ᠪᠠᠶᠠᠨ | 70 ᠨᠠᠰᠤ ᠶᠢ ᠲᠦᠬᠦᠵᠦ ᠶᠠᠪᠤᠭ᠎ᠠ ᠡᠾᠧ ᠫᠢᠩ ᠨᠠᠰᠤᠳᠡᠨ ᠤᠡᠭᠨᠢᠭᠤᠳ ᠬᠤᠰᠢᠭᠤ ᠪᠠᠷ ᠨᠤᠳᠤᠭ ᠲᠠᠢ᠃ | ᠨᠠᠰᠤᠲᠠᠨ ᠭᠤᠸᠠᠢ ᠵᠠᠯᠠᠭᠤ ᠢᠳᠡᠷ ᠴᠠᠭ ᠠᠴᠠ ᠪᠠᠨ ᠮᠤᠲ᠋ᠤᠷ ᠤᠨᠤᠬᠤ ᠪᠠᠭ᠋ᠠᠳᠠᠢ ᠴᠤ ᠪᠠᠭᠰᠢᠯᠠᠵᠦ ᠪᠠᠶᠢᠬᠤ | ᠬᠤᠭᠤᠴᠠᠭᠠᠨ ᠳᠠᠭᠠᠨ ᠠᠶᠢᠯ ᠠᠴᠠ ᠪᠠᠨ ᠰᠤᠮᠤᠨ ᠤ ᠰᠤᠷᠭᠠᠭᠤᠯᠢ ᠬᠦᠷᠬᠦ ᠵᠠᠮ ᠢ ᠠᠬᠢᠨ ᠲᠠᠬᠢᠨ ᠡᠯᠡᠭᠡᠭᠰᠨ ᠠᠴᠠ | ᠪᠢᠰᠢ᠂ ᠬᠤᠯᠠ ᠶᠢᠨ ᠵᠠᠮ ᠶᠡᠷᠦ ᠨᠢ ᠶᠠᠪᠤᠵᠦ ᠦᠡᠭᠭᠡᠷᠡᠭᠡ ᠦᠭᠡᠢ᠃ ᠭᠡᠶ᠎ᠡ ︽ᠬᠡᠵᠢᠶ᠎ᠡ ᠨᠢᠭᠡ ᠡᠳᠦᠷ ᠮᠤᠲ᠋ᠤᠷ ᠢᠶᠠᠷ ᠢᠶᠠᠨ | ᠬᠠᠨᠲᠠᠯ᠎ᠠ ᠲᠤᠭᠤᠷᠢᠵᠤ ᠦᠵᠡᠬᠦ ᠶᠤᠮ ᠰᠠᠨ︾ ᠭᠡᠰᠡᠨ ᠪᠤᠳᠤᠯ ᠨᠢ ᠦᠷᠦ ᠵᠢᠷᠦᠭᠡᠨ ᠳᠤ ᠨᠢ ᠬᠠᠳᠠᠩᠰᠢᠭᠠᠳ ᠤᠨ | ᠤᠳᠠᠵᠠᠢ᠃ | ︽ᠮᠤᠲ᠋ᠤᠷ ᠢᠶᠠᠷ ᠠᠶᠠᠯᠠᠬᠤ ᠶᠢ ᠭᠡᠷ ᠤᠨ ᠬᠦᠮᠦᠰ ᠵᠦᠪᠰᠢᠶᠡᠷᠡᠳᠡᠭ ᠴᠤ ᠲᠡᠩᠳᠡᠭᠦᠦ ᠬᠤᠯᠠ ᠶᠠᠪᠤᠬᠤ ᠶᠢ | ᠲᠡᠮᠵᠢᠳᠡᠭ ᠦᠭᠡᠢ᠂ ᠨᠠᠰᠤ ᠨᠢᠭᠡᠨᠳᠡ ᠲᠠᠯ᠎ᠠ ᠶᠢ ᠲᠦᠭᠦᠭᠰᠡᠨ ᠪᠤᠯᠬᠤᠷ ᠵᠠᠮ ᠳᠠᠭᠠᠨ ᠲᠦᠭᠡᠷᠢᠬᠦ ᠪᠤᠶᠤ ᠳᠡᠩᠳᠡᠬᠦᠦ | ᠶᠠᠳᠠᠷᠠᠴᠢᠬᠠᠬᠤ ᠠᠴᠠ ᠠᠶᠤᠳᠠᠭ ᠶᠤᠮ︾ ᠬᠡᠵᠦ ᠨᠠᠰᠤᠳᠠᠨ ᠬᠡᠯᠡᠨ᠎ᠡ᠃ ︽ᠬᠡᠯᠡᠭᠰᠡᠨ ᠢᠶᠠᠷ ᠢᠶᠠᠨ ᠬᠢᠵᠦ | ᠪᠤᠳᠤᠭᠰᠠᠨ ᠢᠶᠠᠷ ᠢᠶᠠᠨ ᠶᠠᠪᠤᠳᠠᠭ︾ ᠨᠢ ᠡᠾᠧ ᠫᠢᠩ ᠨᠠᠰᠤᠳᠠᠨ ᠤ ᠵᠠᠩ ᠭᠡᠯᠳᠠᠢ᠃ ᠴᠢᠮᠡᠭᠡ ᠨᠡᠪᠳᠡᠷᠡᠯᠬᠡ ᠶᠢᠨ ᠰᠢᠨ᠎ᠠ | ᠴᠠᠭ ᠦᠶ᠎ᠠ ᠳᠤ ᠭᠠᠷ ᠤᠳᠠᠰᠤ ᠪᠠᠶᠢᠪᠠᠯ ᠬᠠᠮᠢᠭ᠎ᠠ ᠤᠴᠢᠭᠰᠠᠨ ᠴᠦ ᠬᠠᠮᠢᠶ᠎ᠠ ᠦᠭᠡᠢ᠂ ᠤᠴᠢᠷ ᠶᠠᠪᠤᠳᠠᠯ | ᠳᠤᠬᠢᠶᠠᠯᠳᠤᠪᠠᠯ ᠤᠳᠠᠰᠤ ᠪᠠᠷ ᠬᠤᠯᠪᠤᠭ᠎ᠠ ᠠᠪᠴᠤ ᠪᠤᠯᠤᠨ᠎ᠠ ᠬᠡᠳ ᠦᠪᠡᠷ ᠲᠡᠭᠡᠨ ᠤᠶᠤᠨᠴᠢ ᠮᠠᠰᠢᠨ | ᠬᠡᠷᠡᠭᠯᠡᠵᠦ ᠰᠤᠷᠴᠠᠢ᠃ ᠨᠠᠰᠤ ᠶᠠᠪᠤᠭᠰᠠᠨ ᠠᠴᠠ ᠭᠠᠵᠠᠷ ᠤᠨ ᠵᠢᠷᠤᠭ ᠤᠨ APP ᠶᠢ ᠤᠢᠢᠯᠠᠭᠠᠬᠤ ᠦᠭᠡᠢ | ᠪᠤᠯᠬᠤᠷ ᠮᠡᠳᠡᠬᠦ ᠦᠭᠡᠢ ᠴᠢᠳᠠᠬᠤ ᠦᠭᠡᠢ ᠵᠦᠢᠯ ᠢᠶᠠᠨ ᠤᠮᠪᠤᠯᠦ ᠬᠦᠦ ᠪᠠᠷ ᠢᠶᠠᠨ ᠵᠢᠭᠠᠯᠭᠠᠵᠤ᠂ ᠭᠠᠷ | ᠤᠳᠠᠰᠤ ᠪᠠᠷ ᠤᠴᠢᠬᠤ ᠬᠡᠰᠡᠨ ᠭᠠᠵᠠᠷ ᠤᠨ ᠬᠠᠮᠤᠭ ᠤᠢᠢᠷ᠎ᠠ ᠵᠠᠮ ᠢ ᠰᠤᠩᠭᠤᠬᠤ ᠳᠤᠬᠠᠢ ᠴᠢᠳᠠᠮᠵᠢ ᠶᠢ ᠡᠵᠡᠮᠰᠢᠵᠤ | ᠴᠢᠳᠠᠵᠠᠢ᠃ | ᠭᠠᠯᠳᠦ ᠲᠡᠷᠭᠡ᠂ ᠪᠠᠭ᠎ᠠ ᠮᠠᠰᠢᠨ᠂ ᠲᠤᠭᠤᠢ ᠲᠡᠷᠬᠡ ᠪᠠᠷ ᠯᠾᠠᠰᠠ ᠳᠤ ᠶᠠᠪᠤᠭᠰᠠᠨ ᠦᠯᠢᠭᠡᠷ ᠢ ᠤᠯᠠᠨ | ᠰᠤᠨᠤᠰᠴᠤ ᠪᠠᠶᠢᠭᠰᠠᠨ ᠡᠾᠧ ᠫᠢᠩ ᠨᠠᠰᠤᠳᠡᠨ ᠳᠤ ᠠᠪᠴᠤ ᠬᠡᠯᠡᠪᠡᠯ ᠮᠤᠲ᠋ᠤᠷ ᠢᠶᠠᠷ ᠶᠠᠪᠤᠬᠤ ᠨᠢ ᠨᠡᠩ ᠶᠡᠭᠡ ᠬᠠᠪᠤ | ᠴᠡᠩᠬᠡᠯ ᠲᠠᠢ ᠰᠠᠨᠠᠭᠳᠠᠳᠠᠭ ᠪᠤᠯᠬᠤᠷ 2018 ᠤᠨ ᠤ 5 ᠰᠠᠷ᠎ᠠ ᠶᠢᠨ 29 ᠤ ᠡᠳᠤᠷ ᠤᠡᠭᠨᠢᠭᠤᠳ ᠠᠴᠠ | ᠯᠾᠠᠰᠠ ᠶᠢ ᠴᠢᠭᠯᠡᠭᠰᠡᠨ ᠪᠠᠶᠢᠯ᠎ᠠ᠃ | ︽ᠳᠡᠯᠡᠬᠡᠢ ᠶᠢᠨ ᠰᠡᠭᠡᠷ ᠨᠢᠷᠤᠭᠤ ᠬᠡᠮᠡᠭᠳᠡᠭᠰᠡᠨ ᠲᠦᠪᠡᠳ ᠤᠨ ᠦᠨᠳᠦᠷᠯᠢᠭ ᠨᠢ ᠭᠠᠵᠠᠷ ᠤᠨ ᠪᠠᠶᠢᠷᠢᠰᠢᠯ | ᠪᠡ ᠠᠭᠤᠷ ᠠᠮᠢᠰᠬᠤᠯ ᠨᠢ ᠪᠤᠰᠤᠳ ᠭᠠᠵᠠᠷ ᠠᠴᠠ ᠪᠤᠳᠤᠯᠢᠶᠠᠨᠲᠠᠢ ᠮᠦᠷᠲᠡᠭᠡᠨ ᠬᠦᠴᠢᠯᠳᠦ᠋ᠷᠦᠭᠴᠢ ᠳᠤᠳᠠᠭᠳᠠᠬᠤ | ᠦᠵᠡᠭᠳᠡᠯ ᠳᠠᠩᠳᠠ ᠭᠠᠷᠳᠠᠭ ᠲᠤᠯᠠ ᠲᠤᠯᠤᠭᠠᠢ ᠡᠷᠭᠢᠬᠦ᠂ ᠪᠦᠭᠡᠯᠵᠢᠬᠦ᠂ ᠠᠮᠢᠰᠬᠤᠯ ᠪᠡᠷᠬᠡᠳᠡᠬᠦ ᠵᠡᠷᠭᠡ ᠪᠠᠶᠢᠳᠡᠯ | ᠢᠯᠡᠷᠡᠳᠡᠭ᠃ ᠮᠢᠨᠦ ᠬᠠᠮᠳᠦ ᠰᠤᠷᠤᠯᠭᠠᠳᠠᠨ ᠮᠠᠩᠯᠠᠢ ᠵᠢᠯ ᠤᠨ ᠬᠡᠳᠦ ᠤᠳᠠᠭ᠎ᠠ ᠯᠾᠠᠰᠠ ᠳᠤ ᠠᠵᠢᠯ ᠢᠶᠠᠷ ᠶᠠᠪᠤᠳᠠᠭ | ᠪᠠᠶᠢᠭᠰᠠᠨ ᠢᠶᠠᠨ ᠰᠡᠭᠦᠯᠳᠡᠵᠦ ᠢᠷᠡᠭᠡᠳ ᠦᠨᠳᠦᠷᠯᠢᠭ ᠤᠨ ᠠᠭᠤᠷ ᠠᠮᠢᠰᠬᠤᠯ ᠢ ᠲᠠᠭᠠᠭᠠᠬᠤ ᠦᠭᠡᠢ ᠬᠡᠳ | ᠪᠤᠴᠠᠭᠠᠳ ᠢᠷᠡᠭᠰᠡᠨ ᠰᠢᠤ ᠠᠪᠤ ᠡ︾ ᠭᠡᠵᠦ ᠬᠦᠦ ᠤᠶᠤᠨᠳᠠᠯᠠᠢ ᠨᠢ ᠲᠡᠭᠦᠨ ᠢ ᠮᠤᠷᠳᠠᠬᠤ ᠠᠴᠠ ᠡᠮᠤᠨ᠎ᠠ | ᠰᠠᠨᠠᠭᠤᠯᠬᠤ ᠳᠠᠭᠠᠨ ︽ᠬᠡᠳᠦᠷᠭᠡᠢ ᠶᠠᠳᠠᠷᠠᠪᠠᠯ ᠮᠤᠲ᠋ᠤᠷ ᠢᠶᠠᠨ ᠪᠠᠷᠠᠭᠠᠨ ᠤ ᠬᠦᠢᠯᠭᠡᠭᠡ ᠪᠠᠷ ᠢᠯᠡᠭᠡᠭᠡᠳ | ᠦᠪᠡᠷ ᠲᠡᠭᠡᠨ ᠳᠡᠷᠭᠡᠨ ᠳᠤ ᠰᠠᠭᠤᠭᠠᠳ ᠬᠠᠷᠢᠭᠠᠳ ᠢᠷᠡᠴᠢᠭᠡ︾ ᠭᠡᠰᠡᠨ ᠪᠠᠶᠢᠯ᠎ᠠ᠃ ︽ᠲᠡᠷᠡ ᠤᠯᠠᠨ ᠢ | ᠪᠤᠳᠤᠯᠬᠢᠯᠠᠭᠠᠳ ᠪᠠᠶᠢᠪᠠᠯ ᠬᠡᠵᠢᠶ᠎ᠡ ᠴᠦ ᠭᠡᠰᠡᠨ ᠬᠦᠰᠡᠯ ᠢᠶᠠᠨ ᠪᠡᠶᠡᠯᠡᠭᠦᠯᠵᠦ ᠴᠢᠳᠠᠬᠤ ᠦᠭᠡᠢ᠂ ᠪᠢ ᠤᠷᠢᠳᠠᠪᠠᠷ | ᠴᠸᠡᠭᠳᠦ᠋ ᠳᠤ ᠬᠦᠷᠴᠦ ᠦᠵᠡᠶ᠎ᠡ᠂ ᠬᠡᠷᠪᠡ ᠮᠢᠨᠦ ᠪᠡᠶ᠎ᠡ ᠡᠪ ᠦᠭᠡᠢ ᠪᠤᠯᠪᠠᠯ ᠪᠢ ᠪᠤᠴᠠᠭᠠᠳ ᠶᠦᠨᠨᠠᠨ ᠮᠤᠵᠢ ᠪᠠᠷ | ᠳᠠᠮᠵᠢᠭᠠᠳ ᠬᠠᠷᠢᠭᠠᠳ ᠢᠷᠡᠴᠢᠬᠡᠨ᠎ᠡ︾ ᠭᠡᠵᠦ ᠡᠾᠧ ᠫᠢᠩ ᠨᠠᠰᠤᠳᠠᠨ ᠠᠵᠢᠭ ᠴᠤ ᠦᠭᠡᠢ ᠬᠠᠷᠢᠭᠤᠯᠵᠠᠢ᠃ | ᠲᠠᠶᠢᠶᠤᠸᠠᠨ ᠬᠤᠳᠠ ᠳᠤ ᠬᠦᠷᠦᠭᠡᠳ ᠶᠠᠳᠠᠷᠠᠭᠰᠠᠨ ᠠᠴᠠ ᠪᠤᠯᠵᠦ ᠨᠠᠰᠤᠲᠠᠨ ᠭᠤᠸᠠᠢ ᠦᠨᠡᠭᠡᠷ | ᠭᠡᠷ ᠲᠡᠭᠡᠨ ᠪᠤᠴᠠᠴᠢᠬᠠᠶᠠ ᠭᠡᠵᠦ ᠪᠤᠳᠤᠭᠰᠠᠨ ᠭᠡᠨ᠎ᠡ᠃ ᠭᠡᠲᠡᠯ᠎ᠡ ︽ᠡᠷ᠎ᠡ ᠬᠦᠮᠦᠨ ᠬᠡᠯᠡᠭᠰᠡᠨ ᠳᠡᠭᠡᠨ᠂ ᠡᠮᠡᠭᠡᠯᠳᠦ ᠮᠤᠷᠢ | ᠬᠠᠷᠠᠶᠢᠭᠰᠠᠨ ᠳᠠᠭᠠᠨ︾ ᠭᠡᠵᠦ ᠭᠠᠷᠤᠭᠠᠳ ᠢᠷᠡᠭᠰᠡᠨ ᠶᠤᠮ ᠴᠢᠨᠢ ᠪᠤᠴᠠᠵᠤ ᠪᠤᠯᠬᠤ ᠦᠬᠡᠢ ᠭᠡᠵᠦ ᠬᠠᠳᠠᠭᠤ ᠪᠤᠳᠤᠵᠦ᠂ | ᠨᠢᠭᠡ ᠰᠦᠨᠢ ᠭᠠᠶᠢᠭᠤᠢ ᠠᠮᠠᠷᠠᠵᠤ ᠠᠪᠤᠭᠠᠳ ᠬᠤᠶᠠᠳᠠᠬᠢ ᠡᠳᠦᠷ ᠨᠢ ᠲᠠᠬᠢᠨ ᠵᠠᠮ ᠢᠶᠠᠨ ᠡᠯᠭᠦᠪᠡ᠃ | ᠵᠠᠮ ᠵᠠᠭᠤᠷ᠎ᠠ ᠵᠤᠷᠢᠯᠲᠠ ᠨᠢᠭᠡᠳᠡᠳ ᠲᠠᠢ ᠬᠠᠷᠭᠤᠭᠰᠠᠨ ᠨᠢ ᠪᠦᠷ ᠯᠡ ᠵᠠᠯᠠᠭᠤᠴᠤᠳ᠂ ᠲᠡᠳᠡ | ᠨᠠᠰᠤᠳᠡᠨ ᠤ ᠰᠦᠰᠦ ᠵᠤᠷᠢᠭ ᠢ ᠪᠢᠰᠢᠷᠡᠵᠦ᠂ ᠬᠦᠨᠡᠰᠦ ᠬᠤᠭᠤᠯᠠ ᠪᠠᠨ ᠬᠤᠪᠢᠶᠠᠯᠴᠠᠵᠦ᠂ ᠵᠤᠤᠵᠠᠢ ᠬᠤᠯᠪᠤᠨ | ᠲᠤᠪᠳᠤᠯᠤᠭᠰᠠᠨ ᠬᠡᠳᠡᠭ᠃ ᠨᠢᠭᠡᠨ ᠪᠤᠷᠤᠭᠠᠨ ᠲᠠᠢ ᠡᠳᠤᠷ ᠪᠠᠭᠤᠳᠡᠯ ᠡᠷᠢᠵᠦ ᠪᠠᠶᠢᠬᠤ ᠳᠤ ᠮᠤᠲ᠋ᠤᠷ ᠢᠶᠠᠷ | ᠯᠾᠠᠰᠠ ᠳᠤ ᠤᠴᠢᠵᠦ ᠦᠡᠭᠭᠡᠷᠡᠭᠰᠡᠨ ᠡᠾᠧᠨᠠᠨ ᠨᠤᠳᠤᠭ ᠤᠨ ᠵᠠᠯᠠᠭᠤ ᠲᠠᠢ ᠬᠠᠷᠭᠤᠵᠦ ᠬᠤᠶᠠᠭᠤᠯᠠ ᠬᠠᠮᠳᠦ ᠪᠠᠭᠤᠳᠡᠯ | ᠠᠪᠴᠤ ᠪᠤᠷᠤᠭᠠᠨ ᠵᠤᠭᠰᠤᠬᠤ ᠶᠢ ᠬᠦᠯᠢᠶᠡᠵᠦ ᠠᠮᠠᠷᠠᠬᠤ ᠳᠠᠭᠠᠨ ᠡᠾᠧ ᠫᠢᠩ ᠨᠠᠰᠤᠳᠡᠨ ᠲᠡᠷᠡ ᠵᠠᠯᠠᠭᠤ ᠠᠴᠠ | ᠯᠾᠠᠰᠠ ᠳᠤ ᠮᠤᠲ᠋ᠤᠷ ᠢᠶᠠᠷ ᠶᠠᠪᠤᠬᠤ ᠲᠤᠬᠠᠢ ᠦᠯᠢᠭᠡᠷ᠂ ᠲᠤᠷᠰᠢᠯᠭ᠎ᠠ ᠶᠢ ᠨᠢ ᠬᠤᠷᠠᠮᠳᠤᠭᠤᠯᠵᠤ᠂ ᠴᠸᠡᠭᠳᠦ᠋ ᠳᠤ | ᠪᠠᠰᠠ ︽ᠴᠸᠡᠭᠳᠦ᠋ ᠢ ᠵᠤᠸᠠᠩ︾ ᠬᠡᠮᠡᠬᠦ ᠮᠤᠲ᠋ᠤᠷ ᠤᠨ ᠪᠠᠭᠠᠷ ᠪᠠᠶᠢᠬᠤ ᠶᠢ ᠤᠯᠵᠤ ᠮᠡᠳᠡᠵᠡᠢ᠃ ᠲᠡᠭᠡᠭᠡᠳ ᠪᠠᠭᠠᠷ ᠤᠨ | ᠵᠢᠷᠬᠢᠶ᠎ᠠ ᠶᠢ ᠨᠢ ᠬᠤᠯᠪᠤᠵᠦ ᠲᠡᠶᠢᠯᠦᠭᠰᠡᠨ ᠠᠴᠠ ᠯᠾᠠᠰᠠ ᠳᠤ ᠶᠠᠪᠤᠬᠤ ᠪᠦᠯᠬᠦᠮ ᠢ ᠴᠤ ᠡᠷᠢᠵᠦ ᠤᠯᠤᠭᠰᠠᠨ ᠶᠤᠮ᠃ | ᠤᠤᠯ ᠨᠢ ︽ᠴᠸᠡᠭᠳᠦ᠋ ᠢ ᠵᠤᠸᠠᠩ︾ ᠮᠤᠲ᠋ᠤᠷ ᠤᠨ ᠪᠠᠭᠠᠷ ᠨᠢ ᠪᠦᠬᠦ ᠤᠯᠤᠰ ᠤᠨ ᠡᠯ᠎ᠡ ᠭᠠᠵᠠᠷ ᠤᠨ | ᠮᠤᠲ᠋ᠤᠷ ᠢᠶᠠᠷ ᠯᠾᠠᠰᠠ ᠳᠤ ᠶᠠᠪᠤᠬᠤ ᠬᠦᠮᠦᠰ ᠤᠨ ᠴᠤᠭᠯᠠᠷᠠᠯ ᠪᠠᠶᠢᠵᠠᠢ᠃ | ᠡᠾᠧᠪᠸᠢ᠂ ᠱᠠᠨ ᠰᠢ᠂ ᠱᠠᠨᠰᠢ ᠶᠢ ᠲᠠᠮᠵᠢᠨ 6 ᠰᠠᠷ᠎ᠠ ᠶᠢᠨ 5 ᠤ ᠡᠳᠤᠷ ᠴᠸᠡᠭᠳᠦ᠋ ᠳᠤ ᠬᠦᠷᠴᠤ | ︽ᠴᠸᠡᠭᠳᠦ᠋ ᠢ ᠵᠤᠸᠠᠩ︾ ᠮᠤᠲ᠋ᠤᠷ ᠤᠨ ᠪᠠᠭᠠᠷ ᠤᠨ ᠬᠦᠮᠦᠰ ᠲᠠᠢ ᠤᠴᠠᠷᠠᠨ ᠳᠡᠳᠡᠨᠤᠰ ᠲᠠᠢ ᠬᠠᠮᠲᠤ ᠵᠠᠮ | ᠲᠠᠭᠠᠷᠠᠭᠰᠠᠨ ᠨᠢ ᠠᠰᠢᠲᠠᠢ ᠰᠠᠶᠢᠨ ᠪᠤᠯᠪᠠ᠃ ᠯᠾᠠᠰᠠ ᠶᠢ ᠴᠢᠭᠯᠡᠬᠦ ᠳᠤ ᠢᠳᠡᠭ ᠢᠳᠡᠭ ᠢᠶᠠᠷ ᠦᠭᠡᠳᠡ ᠲᠠᠪᠠᠨ᠎ᠠ᠃ | ᠡᠳᠤᠷ ᠲᠤ ᠬᠡᠳᠦᠢ ᠺᠢᠯᠤᠮᠧᠳ᠋ᠷ ᠶᠠᠪᠤᠬᠤ᠂ ᠭᠠᠵᠠᠷ ᠤᠨ ᠵᠢᠷᠤᠭ ᠤᠨ ᠶᠤᠰᠤᠭᠠᠷ ᠠᠮᠠᠷᠠᠬᠤ ᠭᠠᠵᠠᠷ ᠲᠤ ᠵᠠᠪᠠᠯ | ᠠᠮᠠᠷᠠᠬᠤ ᠴᠢᠬᠤᠯᠠᠳᠠᠢ᠂ ᠡᠨᠡᠬᠦ ᠵᠤᠷᠰᠢᠯ ᠢᠶᠠᠷ ᠵᠠᠮᠨᠠᠭᠰᠠᠭᠠᠷ ᠪᠠᠶᠢᠵᠦ ᠲᠦᠯᠦᠪᠯᠡᠭᠡ ᠶᠤᠰᠤᠭᠠᠷ ᠶᠢᠰᠦᠨ | ᠡᠳᠤᠷ ᠤᠨ ᠵᠠᠮ ᠬᠦᠭᠡᠭᠡᠵᠦ ᠯᠾᠠᠰᠠ ᠬᠤᠳᠠ ᠳᠤ ᠬᠦᠷᠬᠦ ᠶᠤᠮ ᠪᠠᠶᠢᠨ᠎ᠠ᠃ ᠴᠸᠡᠭᠳᠦ᠋ ᠳᠤ ᠪᠠᠶᠢᠬᠤ ᠳᠤ | ᠬᠤᠶᠠᠷ ᠵᠠᠯᠠᠭᠤ ᠵᠠᠮ ᠠᠴᠠ ᠪᠠᠨ ᠪᠤᠴᠠᠴᠢᠬᠠᠭᠰᠠᠨ ᠪᠠᠶᠢᠯ᠎ᠠ᠂ ᠤᠴᠢᠷ ᠰᠢᠯᠳᠠᠭᠠᠨ ᠢ ᠨᠢ ᠠᠰᠠᠭᠤᠪᠠᠯ | ᠦᠨᠳᠦᠷᠯᠢᠭ ᠤᠨ ᠠᠭᠤᠷ ᠠᠮᠢᠰᠬᠤᠯ ᠳᠤ ᠵᠤᠬᠢᠴᠠᠬᠤ ᠦᠭᠡᠢ ᠠᠴᠠ ᠪᠤᠯᠵᠤ ᠪᠤᠷᠤ ᠮᠦᠷ ᠢᠶᠠᠷ ᠢᠶᠠᠨ ᠪᠤᠴᠠᠭᠰᠠᠨ | ᠪᠠᠶᠢᠵᠠᠢ᠃ ᠨᠢᠭᠡᠨ ᠠᠭᠤᠯᠠᠨ ᠵᠠᠮ ᠢᠶᠠᠷ ᠮᠤᠷᠦ᠋ᠢᠬᠤ ᠦᠶᠡᠰ ᠮᠤᠲ᠋ᠤᠷ ᠠᠴᠠ ᠪᠠᠨ ᠤᠢᠢᠴᠢᠭᠰᠠᠨ ᠳᠤ ᠬᠠᠮᠳᠦ | ᠶᠠᠪᠤᠭᠰᠠᠳ ᠨᠢ ︽ᠲᠠ ᠬᠠᠷᠢᠴᠢᠬ᠎ᠠ᠂ ᠡᠨᠡ ᠶᠠᠩᠵᠦ ᠪᠠᠷ ᠴᠠᠰᠢ ᠶᠠᠪᠤᠵᠦ ᠪᠤᠯᠬᠤ ᠦᠭᠡᠢ︾ ᠭᠡᠰᠡᠨ ᠳᠤ ᠡᠾᠧ ᠫᠢᠩ | ᠨᠠᠰᠤᠳᠡᠨ ︽ᠪᠢ ᠯᠠᠪ ᠯᠾᠠᠰᠠ ᠳᠤ ᠬᠦᠷᠴᠦ ᠲᠡᠶᠢᠯᠦᠨ᠎ᠠ᠂ ᠬᠡᠷᠪᠡ ᠮᠢᠨᠦ ᠮᠤᠲ᠋ᠤᠷ ᠭᠤᠷᠢ ᠦᠭᠡᠢ ᠪᠤᠯᠪᠠᠯ ᠪᠢ | ᠠᠯᠬᠤᠵᠦ ᠪᠠᠶᠢᠭᠠᠳ ᠴᠤ ᠭᠡᠰᠡᠨ ᠯᠾᠠᠰᠠ ᠳᠤ ᠬᠦᠷᠦᠨ᠎ᠡ︾ ᠭᠡᠵᠦ ᠢᠳᠡᠬᠡᠯ ᠦᠴᠢᠨ ᠶᠠᠪᠤᠭᠰᠠᠨ ᠬᠡᠳᠡᠭ᠃ | ᠯᠾᠠᠰᠠ ᠬᠤᠳᠠ ᠠᠴᠠ ᠠᠷᠪᠠᠨ ᠬᠡᠳᠤᠨ ᠺᠢᠯᠦᠮᠧᠳ᠋ᠷ ᠵᠠᠶᠢᠳᠠᠢ ᠪᠠᠶᠢᠬᠤ ᠳᠤ ᠶᠡᠭᠡ ᠪᠤᠷᠤᠭᠠᠨ ᠤᠷᠤᠵᠦ | ᠠᠶᠠᠨ ᠤ ᠬᠠᠨᠢᠳᠡᠳ ᠨᠢ ︽ᠡᠨᠡ ᠪᠤᠯ ᠪᠤᠷᠬᠠᠨ ᠤ ᠤᠷᠤᠨ ᠳᠤ ᠤᠷᠤᠵᠤ ᠪᠠᠶᠢᠭ᠎ᠠ ᠲᠤᠯᠠ ᠪᠤᠷᠬᠠᠨ ᠲᠡᠭᠷᠢ | ᠮᠠᠨᠤᠰ ᠢ ᠠᠷᠢᠭᠤᠤᠠᠬᠠᠨ ᠴᠡᠪᠡᠷᠯᠡᠵᠦ ᠪᠠᠶᠢᠨ᠎ᠠ ᠰᠢᠦ︾ ᠭᠡᠵᠦ ᠶᠠᠷᠢᠵᠠᠭᠠᠵᠦ ᠪᠠᠶᠢᠯ᠎ᠠ᠃ 13 ᠤ ᠤᠷᠤᠢ ᠯᠾᠠᠰᠠ | ᠬᠤᠳ᠋ᠨ ᠳᠤ ᠬᠦᠷᠦᠭᠡᠳ ᠲᠡᠨᠳᠡ ᠲᠦᠷᠪᠡ ᠬᠤᠨᠤᠵᠤ᠂ ᠬᠦᠬᠡᠨᠡᠭᠤᠷ᠂ ᠭᠠᠨᠰᠦ᠂ ᠨᠢᠩᠰᠢᠶᠠ᠂ ᠦᠬᠠᠢ᠂ ᠤᠷᠳᠤᠰ᠂ | ᠪᠤᠭᠤᠳᠦ᠂ ᠬᠦᠬᠡᠬᠤᠳᠠ ᠶᠢ ᠲᠠᠮᠵᠢᠨ ᠭᠡᠷ ᠲᠡᠭᠡᠨ ᠬᠠᠷᠢᠵᠤ ᠢᠷᠡᠲᠡᠯ᠎ᠡ ᠡᠳᠤᠷ ᠲᠤ ᠪᠠᠷᠤᠭ ᠲᠤᠮᠳᠠᠴᠢ ᠪᠠᠷ ᠠᠷᠪᠠᠨ | ᠬᠡᠳᠤᠨ ᠴᠠᠭ ᠮᠤᠲ᠋ᠤᠷ ᠤᠨᠤᠭᠰᠠᠨ ᠪᠠᠶᠢᠯ᠎ᠠ᠃ ᠡᠭᠦᠨ ᠳᠤ ᠵᠠᠮ ᠲᠠᠭᠠᠤ ᠪᠤᠷᠤᠭᠠᠨ ᠴᠠᠰᠤ ᠲᠠᠢ | ᠡᠳᠤᠷ ᠬᠠᠷᠭᠤᠪᠠᠯ ᠶᠡᠭᠡ ᠲᠡᠷᠭᠡᠨ ᠤ ᠬᠤᠶᠢᠨ᠎ᠡ ᠠᠴᠠ ᠲᠦᠷᠭᠡᠨ ᠶᠠᠪᠤᠵᠤ ᠴᠢᠳᠠᠬᠤ ᠦᠭᠡᠢ᠂ ᠬᠠᠵᠠᠭᠤ ᠪᠠᠷ ᠨᠢ | ᠦᠩᠭᠡᠷᠡᠬᠦ ᠳᠤ ᠲᠡᠷᠭᠡᠨ ᠬᠦᠷᠳᠦᠨ ᠤ ᠰᠢᠪᠠᠷ ᠤᠰᠤ ᠨᠢ ᠨᠢᠳᠦᠨ ᠰᠢᠯ ᠳᠡᠬᠡᠷ᠎ᠠ ᠨᠢ ᠳᠤᠰᠤᠭᠠᠳ ᠶᠠᠭᠤ ᠴᠤ | ᠤᠯᠵᠤ ᠬᠠᠷᠠᠵᠤ ᠲᠡᠶᠢᠯᠬᠦ ᠦᠭᠡᠢ ᠪᠤᠯᠴᠢᠬᠠᠳᠠᠭ ᠠᠵᠢ᠃ ᠬᠠᠮᠤᠭ ᠤᠷᠤᠢ ᠳᠠᠭᠠᠨ ᠰᠦᠨᠢ ᠶᠢᠨ ᠠᠷᠪᠠᠨ ᠨᠢᠭᠡᠨ | ᠴᠠᠭ ᠲᠤ ᠪᠠᠭᠤᠳᠡᠯ ᠤᠯᠵᠦ᠂ ᠤᠭᠢᠶᠠᠵᠦ ᠴᠡᠪᠡᠷᠯᠡᠭᠡᠳ ᠤᠨᠳᠠᠬᠤ ᠶᠢᠨ ᠦᠶᠡᠰ ᠨᠢᠭᠡᠨᠲᠡ ᠰᠦᠨᠢ ᠳᠤᠮᠳᠠ | ᠦᠡᠭᠭᠡᠷᠡᠴᠢᠭᠡᠳᠡᠭ ᠪᠠᠶᠢᠪᠠ᠃ | ᠮᠤᠲ᠋ᠤᠷ ᠢᠶᠠᠷ ᠠᠶᠠᠯᠠᠵᠦ ᠪᠠᠶᠢᠭ᠎ᠠ ᠬᠦᠮᠦᠰ ᠪᠦᠷ ᠨᠢᠭᠡ ᠭᠡᠷ ᠤᠨ ᠬᠦᠮᠦᠨ ᠰᠢᠭ ᠬᠠᠷᠢᠯᠴᠠᠨ | ᠬᠠᠯᠠᠮᠵᠢᠯᠠᠵᠤ ᠬᠠᠪᠰᠤᠷᠤᠯᠴᠠᠳᠠᠭ᠃ ᠡᠭᠦᠨ ᠳᠤ ᠡᠾᠧᠨᠠᠨ ᠮᠤᠵᠢ ᠶᠢᠨ ᠨᠢᠭᠡᠨ ᠵᠠᠯᠠᠭᠤ ᠡᠾᠧ ᠫᠢᠩ ᠨᠠᠰᠤᠳᠡᠨ ᠢ | ᠲᠠᠭᠠᠭᠤᠯᠤᠨ ᠰᠢ ᠠᠨ ᠬᠤᠳᠠ ᠠᠴᠠ ᠭᠠᠷᠴᠦ᠂ 108 ᠤᠯᠤᠰ ᠤᠨ ᠵᠠᠮ ᠢᠶᠠᠷ ᠨᠠᠯᠢᠶᠡᠳ ᠬᠤᠯᠠ ᠳᠠᠭᠠᠭᠤᠯᠵᠦ | ᠶᠠᠪᠤᠭᠰᠠᠨ ᠳᠤ ᠵᠠᠮ ᠵᠠᠰᠠᠵᠤ ᠪᠠᠶᠢᠨ᠎ᠠ ᠭᠡᠳ ᠲᠠᠬᠢᠨ 107 ᠤᠯᠤᠰ ᠤᠨ ᠵᠠᠮ ᠳᠤ ᠳᠠᠭᠠᠭᠤᠯᠤᠨ ᠬᠦᠷᠭᠡᠵᠦ | ᠦᠭᠭᠦᠭᠰᠡᠨ ᠪᠠᠶᠢᠨ᠎ᠠ᠃ ᠰᠧᠴᠤᠸᠠᠨ ᠮᠤᠵᠢ ᠶᠢᠨ ᠬᠤᠶᠠᠷ ᠵᠠᠯᠠᠭᠤ ᠲᠠᠢ ᠯᠾᠠᠰᠠ ᠵᠦᠭ ᠶᠠᠪᠤᠬᠤ ᠳᠡᠷᠡ ᠤᠷᠤᠢ ᠤᠷᠤᠢ | ᠪᠤᠯᠤᠭᠰᠠᠨ ᠠᠴᠠ ᠨᠠᠰᠦᠳᠡᠨ ᠢ ᠲᠤᠮᠳᠠ ᠪᠠᠨ ᠤᠷᠤᠭᠤᠯᠵᠦ ᠠᠭᠤᠯᠠᠨ ᠵᠠᠮ ᠢᠶᠠᠷ ᠶᠠᠪᠤᠭᠰᠠᠨ ᠬᠡᠨ᠎ᠠ᠃ ︽ᠤᠷᠤᠢ ᠪᠤᠯᠪᠠ᠂ | ᠪᠢ ᠡᠨᠡ ᠠᠭᠤᠯᠠᠨ ᠵᠠᠮ ᠠᠴᠠ ᠠᠶᠤᠵᠦ ᠪᠠᠶᠢᠨ᠎ᠠ᠂ ᠲᠠ ᠤᠷᠢᠳᠠᠪᠠᠷ ᠶᠠᠪᠤ᠂ ᠪᠢ ᠪᠠᠭᠤᠳᠡᠯ ᠤᠯᠵᠦ ᠠᠮᠠᠷᠠᠭᠠᠳ | ᠮᠠᠷᠭᠠᠰᠢ ᠲᠠᠬᠢᠨ ᠲᠠᠨ ᠤ ᠠᠷᠤ ᠠᠴᠠ ᠨᠡᠭᠡᠶᠡ︾ ᠭᠡᠬᠦ ᠳᠤ ᠬᠤᠶᠠᠷ ᠵᠠᠯᠠᠭᠤ᠄ ︽ᠲᠠᠷᠠᠭ᠎ᠠ ᠦᠷᠳᠡᠭᠡ ᠬᠦᠷᠳᠡᠯ᠎ᠠ | ᠵᠦᠪᠬᠡᠨ ᠠᠷᠪᠠᠭᠠᠳ ᠺᠢᠯᠦᠮᠧᠳ᠋ᠷ ᠯᠠ ᠪᠠᠶᠢᠨ᠎ᠠ᠂ ᠲᠠ ᠪᠢᠳᠡᠨ ᠲᠠᠢ ᠴᠤᠭ ᠶᠠᠪᠤᠴᠢᠬ᠎ᠠ᠂ ᠪᠢᠳᠡ ᠠᠯᠭᠤᠷ ᠰᠢᠭ᠋ | ᠶᠠᠪᠤᠶ᠎ᠠ︾ ᠭᠡᠳ ᠡᠾᠧ ᠫᠢᠩ ᠨᠠᠰᠤᠳᠡᠨ ᠲᠠᠢ ᠨᠢᠭᠡ ᠴᠠᠭ ᠭᠠᠷᠤᠢ ᠬᠠᠮᠳᠤ ᠶᠠᠪᠤᠭᠰᠠᠨ ᠪᠠᠶᠢᠵᠠᠢ᠃ ︽ᠰᠠᠶᠢᠨ | ᠰᠠᠨᠠᠭ᠎ᠠ ᠲᠠᠯ᠎ᠠ ᠶᠢ ᠲᠤᠭᠤᠷᠢᠨ᠎ᠠ︾ ᠭᠡᠳᠡᠭ ᠢᠶᠠᠷ ᠬᠤᠶᠠᠷ ᠰᠠᠶᠢᠨ ᠵᠠᠯᠠᠭᠤ ᠶᠢᠨ ᠬᠠᠪᠰᠤᠷᠤᠯᠭ᠎ᠠ ᠪᠠᠷ ᠵᠠᠮ ᠳᠤᠵᠢ ᠠᠮᠤᠷ | ᠲᠦᠪᠰᠢᠨ ᠶᠠᠪᠤᠵᠦ᠂ ᠲᠦᠯᠦᠪᠯᠡᠭᠰᠡᠨ ᠭᠠᠵᠠᠷ ᠲᠠᠭᠠᠨ ᠬᠦᠷᠦᠭᠰᠡᠨ ᠶᠤᠮ᠃ 17 ᠤ ᠡᠳᠤᠷ ᠨᠢ ᠡᠴᠢᠬᠡᠴᠤᠤᠯ ᠤᠨ | ᠪᠠᠶᠠᠷ ᠤᠨ ᠡᠳᠤᠷ ᠪᠤᠯᠬᠤᠷ ᠯᠾᠠᠰᠠ ᠬᠤᠳᠠ ᠳᠤ ᠬᠤᠶᠠᠷ ᠵᠠᠯᠠᠭᠤ ᠲᠡᠭᠦᠨ ᠳᠤ ᠪᠠᠶᠠᠷ ᠤᠨ ᠡᠳᠤᠷ ᠢ ᠨᠢ ᠪᠡᠯᠭᠡᠯᠡᠵᠦ | ᠦᠭᠭᠦᠭᠰᠡᠨ ᠭᠡᠳᠡᠭ᠃ | 6 ᠰᠠᠷ᠎ᠠ ᠶᠢᠨ 30 ᠤ ᠡᠳᠤᠷ ᠠᠮᠤᠷ ᠮᠡᠨᠳᠦ ᠪᠠᠷ ᠭᠡᠷ ᠨᠤᠲᠤᠭ ᠲᠠᠭᠠᠨ ᠬᠠᠷᠢᠵᠦ ᠢᠷᠡᠭᠰᠡᠨ ᠡᠾᠧ ᠫᠢᠩ | ᠨᠠᠰᠤᠳᠡᠨ ᠲᠤᠰ ᠤᠳᠠᠭᠠᠨ ᠤ ᠠᠶᠠᠯᠠᠯ ᠳᠤ ᠲᠠᠪᠤᠨ ᠮᠢᠩᠭ᠎ᠠ ᠭᠠᠷᠤᠢ ᠲᠦᠭᠦᠷᠢᠭ ᠵᠠᠷᠦᠴᠠᠭᠤᠯᠤᠭᠰᠠᠨ ᠪᠤᠯᠪᠠᠴᠤ | ᠦᠲᠡᠯᠦᠭᠡ ᠨᠠᠰᠤᠨ ᠳᠠᠭᠠᠨ ᠦᠪᠡᠷ ᠤᠨ ᠵᠠᠯᠠᠭᠤ ᠢᠳᠡᠷ ᠨᠠᠰᠤᠨ ᠤ ᠬᠦᠰᠡᠯ ᠵᠡᠭᠦᠳᠦ ᠪᠠᠨ ᠪᠡᠶᠡᠯᠡᠭᠦᠯᠦᠭᠰᠡᠨ ᠳᠡᠭᠡᠨ | ᠤᠮᠤᠭᠰᠢᠨ ᠪᠠᠶᠠᠷᠯᠠᠵᠦ ᠰᠠᠭᠤᠨ᠎ᠠ᠃ ︽ᠲᠠᠮᠤᠷ ᠬᠦᠯᠦᠭ︾ ᠢᠶᠠᠷ ᠲᠦᠪᠡᠳ ᠤᠨ ᠦᠨᠳᠦᠷᠯᠢᠭ ᠢᠶᠠᠷ ᠲᠤᠭᠤᠷᠢᠵᠤ | ᠢᠷᠡᠭᠰᠡᠨ ᠾᠧ ᠫᠢᠩ ᠨᠠᠰᠤᠲᠠᠨ ᠦᠨᠡᠭᠡᠷ ᠮᠤᠩᠭᠤᠯ ᠡᠷᠡᠴᠤᠳ ᠤᠨ ᠳᠡᠩᠬᠡᠬᠡ ᠶᠢ ᠦᠵᠡᠬᠦᠯᠵᠦ᠂ ᠮᠤᠷᠢᠳᠡᠨ | ᠮᠤᠩᠭᠤᠯ ᠤᠨ ᠰᠢᠨᠳᠡᠰᠦ ᠶᠢ ᠭᠠᠶᠢᠬᠠᠭᠤᠯᠵᠠᠢ᠃ | |