ᠲᠤ᠋ ᠪᠠᠲᠦᠪᠠᠶᠠᠷ | | ᠬᠦᠢᠳᠡᠨ ᠰᠢᠯᠢ᠂ ᠲᠠᠪᠠᠭᠠᠨ ᠤᠰᠤ᠂ ᠲᠡᠷᠡᠰᠤᠲᠦ ᠲᠤᠯᠤᠭᠠᠢ᠂ ᠵᠢᠭᠡᠰᠦᠲᠦ ᠮᠤᠲᠤ᠂ ᠪᠠᠶᠠᠭᠭᠤᠯᠠ᠂ ᠢᠬᠡᠷ᠎ᠡ | ᠶᠢᠨ ᠲᠠᠯ᠎ᠠ᠂ ᠦᠨᠲᠦᠷ ᠪᠤᠷᠦ ᠭᠡᠳ ᠮᠢᠨᠤ ᠨᠤᠳᠤᠭ ᠤᠨ ᠠᠭᠤᠯᠠ ᠲᠠᠯ᠎ᠠ᠂ ᠪᠤᠯᠠᠭ ᠱᠠᠩᠳᠠ ᠮᠠᠩᠬ᠎ᠠ ᠪᠤᠷᠤᠯᠵᠢ᠂ ᠲᠤᠪᠤ | ᠲᠤᠯᠤᠭᠠᠳ ᠠᠴᠠ ᠡᠬᠢᠯᠡᠭᠡᠳ ᠬᠦᠮᠡᠯᠢ ᠲᠠᠭᠠᠨ᠎ᠠ᠂ ᠴᠡᠴᠡᠭ ᠨᠠᠪᠴᠢᠰ᠂ ᠮᠤᠳᠤ ᠪᠤᠷᠭᠠᠰᠤ᠂ ᠴᠠᠬᠢᠯᠳᠠᠭ᠂ ᠬᠠᠷ᠎ᠠ | ᠴᠠᠭᠠᠨ ᠰᠢᠷ᠎ᠠ ᠮᠦᠬᠦ᠂ ᠬᠠᠯᠠᠭᠠᠢ ᠬᠠᠮᠬᠤᠤᠯ᠂ ᠦᠷᠡᠯ ᠮᠤᠶᠢᠯ᠂ ᠲᠡᠮᠡᠭᠡᠨ ᠭᠦᠬᠦ᠂᠂᠂᠂ ᠬᠡᠳ ᠡᠪᠡᠰᠦ ᠤᠷᠭᠤᠮᠠᠯ᠂ ᠪᠤᠳᠠᠨ | ᠤ ᠪᠤᠷᠤ ᠲᠠᠤᠯᠠᠢ᠂ ᠦᠨᠡᠭᠡ ᠭᠢᠷᠰᠠ᠂ ᠴᠢᠨ᠋ᠸ᠎ᠠ᠂ ᠵᠡᠭᠡᠷ᠎ᠡ ᠭᠦᠷᠦᠭᠡᠰᠦ᠂ ᠮᠠᠩᠭᠢᠰ ᠲᠠᠷᠪᠠᠭ᠎ᠠ᠂ ᠬᠤᠯᠤᠭᠠᠨ᠎ᠠ ᠬᠡᠳ ᠯᠠ | ᠬᠡᠭᠡᠷ᠎ᠡ ᠶᠢᠨ ᠠᠮᠢᠳᠠᠳ᠂ ᠠᠯᠠᠭ ᠱᠠᠭᠠᠵᠠᠭᠠᠢ᠂ ᠪᠤᠷᠤ ᠪᠤᠯᠵᠤᠮᠤᠷ᠂ ᠰᠢᠷ᠎ᠡ ᠰᠢᠪᠠᠭᠤ᠂ ᠡᠯᠢᠶ᠎ᠡ ᠪᠥᠷᠭᠦᠳ᠂ ᠬᠤᠨ | ᠭᠠᠯᠠᠭᠤ᠂ ᠲᠤᠭᠤᠷᠤᠤ ᠭᠡᠳ ᠯᠠ ᠵᠢᠭᠦᠷᠳᠡᠨ ᠰᠢᠪᠠᠭᠤᠳ᠂ ᠪᠠᠰᠠ ᠮᠡᠯᠡᠬᠡᠢ᠂ ᠭᠦᠷᠪᠡᠯ᠂ ᠮᠤᠭᠠᠢ ᠭᠡᠳ ᠯᠠ ᠤᠯᠠᠨ | ᠵᠤᠶᠢᠯ ᠤᠨ ᠠᠮᠢ ᠨᠠᠰᠤ ᠮᠢᠨᠤ ᠨᠤᠳᠤᠭ ᠤᠨ ᠬᠦᠷᠦᠰᠦᠨ ᠲᠡᠭᠡᠷ᠎ᠡ ᠦᠷᠭᠦᠯᠵᠢᠯᠡᠵᠦ᠂ ᠬᠤᠷᠤᠬᠠᠢ ᠰᠢᠪᠠᠵᠢ᠂ | ᠠᠮᠢᠳᠠᠨ ᠤᠷᠭᠤᠮᠠᠯ ᠪᠦᠬᠦᠨ ᠮᠢᠨᠤ ᠤᠨᠠᠭᠰᠠᠨ ᠰᠢᠷᠦᠢ ᠤᠭᠢᠶᠠᠭᠰᠠᠨ ᠤᠰᠤᠨ ᠳᠤ ᠮᠢᠨᠢ ᠠᠮᠢ ᠠᠮᠢᠵᠢᠷᠠᠯ ᠢ | ᠪᠢᠯᠬᠠᠭᠤᠯᠵᠤ᠂ ᠲᠠᠯ᠎ᠠ ᠪᠠᠷ ᠲᠦᠭᠦᠷᠡᠩ ᠪᠡᠯᠴᠢᠬᠦ ᠲᠠᠪᠤᠨ ᠬᠤᠰᠢᠭᠤ ᠮᠠᠯ ᠤᠨ ᠢᠶᠠᠨ ᠲᠡᠷᠭᠡᠳᠡ ᠪᠢᠳᠡ ᠡᠶᠢᠨᠬᠦ | ᠪᠠᠶᠢᠭᠠᠯᠢ ᠲᠠᠢ ᠵᠤᠬᠢᠴᠠᠨ ᠠᠵᠤ ᠲᠦᠷᠦᠭᠰᠡᠭᠡᠷ ᠢᠷᠡᠭᠰᠡᠨ ᠪᠢᠯᠡ᠃ ᠨᠤᠳᠤᠭ ᠮᠢᠨᠢ ᠨᠠᠳᠠ ᠤᠯᠠᠨ ᠦᠩᠭᠡ ᠪᠠᠷ | ᠬᠠᠷᠠᠭᠳᠠᠳᠠᠭ᠃ ᠬᠠᠪᠤᠷ ᠲᠠᠭᠠᠨ ᠴᠠᠶᠢᠪᠤᠷ᠂ ᠨᠠᠮᠤᠷ ᠲᠠᠭᠠᠨ ᠰᠢᠷᠭᠠᠯ᠂ ᠵᠤᠨ ᠳᠠᠭᠠᠨ ᠨᠤᠮᠢᠨ ᠨᠤᠭᠤᠭᠠᠨ᠂ ᠡᠪᠤᠯ | ᠳᠡᠭᠡᠨ ᠮᠥᠩᠭᠦᠨ ᠴᠠᠭᠠᠨ ᠬᠠᠷᠠᠭᠳᠠᠨ᠎ᠠ᠃ ᠭᠡᠬᠦ ᠳᠡᠭᠡᠨ ᠤᠯᠠᠷᠢᠯ ᠰᠤᠯᠢᠭᠳᠠᠬᠤ ᠭᠱᠠᠨ ᠪᠦᠷᠢ ᠯᠠ ᠡᠨᠡ ᠴᠠᠶᠢᠪᠤᠷ᠂ | ᠨᠤᠭᠤᠭᠠᠨ᠂ ᠰᠢᠷᠭᠠᠯ᠂ ᠮᠥᠩᠭᠦᠨ ᠴᠠᠭᠠᠨ ᠦᠩᠭᠡ ᠶᠢᠨ ᠴᠠᠭᠠᠨ᠎ᠠ ᠶᠠᠮᠠᠷ ᠨᠢᠭᠡᠨ ᠦᠩᠭᠡ ᠬᠠᠷᠠᠭᠳᠠᠬᠤ ᠰᠢᠭ᠋ ᠪᠤᠯᠤᠨ᠎ᠠ᠃ | ᠪᠢ ᠲᠡᠷᠡ ᠦᠩᠭᠡ ᠶᠢ ᠨᠡᠷᠡᠯᠡᠵᠦ ᠴᠢᠳᠠᠯ ᠦᠭᠡᠢ ᠲᠤᠳᠤᠷ᠎ᠠ ᠪᠠᠨ ᠤᠷᠭᠤᠯᠠᠨ ᠪᠤᠳᠤᠭᠰᠠᠭᠠᠷ ᠤᠯᠠᠨ ᠵᠢᠯ | ᠪᠤᠯᠤᠭᠰᠠᠨ ᠶᠤᠮ᠃ ᠮᠢᠨᠤ ᠨᠡᠷᠡᠯᠡᠵᠦ ᠴᠢᠳᠠᠯ ᠦᠭᠡᠢ ᠲᠠᠷᠡ ᠦᠩᠭᠡ ᠯᠠᠪ ᠯᠠ ᠲᠥᠷᠪᠡᠨ ᠤᠯᠠᠷᠢᠯ ᠤᠨ᠂ ᠡᠳᠦᠷ | ᠰᠦᠨᠢ ᠬᠤᠷᠢᠨ ᠲᠥᠷᠪᠡᠨ ᠴᠠᠭ ᠤᠨ ᠲᠤᠬᠠᠢ ᠰᠡᠷᠡᠯ ᠰᠡᠳᠬᠢᠬᠦᠢ ᠳᠤ ᠮᠢᠨᠢ ᠪᠤᠢ ᠪᠤᠯᠤᠭᠰᠠᠨ ᠲᠥᠰᠦᠭᠡᠯᠡᠯ ᠪᠠᠶᠢᠬᠤ | ᠭᠡᠵᠦ ᠪᠢ ᠪᠤᠳᠤᠯ᠎ᠠ᠃ ᠲᠡᠷᠡ ᠦᠩᠭᠡ ᠨᠢ ᠰᠡᠳᠬᠢᠯ ᠪᠤᠳᠤᠯ ᠢ ᠨᠦᠰᠦᠷ ᠬᠦᠨᠳᠦ ᠪᠤᠯᠭᠠᠳᠠᠭ ᠬᠠᠷ᠎ᠠ ᠦᠩᠭᠡ ᠯᠠᠪ | ᠪᠢᠰᠢ᠂ ᠶᠠᠮᠠᠷ ᠨᠢᠭᠡᠨ ᠵᠦᠢᠯ ᠳᠤ ᠰᠡᠳᠡᠯᠳᠠ ᠤᠯᠬᠤ ᠮᠡᠳᠦ ᠬᠦᠨ ᠤᠯᠠᠭᠠᠨ ᠡᠰᠡᠭᠦᠯ᠎ᠡ ᠲᠠᠪᠠᠯᠭᠠᠨ ᠰᠢᠭᠤᠷᠭ᠎ᠠ ᠮᠡᠳᠦ | ᠰᠠᠨᠠᠭᠳᠠᠬᠤ ᠢᠯᠡ ᠲᠤᠳᠤ ᠬᠠᠷᠢᠴᠠᠭᠤᠯᠤᠯ ᠤᠨ ᠦᠩᠭᠡ ᠯᠠᠪ ᠪᠢᠰᠢ᠂ ᠮᠢᠨᠤ ᠪᠤᠳᠤᠯ ᠳᠤ ᠤᠷᠭᠤᠭᠰᠠᠨ ᠡᠨᠡᠬᠦ | ᠦᠩᠭᠡ ᠨᠢ ᠠᠮᠦᠭᠤᠯᠠᠩ ᠲᠠᠶᠢᠪᠤᠩ ᠢ ᠠᠭᠤᠯᠤᠭᠰᠠᠨ᠂ ᠳᠡᠰᠪᠦᠷᠢ ᠲᠠᠭᠠᠮᠠᠭᠠᠢ ᠶᠢ ᠰᠠᠨᠠᠭᠳᠠᠭᠤᠯᠤᠭᠰᠠᠨ᠂ ᠠᠮᠢᠯᠠᠯ | ᠤᠨ ᠬᠦᠴᠦᠨ ᠲᠡᠭᠦᠯᠳᠡᠷ᠂ ᠪᠠᠶᠢᠭᠠᠯᠢ ᠲᠡᠯᠡᠬᠡᠢ ᠶᠢᠨ ᠮᠢᠨᠢ ᠤᠩᠭᠤᠨ ᠲᠦᠷᠬᠦ ᠪᠠᠶᠢᠵᠦ ᠲᠠᠭᠠᠷᠠᠨ᠎ᠠ ᠬᠡᠵᠦ ᠲᠡᠷᠡ | ᠵᠦᠭ ᠤᠯᠠᠮ ᠤᠶᠢᠷᠠᠳᠤᠯ᠎ᠠ᠃ ᠲᠡᠢᠮᠦ ᠡ︕ ᠪᠢ ᠦᠨᠳᠦᠷ ᠪᠤᠷᠤ ᠳᠤ ᠲᠥᠷᠥᠭᠰᠡᠨ᠂ ᠠᠪᠤ ᠮᠢᠨᠢ ᠦᠨᠳᠦᠷᠬᠡᠨ ᠪᠡᠶᠡᠳᠠᠢ | ᠬᠦᠷᠦᠰᠢᠯᠢᠭ ᠪᠤᠷᠤ ᠬᠦᠮᠦᠨ᠂ ᠡᠵᠢ ᠶᠢᠨ ᠮᠢᠨᠢ ᠡᠭᠦᠷᠳᠡᠭ ᠰᠢᠪᠠᠭ ᠨᠠᠳᠠ ᠪᠤᠷᠤᠯᠠᠵᠦ ᠬᠠᠷᠠᠭᠳᠠᠨ᠎ᠠ᠃ ᠡᠬᠡ ᠭᠠᠵᠠᠷ ᠤᠨ | ᠭᠠᠳᠠᠷᠭᠤ ᠨᠠᠳᠠ ᠶᠠᠭᠤ ᠬᠠᠢ ᠦᠭᠡᠢ ᠪᠤᠷᠤ ᠪᠤᠯᠵᠤ ᠦᠵᠡᠭᠳᠡᠯ᠎ᠡ᠃ ᠪᠤᠷᠤ ᠦᠩᠭᠡ ᠨᠠᠳᠠ ᠡᠭᠡᠯ ᠪᠤᠷᠤᠭᠵᠢᠭᠤᠨ ᠬᠢᠷᠢ | ᠨᠢ ᠡᠷᠴᠢ ᠬᠦᠴᠦᠳᠠᠢ᠂ ᠭᠠᠯ ᠤᠯᠠᠭᠠᠨ ᠨᠠᠷᠠ᠂ ᠴᠠᠪ ᠴᠠᠭᠠᠨ ᠴᠠᠰᠤᠨ᠂ ᠨᠤᠮᠢᠨ ᠨᠤᠭᠤᠭᠠᠨ ᠡᠪᠡᠰᠤ ᠤᠷᠭᠤᠮᠠᠯ᠂ | ᠴᠡᠩᠭᠡᠷᠯᠡᠨ ᠬᠠᠷᠠᠭᠳᠠᠬᠤ ᠲᠡᠭᠷᠢ᠂ ᠴᠡᠴᠡᠭᠡᠰ ᠤᠨ ᠡᠷᠬᠢᠮ ᠭᠢᠯᠪᠠᠭ᠎ᠠ ᠤᠳᠤᠳ ᠤᠨ ᠰᠦᠯᠡᠭᠡ ᠶᠠᠭᠤ ᠪᠦᠬᠦᠨ | ᠦᠪᠡᠷᠮᠢᠴᠡ ᠨᠢᠭᠡᠨ ᠰᠠᠨᠠᠭ᠎ᠠ ᠠᠬᠤᠢ ᠶᠢ ᠰᠠᠨᠠᠭᠳᠠᠭᠤᠯᠤᠨ ᠪᠠᠶᠢᠭᠠᠯᠢ ᠶᠢ᠂ ᠠᠮᠢᠳᠤᠷᠠᠯ ᠢ᠂ ᠬᠦᠮᠦᠨ ᠤ | ᠲᠤᠳᠤᠭᠠᠳᠤ ᠰᠡᠳᠬᠢᠯᠭᠡ ᠶᠢ ᠦᠭᠡᠷ᠎ᠡ ᠦᠭᠡᠷ᠎ᠡ ᠪᠠᠷ ᠴᠢᠮᠡᠵᠦ ᠦᠭᠡᠷᠡᠴᠢᠯᠡᠵᠦ ᠪᠠᠶᠢᠳᠠᠭ ᠬᠢᠷᠢ ᠨᠢ ᠡᠨᠡᠬᠦ ᠪᠤᠷᠤ | ᠦᠩᠭᠡ ᠨᠠᠳᠠ ᠡᠪ ᠡᠩ ᠤᠨ ᠪᠤᠯᠪᠠᠴᠤ ᠬᠦᠯᠢᠴᠢᠯ ᠲᠡᠰᠪᠦᠷᠢᠳᠠᠢ᠂ ᠠᠮᠤᠷ ᠠᠮᠤᠭᠤᠯᠠᠩ᠂ ᠲᠠᠶᠢᠪᠤᠩ ᠪᠠᠶᠢᠳᠠᠯ ᠢ | ᠠᠪᠴᠢᠷᠠᠨ ᠦᠭᠴᠦ ᠪᠠᠶᠢᠯ᠎ᠠ᠃ | ᠠᠪᠤ ᠡᠵᠢ ᠬᠤᠶᠠᠷ ᠮᠢᠨᠢ ᠦᠷᠭᠦᠯᠵᠢ ᠯᠠ ᠨᠠᠳᠠ ᠮᠢᠨᠤ ᠬᠦᠦ ᠴᠢᠨᠢ ᠦᠨᠳᠦᠷ ᠪᠤᠷᠤ ᠳᠤ ᠲᠥᠷᠥᠭᠰᠡᠨ ᠶᠤᠮ | ᠡ ᠭᠡᠳᠡᠭ ᠰᠠᠨ᠃ | ᠦᠨᠳᠦᠷ ᠪᠤᠷᠤ ᠭᠡᠵᠦ ᠪᠤᠳᠠ ᠰᠢᠪᠠᠭ᠂ ᠬᠠᠷᠭᠠᠨ᠎ᠠ᠂ ᠰᠢᠷ᠎ᠡ ᠪᠤᠷᠭᠠᠰᠤ᠂ ᠰᠦᠯ ᠡᠪᠡᠰᠦ ᠵᠡᠷᠭᠡ ᠤᠯᠠᠨ | ᠵᠦᠢᠯ ᠤᠨ ᠡᠪᠡᠰᠦ ᠤᠷᠭᠤᠮᠠᠯ ᠳᠤ ᠬᠤᠴᠢᠭᠳᠠᠭᠰᠠᠨ ᠵᠢᠵᠢᠭᠬᠡᠨ ᠪᠤᠷᠤ ᠲᠤᠯᠤᠭᠠᠢ ᠶᠤᠮ᠃ ᠠᠪᠤ ᠮᠢᠨᠢ ᠲᠥᠴᠢᠨ ᠵᠢᠯ | ᠤᠨ ᠡᠮᠦᠨ᠎ᠡ ᠦᠨᠳᠦᠷ ᠪᠤᠷᠤ ᠶᠢᠨ ᠤᠷᠤᠢ ᠲᠡᠭᠡᠷ᠎ᠡ ᠰᠠᠭᠤᠵᠤ ᠬᠤᠨᠢ ᠪᠠᠨ ᠬᠠᠷᠢᠭᠤᠯᠳᠠᠭ ᠪᠠᠶᠢᠯ᠎ᠠ᠃ ᠲᠡᠷᠡ ᠦᠶ᠎ᠡ | ᠳᠤ ᠡᠨᠡᠬᠦ ᠵᠢᠵᠢᠭᠬᠡᠨ ᠪᠤᠷᠤ ᠲᠤᠯᠤᠭᠠᠢ ᠳᠤ ᠲᠥᠴᠢ ᠲᠠᠪᠢᠭᠠᠳ ᠵᠦᠢᠯ ᠤᠨ ᠤᠷᠭᠤᠮᠠᠯ ᠤᠷᠭᠤᠵᠤ ᠪᠠᠶᠢᠵᠠᠢ᠃ | ᠮᠠᠨᠠᠶᠢᠬᠢ ᠭᠠᠭᠴᠠ ᠮᠤᠩᠭᠤᠯ ᠭᠡᠷ ᠢᠶᠠᠷ ᠦᠨᠳᠦᠷ ᠪᠤᠷᠤ ᠳᠤ ᠡᠪᠦᠯᠵᠢᠳᠡᠭ᠂ ᠬᠠᠪᠤᠷ ᠪᠤᠯᠵᠤ ᠤᠷᠢ ᠤᠷᠤᠬᠤ ᠦᠶ᠎ᠡ | ᠳᠤ ᠤᠰᠤ ᠪᠡᠯᠴᠢᠭᠡᠷ ᠲᠠᠭᠠᠵᠦ ᠨᠡᠭᠦᠳᠡᠯᠯᠡᠨ ᠶᠠᠪᠤᠳᠠᠭ ᠪᠠᠶᠢᠯ᠎ᠠ᠃ | ᠦᠨᠳᠦᠷ ᠪᠤᠷᠤ ᠳᠤ ᠡᠪᠦᠯᠵᠢᠳᠡᠭ ᠨᠢ ᠪᠠᠰᠠ ᠤᠴᠢᠷ ᠲᠠᠢ ᠶᠤᠮ᠃ ᠮᠠᠨ ᠤ ᠨᠤᠳᠤᠭ ᠪᠤᠯ ᠰᠢᠯᠢ ᠮᠠᠩᠬ᠎ᠠ | ᠠᠯᠠᠭᠯᠠᠭᠰᠠᠨ ᠭᠤᠶᠢᠳᠡ ᠨᠤᠳᠤᠭ ᠪᠤᠯᠬᠤᠷ ᠮᠠᠩᠬᠠᠨ ᠳᠤ ᠡᠪᠦᠯᠵᠢᠬᠦ ᠨᠢ ᠲᠤᠯᠠᠭᠠᠬᠠᠨ ᠪᠠᠶᠢᠳᠠᠭ᠃ ᠬᠦᠮᠦᠨ ᠮᠠᠯ | ᠬᠤᠶᠠᠷ ᠲᠤ ᠪᠦᠷ ᠠᠰᠢᠭᠳᠠᠢ ᠪᠠᠶᠢᠳᠠᠭ ᠢᠶᠠᠷ ᠢᠶᠠᠨ ᠮᠠᠨᠠᠶᠢᠬᠢ ᠡᠨᠡ ᠦᠨᠳᠦᠷ ᠪᠤᠷᠤ ᠶᠢ ᠰᠤᠩᠭᠤᠳᠠᠭ ᠪᠠᠶᠢᠯ᠎ᠠ᠃ | ᠦᠨᠳᠦᠷ ᠪᠤᠷᠤ ᠶᠢᠨ ᠪᠠᠶᠢᠷᠢᠰᠢᠯ ᠦᠪᠡᠷᠮᠢᠴᠡ ᠤᠨᠴᠠᠯᠢᠭ ᠲᠠᠢ ᠶᠤᠮ᠃ ᠰᠢᠯᠢ ᠮᠠᠩᠬ᠎ᠠ ᠬᠤᠶᠠᠷ ᠤᠨ ᠵᠠᠭᠠᠭ ᠲᠡᠭᠡᠷ᠎ᠡ | ᠤᠷᠭᠤᠭᠰᠠᠨ ᠡᠨᠡ ᠵᠢᠵᠢᠭᠬᠡᠨ ᠲᠤᠯᠤᠭᠠᠢ ᠤᠯᠠᠨ ᠵᠢᠯ ᠤᠨ ᠡᠮᠦᠨ᠎ᠡ ᠯᠠᠪ ᠯᠠ ᠮᠠᠩᠬ᠎ᠠ ᠬᠡᠵᠦ ᠨᠡᠷᠡᠯᠡᠬᠦ ᠶᠢᠨ ᠠᠷᠭ᠎ᠠ | ᠦᠭᠡᠢ ᠲᠤᠪᠤ ᠪᠠᠶᠢᠭᠰᠠᠨ ᠨᠢ ᠮᠡᠳᠡᠭᠡᠵᠢ᠃ ᠬᠠᠷᠢᠨ ᠮᠠᠨᠠᠶᠢᠬᠢ ᠠᠳᠡ ᠡᠪᠦᠯᠵᠢᠵᠦ ᠪᠠᠶᠢᠬᠤ ᠳᠤ ᠦᠨᠳᠦᠷ ᠪᠤᠷᠤ | ᠮᠢᠨᠢ ᠨᠢᠭᠡᠨᠳᠡ ᠰᠢᠯᠢ ᠭᠤᠪᠢ ᠳᠤ ᠲᠤᠬᠢᠶᠠᠯᠳᠤᠳᠠᠭ ᠲᠡᠳᠡᠭᠡᠷ ᠵᠢᠵᠢᠭ ᠲᠤᠪᠤ ᠲᠤᠯᠤᠭᠠᠳ ᠠᠴᠠ ᠢᠯᠭᠠᠷᠠᠵᠤ ᠦᠪᠡᠷ | ᠤᠨ ᠭᠡᠰᠡᠨ ᠤᠨᠴᠠᠯᠢᠭ ᠲᠠᠢ ᠪᠤᠯᠤᠭᠰᠠᠨ ᠰᠠᠨᠵᠠᠢ᠃ ᠬᠡᠭᠦ ᠳᠡᠭᠡᠨ ᠦᠨᠳᠦᠷ ᠪᠤᠷᠤ ᠮᠢᠨᠢ ᠲᠡᠷᠡ ᠦᠶ᠎ᠡ ᠳᠤ ︿ᠪᠤᠷᠤ﹀ | ᠭᠡᠳᠡᠭ ᠨᠡᠷ᠎ᠡ ᠳᠡᠭᠡᠨ ᠲᠤᠬᠢᠷᠠᠭᠰᠠᠨ ᠪᠤᠷᠤᠯᠵᠢ ᠪᠤᠳᠠ ᠰᠠᠬᠤᠯᠠᠭ ᠢᠶᠠᠷ ᠢᠶᠠᠨ ᠤᠯᠠᠮ ᠴᠤ ᠲᠤᠯᠠᠭᠠᠬᠠᠨ | ᠰᠠᠨᠠᠭᠳᠠᠳᠠᠭ ᠶᠤᠮ᠃ | ᠨᠠᠮᠠᠢᠢ ᠪᠠᠭ᠎ᠠ ᠪᠠᠶᠢᠬᠤ ᠳᠤ ᠦᠨᠳᠦᠷ ᠪᠤᠷᠤ ᠮᠢᠨᠢ ᠨᠠᠳᠠ ᠦᠨᠡᠬᠡᠷ ᠦᠨᠳᠦᠷ ᠰᠠᠨᠠᠭᠳᠠᠳᠠᠭ ᠶᠤᠮ᠃ ᠡᠪᠤᠯ | ᠴᠠᠭ ᠬᠦᠦᠷ ᠴᠠᠰᠤᠨ ᠳᠤ ᠬᠤᠴᠢᠭᠳᠠᠭᠰᠠᠨ ᠪᠠᠶᠢᠳᠠᠯ ᠨᠢ ᠨᠡᠩ ᠴᠤ ᠲᠡᠭᠦᠯᠳᠡᠷ ᠬᠠᠷᠠᠭᠳᠠᠨ᠎ᠠ᠃ ᠬᠦᠬᠡ ᠭᠠᠳᠠᠷ ᠲᠠᠢ | ᠠᠷᠠᠰᠤᠨ ᠲᠡᠪᠡᠯ ᠢᠶᠠᠨ ᠬᠦᠬᠡᠷᠬᠡᠨ ᠡᠮᠦᠰᠦᠭᠡᠳ ᠠᠪᠤ ᠮᠢᠨᠢ ᠦᠨᠳᠦᠷ ᠪᠤᠷᠤ ᠶᠢᠨ ᠬᠠᠵᠠᠭᠤ ᠪᠠᠷ ᠬᠤᠨᠢᠳ ᠢᠶᠠᠨ | ᠪᠡᠯᠴᠢᠭᠡᠵᠦ ᠶᠠᠪᠤᠬᠤ ᠨᠢ ᠤᠯᠠᠮ ᠴᠤ ᠰᠦᠷᠯᠢᠭ ᠰᠠᠨᠠᠭᠳᠠᠨ᠎ᠠ᠃ ᠦᠨᠡᠨᠳᠡᠭᠡᠨ ᠦᠨᠳᠦᠷ ᠪᠤᠷᠤ ᠶᠢᠨ ᠲᠤᠬᠠᠢ ᠮᠢᠨᠤ | ᠪᠠᠭ᠎ᠠ ᠶᠢᠨ ᠦᠶ᠎ᠡ ᠶᠢᠨ ᠰᠠᠭᠤᠳᠠᠯ ᠲᠡᠲᠦᠢ ᠯᠠ ᠤᠯᠠᠨ ᠦᠭᠡᠢ ᠶᠤᠮ᠃ ᠨᠠᠮᠠᠢᠢ ᠶᠢ ᠨᠡᠯᠢᠶᠡᠳ ᠲᠤᠮᠤ ᠪᠤᠯᠤᠭᠠᠳ | ᠤᠬᠠᠭᠠᠨ ᠰᠠᠭᠤᠵᠤ ᠡᠬᠢᠯᠡᠬᠦ ᠳᠤ ᠮᠠᠨᠠᠶᠢᠬᠢᠨ ᠦᠨᠳᠦᠷ ᠪᠤᠷᠤ ᠳᠤ ᠡᠪᠤᠯᠵᠢᠵᠦ ᠬᠠᠪᠤᠷᠵᠢᠬᠤ ᠪᠠᠨ ᠪᠠᠶᠢᠵᠤ | ᠵᠢᠭᠡᠰᠦᠲᠠᠢ ᠮᠤᠳᠤᠨ ᠳᠤ ᠨᠤᠳᠤᠭᠯᠠᠬᠤ ᠨᠢ ᠤᠯᠠᠨ ᠪᠤᠯᠤᠭᠰᠠᠨ ᠪᠠᠶᠢᠯ᠎ᠠ᠃ ᠭᠡᠬᠦ ᠳᠡᠭᠡᠨ ᠮᠢᠨᠤ ᠨᠤᠳᠤᠭ ᠤᠨ | ᠠᠭᠤᠯᠠ ᠬᠠᠶᠢᠷᠠᠬᠠᠨ᠂ ᠮᠠᠩᠬ᠎ᠠ ᠲᠤᠯᠤᠭᠠᠳ ᠤᠨ ᠲᠤᠮᠳᠠ ᠠᠴᠠ ᠡᠨᠡ ᠦᠨᠳᠦᠷ ᠪᠤᠷᠤ ᠯᠠ ᠮᠢᠨᠤ ᠰᠡᠳᠬᠢᠯ ᠢ | ᠡᠵᠡᠯᠡᠭᠰᠡᠭᠡᠷ ᠤᠨ ᠤᠳᠠᠭᠰᠠᠨ ᠶᠤᠮ᠃ ᠡᠨᠡ ᠨᠢ ᠪᠠᠷᠤᠭ ᠯᠠ ᠠᠪᠤ ᠮᠦᠮᠦ ᠬᠤᠶᠠᠷ ᠮᠢᠨᠢ ᠦᠷᠭᠦᠯᠵᠢ ᠨᠠᠳᠠ ᠮᠢᠨᠤ | ᠬᠦᠦ ᠴᠢᠨᠢ ᠦᠨᠳᠦᠷ ᠪᠤᠷᠤ ᠳᠤ ᠲᠥᠷᠦᠭᠰᠡᠨ ᠶᠤᠮ ᠳ᠋ᠧ ᠭᠡᠳᠡᠭ ᠦᠭᠡ ᠮᠢᠨᠤ ᠪᠤᠳᠤᠯ ᠰᠡᠳᠬᠢᠯ ᠳᠤ ᠶᠠᠮᠠᠷ ᠨᠢᠭᠡᠨ | ᠵᠦᠢᠯ ᠢ ᠪᠠᠳᠠᠷᠠᠭᠠᠵᠦ ᠤᠷᠬᠢᠭᠰᠠᠨ ᠪᠤᠯᠤᠯᠳᠠᠢ᠃ ᠶᠡᠭᠡ ᠴᠠᠰᠤᠳᠠᠢ ᠡᠪᠦᠯ ᠴᠠᠭ ᠶᠡᠭᠡ ᠠᠬ᠎ᠠ ᠬᠤᠳᠠᠨ ᠤ | ᠬᠡᠳᠦᠨ ᠬᠡᠤᠬᠡᠳ ᠢ ᠲᠠᠭᠠᠭᠤᠯᠤᠭᠠᠳ ᠦᠨᠳᠦᠷ ᠪᠤᠷᠤ ᠶᠢᠨ ᠤᠷᠤᠢ ᠲᠡᠭᠡᠷ᠎ᠡ ᠭᠠᠷᠴᠤ ᠦᠬᠡᠷ ᠤᠨ ᠠᠷᠠᠰᠦᠨ | ᠲᠡᠭᠡᠷ᠎ᠡ ᠰᠠᠭᠤᠵᠤ ᠲᠤᠷᠤᠭᠰᠢ ᠭᠤᠯᠭᠤᠵᠦ ᠨᠠᠭᠠᠳᠬᠤ ᠳᠤᠨᠢ ᠪᠢ ᠪᠠᠭ᠎ᠠ ᠪᠤᠯᠬᠤᠷ ᠲᠡᠭᠳᠡᠷ ᠮᠦᠭᠳᠦᠷ ᠠᠯᠬᠤᠵᠤ | ᠲᠡᠳᠡᠨ ᠤ ᠠᠷᠤ ᠠᠴᠠ ᠲᠠᠭᠠᠵᠤ ᠪᠠᠶᠢᠵᠤ ᠨᠢᠭᠡ ᠤᠳᠠᠭ᠎ᠠ ᠠᠬ᠎ᠠ ᠨᠠᠮᠠᠢᠢ ᠲᠡᠪᠡᠷᠢᠵᠦ ᠠᠪᠴᠤ ᠭᠠᠷᠤᠭᠠᠳ | ᠭᠤᠯᠭᠤᠵᠤ ᠤᠷᠬᠢᠭᠰᠡᠨ ᠴᠢᠨᠢ ᠲᠡᠷᠡ ᠨᠢ ᠤᠷᠰᠢᠭ ᠪᠤᠯᠵᠤ ᠲᠡᠷᠡ ᠡᠪᠤᠯ ᠢᠶᠠᠷ ᠢᠶᠠᠨ ᠦᠷᠯᠦᠭᠡ ᠪᠤᠯᠪᠠᠯ ᠪᠢ | ᠠᠬ᠎ᠠ ᠡᠭᠡᠴᠢ ᠨᠠᠷ ᠢᠶᠠᠨ ᠵᠤᠪᠠᠭᠠᠵᠤ ᠦᠨᠳᠦᠷ ᠪᠤᠷᠤ ᠶᠢᠨ ᠤᠷᠤᠢ ᠲᠡᠭᠡᠷ᠎ᠡ ᠠᠴᠠ ᠭᠤᠯᠭᠤᠬᠤ ᠭᠡᠵᠦ ᠤᠬᠢᠯᠠᠵᠤ | ᠴᠢᠷᠯᠠᠵᠤ ᠨᠠᠭᠠᠳᠬᠤ ᠪᠠᠨ ᠤᠯᠤᠭᠰᠠᠨ ᠬᠡᠤᠬᠡᠳ ᠲᠠᠭᠠᠷᠠᠬᠤ ᠪᠠᠨ ᠮᠠᠷᠳᠠᠳᠠᠭ ᠪᠠᠶᠢᠯ᠎ᠠ᠃ ᠭᠡᠪᠡᠴᠦ ᠡᠳᠡᠭᠡᠷ ᠵᠦᠢᠯ | ᠪᠤᠯ ᠮᠢᠨᠤ ᠤᠢ ᠲᠤᠢ ᠳᠤ ᠦᠯᠡᠳᠡᠭᠰᠡᠨ ᠨᠢ ᠴᠥᠬᠡᠨ ᠶᠤᠮ᠃ ᠪᠢ ᠲᠠᠩᠴᠢ ᠪᠠᠭ᠎ᠠ ᠪᠠᠶᠢᠭᠰᠠᠨ ᠤ ᠤᠴᠢᠷ ᠪᠤᠯᠤᠯᠲᠠᠢ᠃ | ᠡᠵᠢ ᠮᠢᠨᠢ ᠨᠠᠮᠠᠢᠢ ᠬᠠᠪᠤᠷ ᠲᠥᠷᠦᠭᠰᠡᠨ ᠪᠤᠯᠬᠤᠷ ᠦᠨᠳᠦᠷ ᠪᠤᠷᠤ ᠳᠤ ᠡᠪᠦᠯᠵᠢᠵᠦ ᠪᠠᠶᠢᠭᠰᠠᠨ ᠮᠠᠨᠠᠶᠢᠬᠢ | ᠲᠡᠷᠡ ᠵᠢᠯ ᠵᠤᠰᠠᠭᠠᠯ ᠳᠤ ᠭᠠᠷᠬᠤ ᠪᠤᠯᠳᠠᠯ᠎ᠠ ᠡᠪᠤᠯᠵᠢᠶᠡᠨ ᠳᠡᠭᠡᠨ ᠨᠤᠳᠤᠭᠯᠠᠭᠰᠠᠨ ᠭᠡᠨ᠎ᠡ᠃ ᠨᠠᠮᠠᠢᠢ ᠲᠥᠷᠦᠬᠦ ᠳᠤ | ᠨᠤᠳᠤᠭ ᠤᠨ ᠮᠢᠨᠢ ᠡᠬᠡ ᠪᠠᠷᠢᠶᠡᠴᠢ ᠯᠾᠮᠦᠰᠦᠷᠦᠩ ᠮᠦᠮᠦ ᠤᠷᠢᠳᠡᠬᠢ ᠲᠠᠢ ᠪᠠᠨ ᠠᠳᠠᠯᠢᠬᠠᠨ ᠮᠤᠷᠢᠲᠠᠢ | ᠱᠤᠭᠰᠢᠵᠦ ᠢᠷᠡᠬᠡᠳ ᠬᠦᠢ ᠪᠤᠭᠤᠵᠤ ᠦᠭᠭᠦᠭᠡᠳ ᠠᠪᠤ ᠮᠦᠮᠦ ᠬᠤᠶᠠᠷ ᠲᠤ ᠮᠢᠨᠢ ︿ᠵᠠ᠂ ᠲᠠ ᠬᠤᠶᠠᠷ ᠮᠢᠨᠢ ᠪᠠᠰᠠ | ᠨᠢᠬᠡ ᠪᠤᠷᠤ ᠬᠦᠦ ᠲᠠᠢ ᠪᠤᠯᠤᠯ᠎ᠠ᠂ ᠦᠨᠳᠦᠷ ᠪᠤᠷᠤ ᠰᠢᠭ᠋ ᠢᠶᠠᠨ ᠦᠨᠳᠦᠷ ᠪᠤᠯᠵᠤ᠂ ᠦᠷᠭᠡᠨ ᠰᠢᠯᠢ ᠰᠢᠭ ᠢᠶᠠᠨ | ᠲᠡᠨᠢᠭᠦᠬᠡᠨ᠂ ᠤᠨᠠᠭᠰᠠᠨ ᠨᠤᠳᠤᠭ ᠢᠶᠠᠨ ᠦᠭᠡᠶᠢᠯᠡᠳᠡᠭ᠂ ᠤᠬᠠᠭᠠᠨ ᠲᠠᠢ ᠬᠦᠦ ᠪᠤᠯᠤᠭ᠂ ᠬᠤᠷᠤᠢ ᠬᠤᠷᠤᠢ﹀ ᠭᠡᠰᠡᠨ | ᠭᠡᠳᠡᠭ᠃ ᠬᠦᠢ ᠡᠵᠢ ᠶᠢᠨ ᠮᠢᠨᠢ ᠢᠷᠦᠭᠡᠯ ᠤᠨ ᠬᠢ ᠴᠤ ᠶᠤᠮ ᠤᠤ ᠬᠦᠮᠦᠨ ᠪᠠᠶᠢᠭᠠᠯᠢ ᠬᠤᠶᠠᠷ ᠤᠨ ᠠᠮᠢᠨ | ᠬᠤᠯᠪᠤᠭ᠎ᠠ ᠠᠴᠠ ᠪᠤᠯᠪᠠᠤ ᠳ᠋ᠧ᠂ ᠪᠢ ᠭᠡᠭᠴᠢ ᠦᠰᠬᠦ ᠲᠤᠳᠤᠮ ᠢᠶᠠᠨ ᠦᠨᠳᠦᠷ ᠪᠤᠷᠤ ᠪᠠᠨ ᠲᠠᠭᠤᠷᠢᠶᠠᠭᠰᠠᠨ ᠭᠡᠮᠡᠷ | ᠬᠠᠷ᠎ᠠ ᠪᠤᠷᠤ ᠴᠢᠷᠠᠶᠢᠳᠠᠢ ᠪᠤᠯᠤᠭᠰᠠᠨ ᠶᠤᠮ᠃ ᠪᠠᠭ᠎ᠠ ᠰᠤᠷᠭᠠᠭᠤᠯᠢ ᠳᠤ ᠰᠠᠭᠤᠵᠤ ᠪᠠᠶᠢᠬᠤ ᠳᠤ ᠮᠠᠨᠠᠢ ᠠᠩᠬᠢ ᠶᠢᠨ | ᠬᠡᠤᠭᠡᠳ ᠤᠳ ᠪᠦᠷ ᠯᠠ ᠴᠠᠭᠠᠨ ᠤᠯᠠᠭᠠᠨ ᠨᠢ ᠢᠯᠭᠠᠷᠠᠭᠰᠠᠨ ᠦᠩᠭᠡᠯᠢᠭ ᠪᠠᠶᠢᠬᠤ ᠳᠤ ᠪᠢ ᠬᠠᠷᠢᠨ ᠤᠯᠠᠨ ᠠᠴᠠ | ᠤᠨᠴᠠᠭᠠᠢ ᠪᠤᠷᠤ ᠬᠦᠦ ᠪᠠᠶᠢᠭᠰᠠᠨ ᠶᠤᠮ᠃ ᠨᠠᠰᠤ ᠵᠢᠯ ᠨᠡᠮᠡᠭᠳᠡᠬᠦ ᠲᠤᠳᠤᠮ ᠨᠤᠳᠤᠭ ᠤᠰᠤ ᠪᠠᠨ ᠦᠭᠡᠶᠢᠯᠡᠨ ᠰᠠᠨᠠᠬᠤ | ᠮᠢᠨᠢ ᠨᠡᠮᠡᠭᠳᠡᠵᠦ᠂ ᠦᠨᠳᠦᠷ ᠪᠤᠷᠤ ᠶᠢᠨ ᠢᠶᠠᠨ ᠲᠤᠬᠠᠢ ᠤᠷᠭᠤᠭᠤᠯᠵᠤ ᠪᠤᠳᠤᠬᠤ ᠨᠠᠩ ᠴᠤ ᠲᠤᠷᠠᠳᠠᠢ ᠪᠤᠯᠵᠠᠢ᠃ | ︿ᠪᠢ ᠡᠬᠡ ᠤᠷᠤᠨ ᠲᠠᠢ ᠪᠠᠨ ᠲᠡᠩᠳᠡᠬᠦᠦ ᠠᠳᠠᠯᠢᠬᠠᠨ﹀ ᠬᠡᠵᠦ ᠢᠷᠠᠭᠤ ᠨᠠᠶᠢᠷᠠᠭ ᠤᠨ ᠰᠤᠩᠭᠤᠳᠠᠭ | ᠬᠡᠯᠡᠴᠡ ᠲᠠᠭᠤᠤ ᠪᠤᠯᠤᠨ ᠤᠶᠠᠩᠭᠠᠷᠠᠵᠤ ᠪᠠᠶᠢᠭᠰᠠᠨ ᠦᠶ᠎ᠡ ᠪᠢ ᠬᠡᠨᠡᠳᠳᠡ ᠪᠢ ᠡᠬᠡ ᠤᠷᠤᠨ ᠲᠠᠢ ᠪᠠᠨ | ᠠᠳᠠᠯᠢᠬᠠᠨ ᠵᠦᠢᠯ ᠪᠠᠶᠢᠭ᠎ᠠ ᠪᠤᠯᠪᠠᠤ ᠬᠡᠵᠦ ᠲᠦᠷᠦᠭᠰᠡᠨ ᠨᠤᠳᠤᠭ ᠤᠨ ᠮᠠᠩᠬ᠎ᠠ ᠲᠤᠯᠤᠭᠠᠳ ᠢ ᠠᠵᠢᠬᠤ ᠨᠢ | ᠦᠯᠡᠳᠡᠵᠦ ᠡᠬᠢᠯᠡᠭᠰᠡᠨ ᠶᠤᠮ᠃ ᠦᠨᠳᠦᠷ ᠪᠤᠷᠤ ᠶᠢ ᠦᠪᠴᠢ ᠪᠦᠷᠭᠦᠭᠰᠡᠨ ᠤᠷᠭᠤᠮᠠᠯ ᠴᠡᠴᠡᠭᠡᠰ ᠨᠢ ᠮᠢᠨᠤ ᠲᠡᠷᠢᠭᠦᠨ | ᠳᠤ ᠤᠷᠭᠤᠭᠰᠠᠨ ᠦᠰᠦ ᠭᠡᠵᠢᠭᠡ ᠮᠡᠳᠦ᠂ ᠨᠠᠮᠤᠷ ᠤᠨ ᠰᠢᠷᠭᠠᠯ ᠡᠳᠦᠷ ᠰᠡᠳᠬᠢᠯ ᠪᠤᠳᠤᠯ ᠶᠠᠮᠠᠷ ᠨᠢᠭᠡᠨ ᠵᠦᠢᠯ | ᠳᠤ ᠰᠠᠮᠠᠷᠠᠵᠤ ᠤᠶᠠᠷᠠᠬᠤ ᠭᠱᠠᠨ ᠦᠨᠳᠦᠷ ᠪᠤᠷᠤ ᠶᠢᠨ ᠮᠢᠨᠢ ᠡᠪᠡᠰᠦ ᠪᠤᠷᠤᠯᠵᠢ ᠨᠢ ᠬᠦᠷᠳᠡᠯ᠎ᠡ ᠰᠢᠷᠠᠯᠠᠵᠦ | ᠬᠤᠪᠠᠭ᠋ᠠᠶᠢᠷᠠᠨ ᠪᠤᠳᠤᠯᠭᠠᠰᠢᠷᠠᠵᠦ ᠪᠠᠶᠢᠭ᠎ᠠ ᠴᠤ ᠶᠤᠮᠰᠢᠭ᠂ ᠡᠪᠦᠯ ᠤᠨ ᠴᠠᠭ ᠬᠤᠷᠠᠭᠠᠨ ᠲᠠᠪᠡᠯ ᠢᠶᠠᠨ ᠬᠦᠭᠡᠷᠭᠡᠵᠦ | ᠡᠮᠦᠰᠦᠭᠡᠳ ᠦᠨᠳᠦᠷ ᠪᠤᠷᠤ ᠪᠠᠨ ᠠᠵᠢᠬᠤ ᠳᠤ ᠮᠥᠩᠭᠦᠨ ᠦᠩᠭᠡ ᠪᠠᠷ ᠴᠢᠮᠡᠭᠯᠡᠭᠡᠳ ᠮᠦᠨ ᠯᠠ ᠠᠳᠠᠯᠢᠬᠠᠨ | ᠰᠠᠨᠠᠭᠳᠠᠨ᠎ᠠ᠃ ᠦᠨᠳᠦᠷ ᠪᠤᠷᠤ ᠳᠤ ᠮᠢᠨᠢ ᠬᠠᠪᠤᠷ ᠪᠤᠯᠭᠠᠨ ᠠᠮᠢᠯᠠᠯ ᠪᠢᠯᠬᠠᠨ ᠨᠤᠭᠤᠭᠠᠷᠠᠭᠠᠳ ᠢᠷᠡᠬᠦ ᠨᠢ ᠮᠢᠨᠤ ᠠᠵᠢᠯ | ᠲᠦᠷᠦᠯ ᠳᠡᠭᠡᠨ ᠠᠮᠵᠢᠯᠳᠠ ᠪᠠᠶᠢᠭᠤᠯᠤᠭᠠᠳ ᠪᠠᠶᠠᠷᠯᠠᠵᠤ ᠤᠷᠠᠮᠰᠢᠵᠦ ᠲᠡᠭᠦᠯᠳᠡᠷᠵᠢᠵᠦ ᠪᠠᠶᠢᠭᠰᠠᠨ ᠭᠱᠠᠨ ᠮᠡᠳᠦ | ᠪᠤᠳᠤᠭᠳᠠᠨ᠎ᠠ᠃ ᠢᠩᠭᠢᠵᠦ ᠪᠢ ᠡᠬᠡ ᠨᠤᠳᠤᠭ ᠤᠨ ᠢᠶᠠᠨ ᠲᠤᠬᠠᠢ᠂ ᠤᠨᠠᠵᠦ ᠲᠦᠷᠦᠭᠰᠡᠨ ᠦᠯᠦᠭᠡᠢ ᠨᠤᠳᠤᠭ ᠤᠨ | ᠢᠶᠠᠨ ᠲᠤᠬᠠᠢ ᠤᠷᠭᠤᠯᠤᠨ ᠪᠤᠳᠤᠬᠤ ᠲᠤᠷᠠᠳᠠᠢ ᠪᠢᠯᠡ᠃ ᠡᠭᠦᠨ ᠤ ᠤᠯᠠᠮ ᠢᠶᠠᠷ ᠴᠤ ᠪᠡᠶ᠎ᠡ ᠮᠢᠨᠢ ᠴᠢᠯᠭᠡᠷᠡᠵᠦ | ᠡᠮᠨᠡᠯᠭᠡ ᠳᠤ ᠬᠦᠷᠴᠦ ᠬᠦᠨᠳᠦᠬᠡᠨ ᠤᠨᠤᠰᠢᠯᠠᠯ ᠠᠪᠤᠭᠰᠠᠨ ᠡᠳᠦᠷ ᠢᠶᠠᠨ ᠪᠢ ᠰᠡᠳᠬᠢᠯ ᠳᠡᠭᠡᠨ ᠰᠦᠰᠦᠭᠯᠡᠵᠦ ᠨᠤᠳᠤᠭ | ᠵᠦᠭ ᠢᠶᠠᠨ ᠵᠤᠷᠢᠯ᠎ᠠ᠃ | ᠪᠢ ᠦᠨᠳᠦᠷ ᠪᠤᠷᠤ ᠶᠢᠨ ᠢᠶᠠᠨ ᠡᠩᠭᠡᠷ ᠲᠤ ᠶᠠᠮᠠᠷᠴᠤ ᠡᠷᠭᠡᠯᠵᠢᠯᠡᠯ ᠦᠭᠡᠢ ᠪᠠᠷ ᠡᠬᠡ ᠠᠴᠠ ᠲᠦᠷᠦᠭᠰᠡᠨ | ᠪᠡᠶ᠎ᠡ ᠪᠠᠷ ᠢᠶᠠᠨ ᠤᠨᠠᠭ᠎ᠠ ᠰᠢᠭ᠋ ᠬᠦᠷᠪᠡᠭᠡᠵᠦ ᠤᠳᠠᠳᠠᠯ᠎ᠠ ᠡᠯᠢᠭᠡᠳᠡᠨ ᠬᠡᠪᠳᠡᠵᠦ᠂ ᠡᠩᠰᠡᠷᠡᠳᠡᠯ᠎ᠡ ᠤᠬᠢᠯᠠᠵᠤ᠂ | ᠰᠡᠳᠬᠢᠯ ᠵᠢᠷᠦᠬᠡ ᠪᠠᠨ ᠠᠭᠤᠳᠠᠯᠠᠨ ᠶᠠᠷᠢᠵᠦ ᠠᠭᠤᠵᠢᠷᠠᠵᠦ ᠠᠪᠤᠯ᠎ᠠ᠃ ᠪᠤᠴᠠᠭᠠᠳ ᠶᠠᠪᠤᠬᠤ ᠳᠤ ᠰᠡᠳᠬᠢᠯ ᠨᠢᠭᠡᠯᠡ | ᠰᠠᠷᠠᠭᠤᠯᠬᠠᠨ ᠪᠤᠯᠵᠤ᠂ ᠴᠡᠭᠡᠵᠢᠨ ᠲᠡᠭᠡᠷ᠎ᠡ ᠳᠠᠷᠤᠭᠰᠠᠨ ᠲᠡᠷᠡ ᠭᠡᠰᠡᠭ ᠴᠢᠯᠠᠭᠤ ᠭᠡᠨᠡᠳᠳᠡ ᠠᠯᠠᠭ᠎ᠠ ᠪᠤᠯᠤᠭᠠᠳ | ᠢᠳᠡᠭᠡᠯ ᠬᠦᠰᠡᠯ ᠮᠢᠨᠢ ᠤᠷᠬᠢᠯᠠᠵᠦ ᠪᠢ ᠠᠮᠢ ᠨᠠᠰᠤ ᠶᠢ ᠨᠠᠨᠳᠢᠩᠨᠠᠬᠤ᠂ ᠬᠦᠮᠦᠨ ᠪᠤᠯᠬᠤ ᠶᠢᠨ ᠤᠳᠬ᠎ᠠ ᠴᠢᠨᠠᠷ ᠢ | ᠤᠯᠠᠮ ᠢᠶᠠᠷ ᠮᠠᠳᠡᠷᠡᠵᠦ᠂ ᠦᠨᠳᠦᠷ ᠪᠤᠷᠤ ᠮᠢᠨᠢ ᠦᠴᠢᠨᠡᠨ ᠵᠢᠯ ᠤᠨ ᠭᠠᠩ ᠬᠠᠭᠤᠷᠠᠢ᠂ ᠰᠠᠯᠬᠢ ᠰᠢᠭᠤᠷᠭᠠᠨ ᠢ | ᠲᠤᠭᠤᠯᠵᠤ᠂ ᠬᠠᠪᠤᠷ ᠤᠨ ᠬᠠᠪᠤᠷ ᠦᠪᠡᠷ ᠢᠶᠠᠨ ᠰᠡᠯᠡᠭᠦᠨ ᠲᠡᠭᠦᠯᠳᠡᠷᠵᠢᠵᠦ ᠪᠠᠶᠢᠬᠤ ᠳᠤ ᠮᠢᠨᠤ ᠦᠰᠦ ᠭᠡᠵᠢᠭᠡ ᠳᠤ | ᠰᠡᠳᠬᠢᠯ ᠤᠨ ᠵᠤᠪᠠᠨᠢᠯ ᠢ ᠢᠯᠡᠴᠢᠯᠡᠨ ᠰᠤᠶᠤᠭᠠᠯᠠᠭᠰᠠᠨ ᠬᠤᠷᠤᠭᠤ ᠲᠠᠷᠦᠮᠡ ᠴᠠᠭᠠᠨ ᠦᠰᠦ᠂ ᠪᠡᠶ᠎ᠡ ᠮᠠᠬᠠᠪᠤᠳ ᠢ | ᠡᠭᠡᠯᠡᠨ ᠴᠥᠯᠪᠡᠭᠰᠡᠨ ᠬᠠᠷᠢ ᠡᠰ ᠶᠠᠭᠠᠬᠢᠵᠦ ᠮᠢᠨᠤ ᠤᠶᠤᠨ ᠰᠠᠨᠠᠭ᠎ᠠ ᠶᠢ ᠲᠠᠪᠠᠵᠦ ᠴᠢᠳᠠᠬᠤᠪ ᠬᠡᠵᠦ ᠵᠤᠷᠢᠭ | ᠡᠷᠴᠢᠯᠡᠵᠦ ᠪᠢᠯᠡ᠃ | ᠦᠨᠳᠦᠷ ᠪᠤᠷᠤ ᠠᠴᠠ ᠮᠢᠨᠢ ᠬᠤᠶᠢᠨᠠᠬᠠᠨ ᠮᠠᠩᠬᠠᠨ ᠤ ᠨᠦᠮᠦᠷᠢ ᠲᠦᠰᠢᠭᠰᠡᠨ᠂ ᠮᠢᠨᠤ ᠨᠤᠳᠤᠭ ᠤᠨ ᠰᠢᠯᠢ᠂ | ᠮᠠᠩᠬ᠎ᠠ ᠬᠤᠶᠠᠷ ᠢ ᠵᠠᠭᠠᠳᠠᠠᠭᠰᠠᠨ ᠠᠯᠠᠭᠠᠨ ᠴᠢᠨᠡᠬᠡᠨ ᠭᠠᠵᠠᠷ ᠲᠡᠭᠡᠷ᠎ᠡ ᠮᠠᠨ ᠤ ᠨᠤᠳᠤᠭ ᠤᠨ ᠬᠢᠨ ᠡᠪᠦᠭᠡᠳ | ᠲᠡᠭᠡᠳᠦᠰ ᠢᠶᠠᠨ ᠨᠤᠳᠤᠭᠯᠠᠭᠤᠯᠳᠠᠭ ᠶᠤᠮ᠃ ᠮᠢᠨᠤ ᠲᠦᠷᠦᠵᠦ ᠲᠡᠷᠪᠡᠵᠦ ᠲᠤᠭᠯᠠᠵᠤ ᠦᠰᠦᠭᠰᠡᠨ ᠦᠨᠳᠦᠷ ᠪᠤᠷᠤ | ᠠᠴᠠ ᠮᠢᠨᠢ ᠡᠨᠡᠭᠦ ᠮᠥᠩᠭᠡ ᠦᠷᠤᠰᠢᠬᠤᠢ ᠶᠢᠨ ᠤᠷᠤᠨ ᠬᠡᠳᠦᠬᠡᠨ ᠭᠠᠵᠠᠷ ᠵᠠᠶᠢᠳᠠᠢ ᠪᠦᠭᠡᠳ ᠨᠠᠮᠠᠢᠢ ᠪᠠᠭ᠎ᠠ | ᠪᠠᠶᠢᠬᠤ ᠦᠶ᠎ᠡ ᠳᠤ ᠮᠠᠨ ᠤ ᠮᠠᠯ ᠤᠨ ᠪᠡᠯᠴᠢᠭᠡᠷ ᠪᠠᠶᠢᠭᠰᠠᠨ ᠪᠢᠯᠡ᠃ ᠮᠢᠨᠤ ᠰᠡᠳᠬᠢᠯ ᠳᠤ ᠭᠡᠨᠡᠳᠳᠡ ᠴᠠᠭ | ᠬᠤᠭᠤᠴᠠᠭ᠎ᠠ᠂ ᠤᠷᠤᠨ ᠵᠠᠢ ᠶᠢᠨ ᠲᠤᠬᠠᠢ ᠲᠠᠢ ᠦᠩᠭᠡᠷᠡᠭᠰᠡᠨ ᠳᠤ ᠶᠡᠷᠦ ᠪᠤᠳᠤᠵᠦ ᠰᠡᠳᠬᠢᠵᠦ ᠶᠠᠪᠤᠭ᠎ᠠ ᠦᠭᠡᠢ | ᠵᠦᠢᠯ ᠪᠠᠭᠤᠵᠦ ᠪᠠᠶᠢᠯ᠎ᠠ᠃ ᠲᠦᠴᠢᠨ ᠨᠠᠰᠦᠨ ᠤ ᠲᠠᠪᠠᠭ᠎ᠠ ᠶᠢ ᠲᠠᠪᠠᠵᠦ ᠲᠦᠯᠦᠪᠰᠢᠷᠡᠵᠦ ᠡᠬᠢᠯᠡᠭᠰᠡᠨ ᠤ | ᠮᠢᠨᠢ ᠲᠡᠮᠳᠡᠭ ᠴᠤ ᠪᠠᠶᠢᠵᠦ ᠪᠤᠯᠬᠤ ᠶᠤᠮ ᠡ᠃ ︿ᠦᠨᠳᠦᠷ ᠲᠤ ᠨᠢᠰᠦᠭᠰᠡᠨ ᠰᠢᠪᠠᠭᠤᠨ ᠤ ᠰᠢᠭᠦᠳᠡᠷᠢ ᠨᠢ | ᠭᠠᠵᠠᠷ ᠲᠠᠭᠠᠨ ᠲᠤᠰᠳᠠᠭ᠂ ᠬᠤᠯᠠ ᠶᠠᠪᠤᠭᠰᠠᠨ ᠬᠦᠮᠦᠨ ᠤ ᠰᠡᠳᠬᠢᠯ ᠨᠢ ᠨᠤᠳᠤᠭ ᠲᠠᠭᠠᠨ ᠡᠷᠬᠢᠳᠡᠭ ﹀ ᠭᠡᠰᠡᠨ | ᠦᠭᠡ ᠬᠡᠴᠢᠨᠡᠬᠡᠨ ᠤᠨᠤᠴᠢᠳᠠᠢ ᠠᠵᠠᠢ᠃ ᠬᠦᠮᠦᠨ ᠭᠡᠮᠡᠭᠴᠢ ᠠᠮᠢ ᠨᠠᠰᠦᠨ ᠤ ᠪᠠᠨ ᠬᠡᠳᠦᠨ ᠠᠷᠪᠠᠨ ᠵᠢᠯ ᠢ ᠨᠢᠰᠴᠦ | ᠶᠠᠪᠤᠭ᠎ᠠ ᠰᠢᠪᠠᠭᠤ ᠪᠦᠷᠭᠦᠳ ᠮᠡᠳᠦ ᠬᠤᠯᠠ ᠶᠢ ᠬᠠᠷᠠᠵᠦ ᠶᠡᠭᠡ ᠶᠢ ᠦᠵᠡᠨ ᠬᠤᠷᠸ᠎ᠡ ᠶᠢ ᠲᠤᠭᠤᠯᠳᠠᠭ ᠴᠤ ᠦᠰᠦ | ᠮᠢᠨᠢ ᠴᠠᠶᠢᠵᠦ ᠦᠭᠡ ᠮᠢᠨᠢ ᠴᠦᠭᠡᠷᠡᠬᠦ ᠶᠢᠨ ᠬᠤᠷᠤᠮ ᠯᠠ ᠡᠨᠡ ᠪᠡᠶ᠎ᠡ ᠶᠢ ᠮᠢᠨᠢ ᠦᠯᠦᠭᠡᠶᠢᠳᠡᠨ ᠠᠪᠤᠭᠰᠠᠨ ᠡᠭᠡ | ᠨᠤᠳᠤᠭ ᠢᠶᠠᠨ ᠵᠤᠷᠢᠳᠠᠭ ᠨᠢ ᠮᠦᠩᠭᠡ ᠶᠢᠨ ᠦᠷᠭᠦᠯᠵᠢᠯᠡᠯ ᠶᠤᠮ ᠡ︕ ᠮᠢᠨᠤ ᠰᠡᠳᠬᠢᠯ ᠳᠤ ᠶᠠᠩᠵᠦ ᠶᠢᠨ | ᠪᠤᠳᠤᠯ ᠤᠷᠭᠤᠵᠤ ᠪᠠᠶᠢᠯ᠎ᠠ᠂ ᠡᠨᠡᠦᠷᠭᠡᠨ ᠲᠠᠯ᠎ᠠ᠂ ᠠᠭᠤᠳᠠᠮ ᠨᠤᠳᠤᠭ ᠢᠶᠠᠷ ᠤᠷᠭᠤᠵᠤ ᠪᠦᠬᠦᠢ ᠴᠡᠴᠡᠭ ᠡᠪᠡᠰᠦ᠂ | ᠪᠤᠳᠠ ᠰᠦᠭᠡᠭ ᠲᠡᠷᠡᠴᠢᠯᠡᠨ ᠠᠷᠢᠶᠠᠳᠠᠨ ᠠᠮᠢᠳᠠᠨ ᠠᠯᠢᠪᠠ ᠪᠦᠬᠦᠨ ᠪᠦᠭᠦᠳᠡ ᠯᠠ ᠨᠢᠭᠡᠨ ᠦᠨᠳᠦᠰᠦᠨ ᠲᠡᠭᠡᠷ᠎ᠡ | ᠰᠤᠶᠤᠭᠠᠯᠠᠨ ᠤᠷᠭᠤᠭᠰᠠᠨ ᠤᠯᠠᠨ ᠵᠦᠢᠯ ᠤᠨ ᠵᠢᠮᠢᠰ ᠪᠠᠶᠢᠭᠰᠠᠨ ᠰᠠᠨᠠᠭᠳᠠᠨ᠎ᠠ᠃ ᠲᠡᠷᠡ ᠲᠤᠮᠤ ᠨᠤᠳᠤᠭ ᠨᠢ ᠡᠬᠡ | ᠨᠤᠳᠤᠭ ᠤᠨ ᠮᠢᠨᠢ ᠠᠯᠳᠠᠨ ᠰᠢᠷᠦᠢ ᠦᠨᠳᠦᠷ ᠪᠤᠷᠤ ᠶᠢᠨ ᠮᠢᠨᠢ ᠡᠩᠭᠡᠷ ᠡᠪᠦᠷ ᠪᠢᠯᠡ᠃ ᠦᠨᠳᠦᠷ ᠪᠤᠷᠤ ᠳᠠᠭᠠᠨ | ᠬᠦᠷᠴᠦ ᠰᠡᠳᠬᠢᠯ ᠢᠶᠠᠨ ᠰᠢᠪᠡᠨᠡᠭᠰᠡᠨ ᠠᠴᠠ ᠬᠤᠶᠢᠰᠢ ᠪᠡᠶ᠎ᠡ ᠰᠡᠳᠬᠢᠯ ᠮᠢᠨᠢ ᠤᠯᠠᠮ ᠢᠶᠠᠷ ᠰᠡᠷᠭᠦᠵᠦ ᠵᠤᠷᠢᠭ | ᠬᠦᠪᠴᠢᠯᠡᠭᠳᠡᠵᠦ ᠪᠢ ᠬᠦᠮᠦᠨ ᠤ ᠨᠢᠳᠦᠨ ᠳᠤ ᠵᠤᠯᠪᠤᠭ᠎ᠠ ᠲᠠᠢ ᠬᠠᠷᠠᠭᠳᠠᠵᠦ ᠡᠬᠢᠯᠡᠯ᠎ᠡ᠃ ᠡᠪᠡᠳᠴᠢᠨ ᠡᠮᠬᠡᠭ ᠲᠤ | ᠨᠡᠷᠪᠡᠭᠳᠡᠭᠰᠡᠨ ᠠᠩᠬᠠᠨ ᠤ ᠦᠶ᠎ᠡ ᠶᠢᠨ ᠲᠡᠷᠡᠭᠦ ᠭᠤᠳᠤᠷᠤᠩᠭᠤᠢ ᠪᠠᠶᠢᠳᠠᠯ ᠭᠤᠩᠰᠢᠭᠤᠷ ᠴᠢᠷᠠᠢ ᠤᠭᠳᠤ ᠠᠯᠠᠭ᠎ᠠ | ᠪᠤᠯᠵᠤ ᠪᠢ ᠠᠮᠢᠳᠤᠷᠠᠯ ᠳᠠᠭᠠᠨ ᠢᠳᠡᠭᠡᠯ ᠲᠠᠢ ᠪᠤᠯᠵᠤ ᠭᠠᠶᠢᠬᠠᠮᠰᠢᠭᠳᠠᠢ ᠪᠠᠷ ᠡᠷᠴᠢ ᠬᠦᠴᠦ ᠰᠡᠯᠪᠡᠭᠰᠡᠨ ᠶᠤᠮ᠃ | ᠲᠦᠮᠡᠨ ᠴᠡᠴᠡᠭᠡᠰ ᠪᠤᠮᠠᠨ ᠰᠠᠴᠤᠷᠠᠭ ᠤᠨ ᠲᠤᠮᠳᠠ ᠠᠴᠠ ᠰᠢᠮ᠎ᠡ ᠬᠦᠴᠦ ᠠᠪᠴᠦ ᠶᠠᠪᠤᠬᠤ ᠳᠠᠭᠠᠨ ᠪᠢ | ᠡᠬᠡ ᠭᠠᠵᠠᠷ ᠤᠨ ᠮᠢᠨᠢ ᠲᠥᠭᠡᠮᠡᠯ ᠴᠢᠨᠠᠷ ᠪᠤᠶᠤ ᠭᠠᠵᠠᠷ ᠰᠢᠷᠦᠶᠢᠨ ᠠᠴᠠ ᠮᠢᠨᠢ ᠰᠢᠯᠳᠠᠭᠠᠯᠠᠭᠰᠠᠨ ᠪᠤᠷᠤ ᠦᠩᠭᠡ ᠪᠠᠷ | ᠪᠤᠳᠤᠯ ᠰᠡᠳᠬᠢᠯ ᠳᠡᠭᠡᠨ ᠲᠡᠪᠴᠢᠶᠡᠷᠢ᠂ ᠠᠮᠦᠷ ᠠᠮᠤᠭᠤᠯᠠᠩ ᠢ ᠤᠯᠠᠮ ᠪᠠᠳᠤᠵᠢᠭᠤᠯᠬᠤ ᠲᠤᠳᠤᠮ ᠬᠦᠮᠦᠨ ᠪᠠᠶᠢᠭᠠᠯᠢ | ᠶᠢᠨ ᠪᠠᠷᠢᠯᠳᠤᠯᠭ᠎ᠠ ᠪᠤᠶᠤ ᠬᠦᠮᠦᠨ ᠨᠡᠶᠢᠭᠡᠮ ᠤᠨ ᠬᠤᠪᠢ ᠵᠠᠶᠠᠭᠠᠨ ᠤ ᠲᠤᠭᠴᠠᠯᠴᠠᠭᠠ ᠶᠡᠷᠦ ᠨᠢ ᠯᠠ ᠡᠪ ᠡᠩ | ᠤᠨ ᠡᠭᠡᠯ ᠪᠤᠷᠤᠭᠵᠢᠭᠤᠨ ᠲᠡᠭᠡᠷ᠎ᠡ ᠰᠠᠭᠤᠷᠢᠯᠠᠭᠳᠠᠨ᠂ ᠲᠡᠭᠦᠨ ᠠᠴᠠ ᠡᠷᠴᠢ ᠬᠦᠴᠦᠨ ᠲᠦᠷᠦᠵᠦ ᠪᠠᠶᠢᠳᠠᠭ ᠢ ᠡᠷᠬᠡ | ᠦᠭᠡᠢ ᠮᠡᠳᠡᠷᠡᠵᠦ ᠪᠢᠯᠡ᠃ ᠡᠳ᠋ ᠮᠥᠩᠭᠦ ᠡᠯᠪᠡᠭ ᠲᠡᠯᠪᠡᠭ᠂ ᠠᠵᠢᠯ ᠦᠢᠯᠡᠰ ᠭᠢᠯᠡᠯᠵᠠᠮᠡ ᠪᠠᠶᠢᠬᠤ ᠨᠢ ᠬᠦᠮᠦᠨ ᠪᠦᠬᠦᠨ | ᠤ ᠬᠦᠰᠡᠯ ᠬᠢᠷᠢ ᠨᠢ ᠨᠠᠮ ᠲᠤᠭᠳᠠᠭᠤᠬᠠᠨ ᠡᠩᠭᠡ ᠲᠠᠶᠢᠪᠤᠩ᠂ ᠰᠡᠳᠬᠢᠯ ᠲᠦᠭᠦᠷᠡᠩ ᠶᠠᠪᠤᠬᠤ ᠶᠢᠨ ᠦᠨᠳᠦᠰᠦᠨ | ᠴᠢᠨᠠᠷ ᠬᠠᠷᠢᠨ ᠡᠩ ᠤᠨ ᠴᠠᠭ ᠲᠤ ᠬᠦᠮᠦᠨ ᠤ ᠨᠢᠳᠦᠨ᠎ᠡ ᠦᠯᠦ ᠠᠩᠵᠢᠶᠡᠷᠠᠭᠳᠠᠬᠤ ᠡᠬᠡᠯ ᠵᠦᠢᠯ ᠠᠴᠠ ᠢᠷᠡᠳᠡᠭ ᠢ | ᠤᠬᠠᠭᠠᠷᠠᠵᠤ ᠪᠢᠯᠡ᠃ | ᠠᠪᠤ ᠡᠵᠢ ᠬᠤᠶᠠᠷ ᠮᠢᠨᠢ ᠦᠷᠭᠦᠯᠵᠢ ᠨᠠᠳᠠ ᠮᠢᠨᠤ ᠬᠦᠦ ᠴᠢᠨᠢ ᠦᠨᠳᠦᠷ ᠪᠤᠷᠤ ᠳᠤ ᠲᠦᠷᠦᠭᠰᠡᠨ ᠭᠡᠳᠡᠭ | ᠰᠠᠨ᠃ ᠪᠢ ᠦᠰᠴᠦ ᠦᠨᠳᠡᠶᠢᠬᠦ ᠲᠤᠲᠤᠮ ᠢᠶᠠᠨ ᠦᠨᠳᠦᠷ ᠪᠤᠷᠤ ᠶᠢᠨ ᠦᠨᠳᠦᠷ ᠲᠤ ᠨᠢ ᠪᠢᠰᠢ᠂ ᠪᠤᠷᠤ ᠳᠤ ᠨᠢ | ᠰᠡᠳᠬᠢᠯ ᠲᠠᠳᠠᠭᠳᠠᠨ᠂ ᠦᠨᠳᠦᠷ ᠪᠤᠷᠤ ᠶᠢᠨ ᠢᠶᠠᠨ ᠨᠠᠪᠳᠠᠭ ᠰᠠᠪᠳᠠᠭ ᠲᠤ ᠮᠦᠷᠭᠦᠨ ᠰᠢᠳᠦᠬᠦ ᠪᠤᠯᠤᠭᠰᠠᠨ ᠶᠤᠮ᠃ | | |