᠰᠡᠪᠡᠯ ᠰᠠᠶ᠋ᠢ ᠵᠢᠷᠮᠦᠰᠦᠯᠡᠵᠦ ᠳᠡᠶᠢᠯᠳᠡᠭ ᠭᠡᠳᠡᠭ ᠢ ᠰᠣᠳᠤᠯᠭᠠᠨ ᠭᠡᠷᠡᠴᠢᠯᠡᠪᠡ ᠪᠠᠶᠢᠨ᠎ᠠ᠃        7 . ᠲᠠᠮᠠᠬᠢ ᠲᠠᠲᠠᠬᠤ ᠨᠢ ᠦᠷᠡᠵᠢᠬᠦ ᠴᠢᠳᠠᠪᠤᠷᠢ ᠳᠤ ᠦᠵᠡᠭᠦᠯᠬᠦ ᠨᠥᠯᠥᠭᠡ ᠨᠢ ᠰᠦᠷᠴᠦ ᠪᠣᠯᠤᠰᠢ ᠦᠭᠡᠢ ᠦᠦ︖        ᠨᠢᠭᠡ ᠵᠢᠯ ᠲᠠᠮᠠᠬᠢ ᠪᠠᠨ ᠵᠣᠭᠰᠣᠭᠰᠠᠨ ᠤ ᠳᠠᠷᠠᠭ᠎ᠠ᠂ ᠲᠠᠮᠠᠬᠢ ᠲᠠᠲᠠᠭᠰᠠᠨ ᠠᠴᠠ ᠪᠣᠯᠵᠤ ᠦᠷᠡᠵᠢᠬᠦ ᠳᠤ ᠦᠵᠡᠭᠦᠯᠬᠦ ᠨᠦᠯᠦᠭᠡ ᠶᠢᠨ ᠶᠡᠬᠡᠩᠬᠢ ᠬᠡᠰᠡᠭ ᠢ ᠰᠡᠷᠭᠦᠭᠡᠵᠦ ᠪᠣᠯᠣᠨ᠎ᠠ᠃        8. ᠠᠷᠢᠬᠢ ᠤᠤᠭᠤᠬᠤ ᠨᠢ ᠦᠷᠡᠵᠢᠬᠦ ᠴᠢᠳᠠᠪᠤᠷᠢ ᠳᠤ ᠦᠵᠡᠭᠦᠯᠬᠦ ᠨᠥᠯᠥᠭᠡ︖        ᠬᠡᠳᠦᠢ ᠪᠠᠷ ᠣᠳᠣ ᠪᠠᠷ ᠪᠠᠭ᠎ᠠ ᠠᠴᠠ ᠳᠤᠮᠳᠠ ᠵᠡᠷᠭᠡ ᠠᠷᠢᠬᠢ ᠤᠤᠭᠤᠬᠤ ᠨᠢ ᠦᠷᠡᠵᠢᠬᠦ ᠴᠢᠳᠠᠪᠤᠷᠢ ᠶᠢ ᠨᠥᠯᠦᠭᠡᠯᠡᠭᠰᠡᠨ ᠭᠡᠷᠡᠴᠢ ᠪᠠᠷᠢᠮᠲᠠ ᠨᠢ ᠬᠠᠷᠠᠬᠠᠨ ᠲᠣᠳᠣᠷᠬᠠᠢ ᠦᠭᠡᠢ ᠪᠠᠶᠢᠭ᠎ᠠ ᠴᠤ ᠵᠢᠷᠮᠦᠰᠦᠯᠡᠬᠦ ᠪᠠᠷ ᠪᠡᠯᠡᠳᠬᠡᠵᠦ ᠪᠠᠶᠢᠭ᠎ᠠ ᠡᠮᠡᠭᠲᠡᠶᠢᠴᠦᠳ ᠠᠷᠢᠬᠢ ᠪᠦᠷᠢᠮᠦᠰᠦᠨ ᠴᠡᠭᠡᠷᠯᠡᠬᠦ ᠶᠢ ᠰᠠᠨᠠᠭᠤᠯᠵᠤ ᠪᠠᠶᠢᠨ᠎ᠠ᠃        9. ᠵᠢᠷᠮᠦᠰᠦᠯᠡᠬᠦ ᠪᠠᠷ ᠪᠡᠯᠡᠳᠬᠡᠵᠦ ᠪᠠᠶᠢᠭ᠎ᠠ ᠡᠷᠡᠭᠲᠡᠶᠢᠴᠦᠳ ᠬᠠᠯᠠᠭᠤᠨ ᠤᠰᠤ ᠪᠠᠷ ᠪᠡᠶ᠎ᠡ ᠤᠭᠢᠶᠠᠬᠤ᠂ ᠤᠰᠤᠨ ᠡᠮᠴᠢᠯᠡᠭᠡ᠂ ᠰᠠᠦ᠋ᠨᠠ ᠬᠢᠬᠦ ᠠᠴᠠ ᠵᠠᠶᠢᠯᠠᠰᠬᠢᠬᠤ ᠴᠢᠬᠤᠯᠠᠲᠠᠢ ᠦᠦ︖        ᠦᠷ᠎ᠡ ᠶᠢᠨ ᠡᠰ ᠲᠦᠮᠦᠰᠦᠨ ᠳᠤ ᠡᠭᠦᠰᠳᠡᠭ᠃ ᠬᠡᠷᠪᠡ ᠲᠥᠮᠦᠰᠦᠨ ᠤ ᠳᠤᠯᠠᠭᠠᠨ ᠤ ᠬᠡᠮᠵᠢᠶ᠎ᠡ ᠬᠡᠲᠦᠷᠬᠡᠢ ᠥᠨᠳᠥᠷ ᠪᠣᠯ ᠦᠷ᠎ᠡ ᠶᠢᠨ ᠡᠭᠦᠰᠦᠯᠲᠡ ᠲᠠᠰᠤᠯᠳᠠᠵᠤ᠂ ᠲᠥᠮᠦᠰᠦᠨ ᠤ ᠬᠡᠪ ᠤᠨ ᠳᠤᠯᠠᠭᠠᠨ ᠤ ᠬᠡᠮᠵᠢᠶ᠎ᠡ ᠰᠡᠷᠭᠦᠪᠡᠯ ᠰᠠᠶ᠋ᠢ ᠡᠭᠦᠰᠦᠨ᠎ᠡ᠃ ᠬᠡᠷᠪᠡ ᠲᠦᠮᠦᠰᠦ ᠬᠠᠯᠠᠭᠠᠯᠲᠠ ᠶᠢᠨ ᠰᠡᠲᠡᠯᠲᠡ ᠤᠴᠠᠷᠠᠪᠠᠯ᠂ ᠦᠷ᠎ᠡ ᠶᠢᠨ ᠡᠰ ᠤᠨ ᠨᠢᠭᠲᠠᠴᠠ ᠨᠢ ᠬᠡᠳᠦᠨ ᠰᠠᠷ᠎ᠠ ᠶᠢᠨ ᠬᠤᠭᠤᠴᠠᠭ᠎ᠠ ᠬᠡᠷᠡᠭᠰᠡᠪᠡᠯ ᠰᠠᠶ᠋ᠢ ᠬᠡᠪ ᠤᠨ ᠪᠠᠢᠳᠠᠯ ᠢᠶᠠᠨ ᠰᠡᠷᠭᠦᠭᠡᠵᠦ ᠳᠡᠶᠢᠯᠦᠨ᠎ᠡ᠃        10. ᠰᠠᠷ᠎ᠠ ᠶᠢᠨ ᠭᠬᠢᠷ ᠤᠨ ᠦᠶᠡᠯᠡᠬᠦ ᠬᠤᠭᠤᠴᠠᠭ᠎ᠠ ᠪᠠᠷ ᠬᠡᠷᠬᠢᠨ ᠦᠨᠳᠡᠭᠡ ᠢᠯᠭᠠᠷᠠᠭᠤᠯᠬᠤ ᠡᠳᠦᠷ ᠬᠤᠭᠤᠴᠠᠭ᠎ᠠ ᠶᠢ ᠲᠠᠭᠠᠮᠠᠭᠯᠠᠬᠤ ᠪᠤᠢ︖        ᠬᠥᠮᠦᠨ ᠪᠦᠷᠢ ᠶᠢᠨ ᠰᠠᠷ᠎ᠠ ᠶᠢᠨ ᠭᠬᠢᠷ ᠤᠨ ᠦᠶᠡᠯᠡᠯ ᠤᠨ ᠬᠤᠭᠤᠴᠠᠭ᠎ᠠ ᠨᠢ ᠠᠳᠠᠯᠢ ᠦᠭᠡᠢ᠂ ᠥᠨᠳᠡᠭᠡ ᠢᠯᠭᠠᠷᠠᠭᠤᠯᠬᠤ ᠴᠠᠭ ᠬᠤᠷᠭᠤᠴᠠᠭ᠎ᠠ ᠶᠢ ᠣᠨᠣᠪᠴᠢᠲᠠᠢ ᠲᠥᠰᠦᠭᠡᠯᠡᠬᠦ ᠳᠤ ᠪᠡᠷᠬᠡᠲᠡᠢ᠃ ᠡᠩ ᠤᠨ ᠪᠠᠶᠢᠳᠠᠯ ᠳᠤ᠂ ᠥᠨᠳᠡᠭᠡ ᠢᠯᠭᠠᠷᠠᠭᠤᠯᠬᠤ ᠨᠢ ᠰᠠᠷ᠎ᠠ ᠶᠢᠨ ᠭᠬᠢᠷ ᠪᠣᠯᠬᠤ ᠠᠴᠠ ᠡᠮᠦᠨ᠎ᠡ ᠬᠤᠶᠠᠷ ᠭᠠᠷᠠᠭ ᠣᠷᠴᠢᠮ ᠡᠭᠦᠰᠳᠡᠭ᠃ ᠳᠠᠷᠤᠢ᠂ ᠬᠡᠷᠪᠡ ᠰᠠᠷ᠎ᠠ ᠶᠢᠨ ᠭᠬᠢᠷ ᠤᠨ ᠦᠶᠡᠯᠡᠯ ᠤᠨ ᠬᠤᠭᠤᠴᠠᠭ᠎ᠠ ᠨᠢ 28 ᠡᠳᠦᠷ ᠪᠣᠯ ᠥᠨᠳᠡᠭᠡ ᠢᠯᠭᠠᠷᠠᠭᠤᠯᠬᠤ  ᠨᠢ 14 ᠳ᠋ᠦ᠋ᠭᠡᠷ ᠡᠳᠦᠷ ᠲᠤ ᠡᠭᠦᠰᠦᠨ᠎ᠡ︔ ᠬᠡᠷᠪᠡ ᠰᠠᠷ᠎ᠠ ᠶᠢᠨ ᠭᠬᠢᠷ ᠤᠨ ᠦᠶᠡᠯᠡᠯ ᠤᠨ ᠬᠤᠭᠤᠴᠠᠭ᠎ᠠ ᠨᠢ 35 ᠡᠳᠦᠷ ᠪᠣᠯ ᠥᠨᠳᠡᠭᠡ ᠢᠯᠭᠠᠷᠠᠭᠤᠯᠬᠤ ᠨᠢ 21 ᠳ᠋ᠦ᠋ᠭᠡᠷ ᠡᠳᠦᠷ ᠲᠤ ᠡᠭᠦᠰᠦᠨ᠎ᠡ︔ ᠬᠡᠷᠪᠡ ᠰᠠᠷ᠎ᠠ ᠶᠢᠨ ᠭᠬᠢᠷ ᠤᠨ ᠦᠶᠡᠯᠡᠯ ᠤᠨ ᠬᠤᠭᠤᠴᠠᠭ᠎ᠠ ᠨᠢ 21 ᠡᠳᠦᠷ ᠪᠣᠯ ᠥᠨᠳᠡᠭᠡ ᠢᠯᠭᠠᠷᠠᠭᠤᠯᠬᠤ ᠨᠢ 7 ᠳ᠋ᠤᠭᠠᠷ ᠡᠳᠦᠷ ᠲᠤ ᠡᠭᠦᠰᠦᠨ᠎ᠡ  
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号