【ᠰᠢᠭᠤᠶᠢᠲᠤ ᠵᠡᠭᠡᠯᠢ ᠭᠤᠳᠤᠮᠵᠢ ᠶᠢᠨ ᠵᠡᠮᠳᠡᠭᠴᠦᠳ ᠤᠨ ᠬᠤᠯᠪᠣᠭ᠎ᠠ】ᠵᠡᠭᠡᠯᠢ ᠭᠤᠳᠤᠮᠵᠢ ᠶᠢᠨ ᠵᠡᠮᠳᠡᠭᠴᠦᠳ ᠤᠨ ᠬᠤᠯᠪᠣᠭ᠎ᠠ ︽ᠣᠨᠢᠰᠤᠭ᠎ᠠ ᠲᠠᠭᠠᠬᠤ ᠥᠯᠵᠡᠶᠢᠲᠦ ᠪᠣᠣᠪᠤ ᠳᠠᠭᠠᠬᠤ︾ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/3/5
        ᠣᠶᠢᠷ᠎ᠠ ᠶᠢᠨ ᠡᠳᠦᠷ᠂ ᠪᠣᠯᠪᠠᠰᠤᠨ ᠪᠠᠶᠠᠷ ᠪᠠᠶᠠᠰᠬᠤᠯᠠᠩᠲᠤ᠂ ᠡᠷᠡᠭᠦᠯ ᠡᠩᠬᠡ ᠡᠶ᠎ᠡ ᠨᠠᠶᠢᠷᠠᠮᠳᠠᠭᠤ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠤᠢ ᠪᠤᠯᠭᠠᠵᠤ᠂ ᠵᠡᠮᠳᠡᠭᠴᠦᠳ ᠤᠨ ᠣᠶᠤᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠲᠤᠰᠠᠳᠠ᠂ ᠰᠢᠭᠤᠶᠢᠲᠤ ᠵᠡᠭᠡᠯᠢ ᠭᠤᠳᠤᠮᠵᠢ ᠶᠢᠨ ᠵᠡᠮᠳᠡᠭᠴᠦᠳ ᠤᠨ ᠬᠤᠯᠪᠤᠭ᠎ᠠ ᠤᠬᠠᠭᠤᠯᠭ᠎ᠠ ᠶᠢᠨ ᠠᠵᠢᠯ ᠢᠶᠠᠷ ᠡᠭᠢᠯᠡᠯᠲᠡ ᠶᠢᠨ ᠴᠢᠭ ᠪᠤᠯᠭᠠᠵᠤ᠂ ᠬᠠᠷᠢᠶ᠎ᠠ ᠲᠣᠭᠤᠷᠢᠭ ᠤᠨ ᠵᠡᠮᠳᠡᠭᠴᠦᠳ ᠵᠢᠴᠢ ᠵᠡᠮᠳᠡᠭᠴᠦᠳ ᠤᠨ ᠭᠡᠷ ᠪᠦᠯᠢ ᠶᠢᠨ ᠬᠢᠨ ᠢ ᠵᠣᠬᠢᠶᠠᠨ ᠪᠠᠶᠢᠭᠤᠯᠵᠤ ︽ᠳ᠋ᠧᠩ ᠤᠨ ᠣᠨᠢᠰᠤᠭ᠎ᠠ ᠳᠠᠭᠠᠬᠤ︾ ᠴᠠᠭᠠᠨ ᠰᠠᠷ᠎ᠠ ᠶᠢᠨ ᠠᠷᠪᠠᠨ ᠲᠠᠪᠤᠨ ᠢᠶᠠᠨ ᠪᠡᠯᠭᠡᠯᠡᠬᠦ ᠠᠵᠢᠯᠯᠠᠭ᠎ᠠ ᠥᠷᠨᠢᠭᠦᠯᠪᠡ᠃ 
1709022962172026657.png
        ᠣᠨᠢᠰᠤᠭ᠎ᠠ ᠲᠠᠭᠠᠬᠤ ᠨᠢ ᠦᠰᠦᠭ ᠤᠨ ᠣᠨᠢᠰᠤᠭ᠎ᠠ᠂ ᠬᠡᠪᠰᠢᠮᠡᠯ ᠦᠭᠡ᠂ ᠵᠠᠩ ᠦᠢᠯᠡ ᠵᠡᠷᠭᠡ ᠡᠯ᠎ᠡ ᠲᠠᠯ᠎ᠠ ᠳᠤ ᠬᠤᠯᠪᠣᠭᠳᠠᠵᠤ᠂ ᠬᠢᠯᠪᠠᠷ ᠣᠶᠢᠯᠠᠭᠠᠮᠵᠢᠲᠠᠢ ᠣᠨᠢᠰᠤᠭ᠎ᠠ ᠪᠠᠶᠢᠬᠤ ᠮᠥᠷᠲᠡᠭᠡᠨ ᠪᠠᠰᠠ ᠨᠡᠯᠢᠶᠡᠳ ᠪᠤᠳᠤᠯᠢᠶᠠᠨᠲᠠᠢ ᠬᠡᠶᠢᠰᠪᠦᠷᠢ ᠣᠨᠢᠰᠤᠭ᠎ᠠ ᠪᠠᠶᠢᠵᠤ᠂ ᠵᠤᠭ᠎ᠠ ᠴᠡᠩᠭᠡᠯᠲᠦ ᠴᠢᠨᠠᠷ᠂ ᠮᠡᠳᠡᠯᠭᠡᠲᠦ ᠴᠢᠨᠠᠷ ᠢ ᠲᠥᠪᠯᠡᠷᠡᠭᠦᠯᠵᠦ ᠂ ᠠᠭᠤᠯᠭ᠎ᠠ ᠨᠢ ᠮᠠᠰᠢ ᠪᠠᠶᠠᠯᠢᠭ ᠪᠠᠶᠢᠳᠠᠭ᠃ ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ ᠤᠯᠠᠨ ᠢᠶᠠᠷ ᠢᠶᠠᠨ ᠪᠠᠶᠠᠷᠯᠠᠨ ᠢᠨᠢᠶᠡᠯᠴᠡᠵᠦ᠂ ᠠᠭᠤᠷ ᠠᠮᠢᠰᠬᠤᠯ ᠮᠠᠰᠢ ᠬᠦᠷ ᠬᠥᠭᠵᠢᠶᠡᠨ ᠲᠠᠢ ᠪᠠᠶᠢᠯ᠎ᠠ᠃ ᠬᠠᠷᠢᠶᠠᠲᠤ ᠣᠷᠣᠨ ᠤ ᠵᠡᠮᠳᠡᠭᠴᠦᠳ ᠪᠣᠯᠣᠨ ᠵᠡᠮᠳᠡᠭᠴᠦᠳ ᠤᠨ ᠭᠡᠷ ᠪᠦᠯᠢ ᠶᠢᠨ ᠬᠢᠨ ᠳ᠋ᠧᠩ ᠤᠨ ᠣᠨᠢᠰᠤᠭ᠎ᠠ ᠲᠠᠭᠠᠬᠤ ᠳᠤᠮᠳᠠ ᠪᠠᠶᠠᠷ ᠪᠠᠶᠠᠰᠤᠯ ᠨᠡᠮᠡᠷᠢᠯᠡᠵᠦ᠂ ᠮᠡᠳᠡᠯᠭᠡ ᠪᠠᠨ ᠨᠡᠮᠡᠭᠳᠡᠭᠦᠯᠦᠭᠰᠡᠨ ᠤ ᠬᠠᠮᠲᠤ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠤᠨ ᠥᠷᠭᠡᠨ ᠳᠡᠯᠭᠡᠷ ᠷᠢᠳᠢ ᠰᠢᠳᠢ ᠶᠢ ᠭᠦᠨᠵᠡᠭᠡᠢ ᠣᠶᠢᠯᠠᠭᠠᠵᠤ᠂ ᠥᠯᠵᠡᠶᠢᠲᠦ ᠡᠳᠦᠷ ᠤᠨ ᠥᠯᠵᠡᠶᠢᠲᠦ ᠡᠳᠦᠷ ᠤᠨ ᠰᠣᠶᠣᠯ ᠤᠨ ᠠᠭᠤᠷ ᠠᠮᠢᠰᠬᠤᠯ ᠳᠤ ᠭᠦᠨ ᠠᠭᠤᠰᠤᠯᠴᠠᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号