2 ᠰᠠᠷ᠎ᠠ ᠶᠢᠨ 22 ᠤᠨ ᠡᠳᠦᠷ ᠤᠨ ᠦᠳᠡ ᠶᠢᠨ ᠡᠮᠦᠨ᠎ᠡ᠂ ᠰᠢᠭᠤᠶᠢᠲᠤ | ᠲᠣᠭᠣᠷᠢᠭ ᠤᠨ ᠵᠡᠮᠳᠡᠭᠴᠦᠳ ᠤᠨ ᠬᠤᠯᠪᠣᠭ᠎ᠠ ᠬᠠᠷᠢᠶᠠᠲᠤ ᠣᠷᠣᠨ ᠤ ᠵᠡᠮᠳᠡᠭᠴᠦᠳ ᠤᠨ | ᠭᠦᠢᠴᠡᠳ ᠴᠢᠨᠠᠷ ᠰᠠᠶᠢᠲᠠᠢ ᠠᠵᠢᠯ ᠣᠯᠭᠤᠯᠲᠠ ᠶᠢ ᠪᠡᠶᠡᠯᠡᠭᠦᠯᠬᠦ ᠶᠢ ᠠᠬᠢᠭᠤᠯᠬᠤ ᠶᠢᠨ ᠲᠥᠯᠥᠭᠡ᠂ ᠲᠣᠭᠤᠷᠢᠭ ᠤᠨ | ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ᠂ ᠠᠵᠢᠯ ᠣᠯᠭᠤᠯᠲᠠ ᠶᠢᠨ | ᠦᠢᠯᠡᠴᠢᠯᠡᠭᠡᠨ ᠤ ᠲᠥᠪ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ᠂ ᠠᠵᠢᠯᠴᠢᠨ ᠤ ᠶᠡᠷᠦᠩᠬᠡᠢ ᠡᠪᠯᠡᠯ᠂ | ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠲᠠᠢ ᠬᠠᠮᠲᠤᠷᠠᠨ 2024 ᠣᠨ ᠤ | ᠰᠢᠭᠤᠶᠢᠲᠤ ᠣᠷᠣᠨ ᠤ ︽ᠤᠷᠢᠬᠠᠨ ᠰᠠᠯᠬᠢ ᠦᠨᠡᠨ ᠰᠡᠳᠬᠢᠯᠭᠡ ᠶᠢ ᠬᠦᠷᠭᠡᠵᠦ ᠠᠷᠠᠳ ᠤᠨ ᠰᠡᠳᠬᠢᠯ ᠢ | ᠳᠤᠯᠠᠭᠠᠴᠠᠭᠤᠯᠤᠶ᠎ᠠ︾ ᠭᠡᠬᠦ ᠭᠤᠣᠯ ᠰᠡᠳᠦᠪᠲᠦ ᠲᠤᠰᠬᠠᠢ ᠠᠵᠢᠯᠲᠠᠨ ᠡᠯᠰᠡᠬᠦ ᠬᠤᠷᠠᠯ ᠢ ᠡᠷᠭᠢᠯᠡᠪᠡ᠃ | | ᠲᠣᠰ ᠤᠳᠠᠭᠠᠨ ᠤ ᠠᠵᠢᠯᠲᠠᠨ ᠡᠯᠰᠡᠬᠦ ᠪᠠᠶᠢᠭᠤᠯᠭ᠎ᠠ ᠨᠢᠭᠡᠴᠡ 13 ᠪᠠᠶᠢᠵᠤ᠂ ᠠᠵᠢᠯᠲᠠᠨ ᠡᠯᠰᠡᠬᠦ | ᠬᠤᠷᠠᠯ ᠤᠨ ᠬᠠᠩᠭᠠᠭᠰᠠᠨ ᠠᠵᠢᠯ ᠤᠨ ᠪᠠᠶᠢᠷᠢ ᠨᠢ ᠠᠵᠢᠯᠯᠠᠭᠴᠢ᠂ ᠵᠠᠬ᠎ᠠ ᠳᠡᠯᠭᠡᠭᠦᠷ ᠤᠨ ᠲᠤᠰᠬᠠᠢ ᠲᠤᠰᠢᠶᠠᠯᠲᠠᠨ᠂ | ᠠᠷᠢᠭᠤᠨ ᠴᠡᠪᠡᠷ᠂ ᠠᠴᠢᠶᠠᠯᠠᠵᠤ ᠪᠠᠭᠤᠯᠭᠠᠬᠤ ᠠᠵᠢᠯᠴᠢᠨ ᠵᠡᠷᠭᠡ 537 ᠠᠵᠢᠯ ᠤᠨ ᠪᠠᠶᠢᠷᠢ ᠳᠤ ᠬᠤᠯᠪᠣᠭᠳᠠᠵᠠᠢ᠃ | ᠠᠵᠢᠯᠯᠠᠭ᠎ᠠ ᠶᠢᠨ ᠳᠤᠮᠳᠠ ᠲᠣᠭᠤᠷᠢᠭ ᠤᠨ ᠵᠡᠮᠳᠡᠭᠴᠦᠳ ᠤᠨ ᠬᠤᠯᠪᠣᠭ᠎ᠠ ᠶᠢᠨ ᠬᠢᠨ 200 ᠭᠠᠷᠤᠢ ᠬᠤᠪᠢ | ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ ᠶᠢᠨ ᠬᠠᠮᠲᠤ ᠬᠤᠩ ᠱᠢ᠂ ᠶᠠ ᠬᠤᠸᠠ ᠺᠧ ᠳ᠋ᠠ᠂ ᠾᠧ ᠪᠠᠩ ᠡᠮ | ᠡᠮᠨᠡᠯᠭᠡ᠂ ᠮᠢᠩ ᠶᠠᠩ ᠵᠡᠷᠭᠡ ᠠᠵᠤ ᠠᠬᠤᠶᠢᠯᠠᠯ ᠲᠠᠢ ᠢᠳᠡᠪᠬᠢᠲᠡᠢ ᠪᠠᠷ ᠵᠣᠯᠭᠠᠭᠤᠯᠬᠤ ᠶᠢᠨ ᠬᠠᠮᠲᠤ ᠬᠥᠮᠥᠨ ᠬᠡᠷᠡᠭᠯᠡᠬᠦ | ᠨᠢᠭᠡᠴᠡ ᠠᠴᠠ ᠵᠡᠮᠳᠡᠭᠴᠦᠳ ᠢ ᠲᠤᠰᠠᠯᠠᠵᠤ ᠵᠡᠮᠳᠡᠭᠴᠦᠳ ᠲᠤ ᠠᠰᠢᠭ ᠬᠦᠷᠲᠡᠭᠡᠬᠦ ᠲᠦᠷᠦ ᠶᠢᠨ ᠪᠣᠳᠣᠯᠭ᠎ᠠ ᠶᠢ | ᠭᠦᠨᠵᠡᠭᠡᠢ ᠤᠬᠠᠭᠤᠯᠵᠤ᠂ ᠠᠵᠤ ᠠᠬᠤᠶᠢᠯᠠᠯ ᠢ ᠬᠠᠪᠰᠤᠷᠤᠨ ᠵᠡᠮᠳᠡᠭᠴᠦᠳ ᠢ ᠤᠷᠢᠵᠤ ᠬᠡᠷᠡᠭᠯᠡᠭᠰᠡᠨ ᠬᠠᠮᠢᠶ᠎ᠠ ᠪᠦᠬᠦᠢ | ᠱᠠᠩᠨᠠᠯ ᠤᠨ ᠲᠦᠷᠦ ᠶᠢᠨ ᠪᠣᠳᠣᠯᠭ᠎ᠠ ᠶᠢ ᠣᠶᠢᠯᠠᠭᠠᠭᠤᠯᠵᠤ᠂ ᠠᠵᠤ ᠠᠬᠤᠶᠢᠯᠠᠯ ᠤᠨ ᠠᠵᠢᠯᠴᠢᠨ ᠡᠯᠰᠡᠬᠦ ᠳᠤᠮᠳᠠ | ᠵᠡᠮᠳᠡᠭᠴᠦᠳ ᠢ ᠤᠷᠢᠳᠠᠪᠠᠷ ᠡᠯᠰᠡᠨ ᠬᠡᠷᠡᠭᠯᠡᠬᠦ ᠶᠢ ᠵᠣᠷᠢᠭᠵᠢᠭᠤᠯᠵᠤ᠂ ᠵᠡᠮᠳᠡᠭᠴᠦᠳ ᠤᠨ ᠠᠵᠢᠯ ᠣᠯᠭᠤᠯᠲᠠ ᠶᠢᠨ | ᠠᠷᠭ᠎ᠠ ᠵᠠᠮ ᠢ ᠦᠨᠡᠨ ᠬᠦ ᠥᠷᠭᠡᠳᠬᠡᠵᠦ᠂ ᠰᠢᠨ᠎ᠡ ᠪᠠᠶᠢᠳᠠᠯ ᠢ ᠪᠤᠢ ᠪᠣᠯᠭᠠᠨ᠎ᠠ᠃ | | | ᠲᠤᠰ ᠤᠳᠠᠭᠠᠨ ᠤ ᠠᠵᠢᠯᠲᠠᠨ ᠡᠯᠰᠡᠬᠦ ᠴᠤᠭᠯᠠᠭᠠᠨ ᠤ ᠠᠵᠢᠯᠯᠠᠭ᠎ᠠ ᠪᠠᠷ ᠳᠠᠮᠵᠢᠨ᠂ ᠰᠢᠭᠤᠶᠢᠲᠤ | ᠲᠣᠭᠤᠷᠢᠭ ᠤᠨ ᠵᠡᠮᠳᠡᠭᠴᠦᠳ ᠤᠨ ᠬᠤᠯᠪᠣᠭ᠎ᠠ ᠪᠣᠯᠣᠨ ᠶᠠ ᠬᠤᠸᠠ ᠺᠧ ᠳ᠋ᠠ ᠠᠵᠤ ᠠᠬᠤᠶᠢᠯᠠᠯ 5 ᠠᠵᠢᠯ ᠤᠨ | ᠪᠠᠶᠢᠷᠢ ᠶᠢ ᠠᠮᠵᠢᠯᠲᠠ ᠲᠠᠢ ᠥᠷᠭᠡᠳᠬᠡᠪᠡ᠃ ᠬᠤᠶᠢᠰᠢᠳᠠ᠂ ᠰᠢᠭᠤᠶᠢᠲᠤ ᠣᠷᠣᠨ ᠤ ᠵᠡᠮᠳᠡᠭᠴᠦᠳ ᠤᠨ ᠬᠤᠯᠪᠣᠭ᠎ᠠ ᠶᠢᠨ | ᠬᠢᠨ ᠦᠷᠭᠦᠯᠵᠢᠯᠡᠨ ᠵᠡᠮᠳᠡᠭᠴᠦᠳ ᠤᠨ ᠨᠡᠯᠢᠶᠡᠳ ᠭᠦᠢᠴᠡᠳ ᠪᠥᠭᠡᠳ ᠨᠡᠯᠢᠶᠡᠳ ᠴᠢᠨᠠᠷ ᠰᠠᠶᠢᠲᠠᠢ ᠠᠵᠢᠯ | ᠣᠯᠭᠤᠯᠲᠠ ᠶᠢ ᠪᠡᠶᠡᠯᠡᠭᠦᠯᠬᠦ ᠶᠢ ᠠᠬᠢᠭᠤᠯᠬᠤ ᠪᠠᠷ ᠬᠠᠷᠠᠯᠲᠠ ᠪᠣᠯᠭᠠᠵᠤ᠂ ᠵᠡᠮᠳᠡᠭᠴᠦᠳ ᠤᠨ ᠠᠵᠢᠯ ᠣᠯᠭᠤᠯᠲᠠ ᠪᠠᠷ | ᠬᠠᠪᠰᠤᠷᠤᠨ ᠲᠡᠳᠬᠦᠬᠦ ᠡᠷᠴᠢᠮ ᠢᠶᠠᠨ ᠲᠠᠰᠤᠷᠠᠯᠲᠠ ᠦᠭᠡᠢ ᠴᠢᠩᠭᠠᠷᠠᠭᠤᠯᠵᠤ᠂ ᠨᠠᠩ ᠣᠯᠠᠨ ᠵᠡᠮᠳᠡᠭᠴᠦᠳ ᠢ | ᠬᠠᠪᠰᠤᠷᠤᠨ ᠠᠵᠢᠯ ᠣᠯᠭᠤᠯᠲᠠ ᠶᠢ ᠪᠡᠶᠡᠯᠡᠭᠦᠯᠵᠦ᠂ ᠵᠡᠮᠳᠡᠭᠴᠦᠳ ᠢ ᠨᠠᠩ ᠣᠯᠠᠨ ᠬᠦᠷᠲᠡᠮᠵᠢ ᠶᠢᠨ ᠲᠥᠷᠥᠭᠳᠡᠯ᠂ ᠵᠣᠯ | ᠵᠢᠷᠭᠠᠯᠲᠤ ᠲᠥᠷᠥᠭᠳᠡᠯ ᠲᠠᠢ ᠪᠣᠯᠭᠠᠵᠤ᠂ ᠵᠡᠮᠳᠡᠭᠴᠦᠳ ᠤᠨ ᠠᠵᠢᠯ ᠣᠯᠭᠤᠯᠲᠠ ᠶᠢᠨ ᠦᠷᠭᠦᠯᠵᠢᠯᠡᠬᠦ ᠬᠥᠭᠵᠢᠯᠲᠡ ᠶᠢ | ᠪᠦᠲᠦᠮᠵᠢᠲᠡᠶ ᠠᠬᠢᠭᠤᠯᠤᠨ᠎ᠠ᠃ | | |