ᠨᠠ᠊ · ᠵᠢᠷᠭᠠᠯ | | ᠨᠠᠢᠮᠠᠨ ᠵᠠᠭᠤᠨ ᠵᠢᠯ ᠤᠨ ᠲᠡᠷᠲᠡᠭᠡᠬᠢ | ᠨᠠᠷᠠᠨ ᠤ ᠭᠡᠷᠡᠯ ᠢ ᠳᠠᠭᠠᠳᠬᠠᠵᠤ | ᠨᠠᠷᠮᠠᠢ ᠶᠡᠭᠡ ᠦᠢᠯᠡᠰ ᠤᠨ ᠢᠶᠠᠨ | ᠨᠠᠰᠤᠨ ᠬᠤᠳᠤᠭ ᠢ ᠠᠶᠢᠯᠠᠳᠬᠠᠮᠤ | ᠪᠤᠷᠬᠠᠨ ᠬᠠᠯᠳᠤᠨ ᠠᠭᠤᠯᠠ ᠶᠢᠨ | ᠪᠤᠶᠠᠨᠲᠦ ᠰᠦᠷ ᠢ ᠪᠠᠷᠠᠯᠠᠨ | ᠪᠤᠭᠳᠠ ᠡᠵᠡᠨ ᠬᠠᠭᠠᠨ ᠤ ᠪᠠᠨ | ᠪᠦᠷᠢᠯᠸ᠎ᠠ ᠰᠦᠨᠡᠰᠦᠨ ᠳᠤ ᠠᠶᠢᠯᠠᠳᠬᠠᠮᠤ | ᠬᠦᠳᠡᠭᠡ ᠠᠷᠠᠯ ᠨᠤᠲᠤᠭ ᠤᠨ | ᠬᠦᠴᠦᠷᠬᠡᠭ ᠰᠢᠲᠦᠭᠡᠨ ᠳᠤ ᠨᠠᠮᠠᠨᠴᠢᠯᠠᠨ | ᠬᠦᠭᠵᠢᠯ ᠮᠠᠨᠳᠤᠯ ᠤᠨ ᠬᠤᠷᠤᠢ ᠶᠢ | ᠬᠦᠰᠡᠨ ᠬᠦᠰᠡᠨ ᠠᠶᠢᠯᠠᠳᠬᠠᠮᠤ︕ | ᠲᠡᠭᠷᠢ ᠶᠢᠨ ᠶᠡᠭᠡ ᠬᠦᠪᠡᠭᠦᠨ | ᠳᠡᠭᠡᠳᠦᠰ ᠪᠤᠭᠳᠠ ᠶᠢᠨ ᠰᠦᠨᠡᠰᠦᠨ ᠳᠤ | ᠳᠡᠯᠭᠡᠷ ᠬᠤᠷᠸ᠎ᠠ ᠶᠢᠨ ᠰᠠᠶᠢᠬᠠᠨ ᠢ | ᠳᠡᠭᠡᠳᠦᠯᠡᠨ ᠳᠡᠭᠡᠳᠦᠯᠡᠨ ᠡᠷᠭᠦᠮᠦ | ᠠᠷᠢᠭᠤᠨ ᠮᠤᠩᠭᠤᠯ ᠤᠨ ᠶᠤᠰᠤ ᠪᠠᠷ | ᠠᠯᠢᠪᠠ ᠰᠠᠶᠢᠬᠠᠨ ᠢ ᠳᠠᠭᠠᠳᠬᠠᠨ | ᠠᠭᠤᠤ ᠶᠡᠭᠡ ᠳᠡᠭᠡᠳᠦᠰ ᠲᠤ | ᠠᠶᠤᠰᠢ ᠬᠠᠳᠠᠭ ᠢ ᠡᠷᠭᠦᠮᠦ | ᠬᠠᠨ ᠬᠤᠷᠮᠤᠰᠲᠠ ᠶᠢᠨ ᠡᠵᠡᠨ | ᠬᠠᠮᠤᠭ ᠲᠦᠮᠡᠨ ᠤ ᠰᠢᠲᠦᠭᠡᠨ | ᠬᠠᠭᠠᠨ ᠡᠵᠡᠨ ᠲᠠᠨ ᠳᠤ ᠪᠠᠨ | ᠬᠠᠯᠠᠭᠤᠨ ᠮᠠᠩᠨᠠᠢ ᠪᠠᠷ ᠮᠦᠷᠭᠦᠮᠦ | ᠡᠵᠡᠨ ᠪᠤᠭᠳᠠ ᠬᠠᠭᠠᠨ ᠮᠢᠨᠢ | ᠡᠨᠡᠷᠢᠲᠦᠭᠡᠢ᠂ ᠦᠷᠦᠰᠢᠶᠡᠲᠦᠭᠡᠢ︕ | ᠨᠢᠭᠡ | ᠡᠩ ᠦᠷᠭᠡᠨ ᠳᠡᠯᠡᠬᠡᠢ ᠮᠢᠨᠢ | ᠡᠯᠡᠷ ᠪᠠᠯᠠᠷ ᠪᠠᠶᠢᠬᠤ ᠳᠤ | ᠡᠵᠡᠭᠦᠢ ᠬᠡᠭᠡᠷ᠎ᠡ ᠨᠤᠲᠤᠭ | ᠡᠵᠡᠨ ᠦᠭᠡᠢ ᠦᠶ᠎ᠡ ᠳᠤ | ᠡᠵᠡᠷᠬᠡᠭ ᠳᠠᠶᠢᠰᠤᠨ ᠤ ᠬᠦᠯ | ᠡᠷᠬᠡᠰᠢᠶᠡᠵᠦ ᠲᠦᠢᠳᠦᠭᠰᠡᠨ ᠴᠠᠭ ᠲᠤ | ᠡᠭᠡᠯ ᠵᠢᠷ ᠤᠨ ᠠᠷᠠᠳ ᠢᠷᠭᠡᠳ | ᠡᠷᠬᠡ ᠴᠢᠯᠦᠭᠡ ᠦᠭᠡᠢ ᠲᠦᠷᠦ ᠳᠤ | ᠡᠷᠲᠡᠨ ᠠᠴᠠ ᠨᠠᠭᠠᠰᠢ ᠨᠡᠶᠢᠭᠡᠮ | ᠡᠬᠢ ᠲᠢᠭ᠋ ᠦᠭᠡᠢ ᠪᠠᠶᠢᠪᠠ | ᠰᠠᠷᠨᠢᠵᠤ ᠪᠤᠲᠠᠷᠠᠭᠰᠠᠨ ᠤᠭᠰᠠᠭ᠎ᠠ | ᠰᠠᠯᠬᠢᠨ ᠤ ᠡᠪᠡᠰᠦ ᠮᠡᠲᠦ ᠬᠡᠶᠢᠰᠴᠦ | ᠰᠠᠮᠠᠭᠤᠨ ᠨᠢᠭᠦᠯ ᠤᠨ ᠳᠠᠶᠢᠨ | ᠰᠠᠪᠠ ᠶᠢᠷᠲᠢᠨᠴᠦ ᠶᠢ ᠰᠢᠮᠡᠵᠦ | ᠳᠦᠷᠢᠮᠡᠬᠡᠢ ᠶᠤᠰᠤᠨ ᠤ ᠳᠡᠪᠵᠢᠶᠡᠨ | ᠳᠦᠷᠪᠡᠨ ᠴᠠᠭ ᠢᠶᠠᠷ ᠦᠷᠭᠦᠯᠵᠢᠯᠡᠵᠦ | ᠲᠦᠢᠳᠬᠡᠷ ᠴᠦᠪ ᠤᠨ ᠠᠯᠠᠯᠳᠤᠭᠠᠨ | ᠲᠦᠷᠦᠯ ᠰᠠᠳᠤᠨ ᠢ ᠬᠢᠲᠤᠵᠤ | ᠨᠠᠷᠠ ᠲᠠᠢ ᠡᠳᠦᠷ ᠪᠦᠷᠬᠦᠭᠰᠢᠨ | ᠨᠠᠰᠤ ᠪᠠᠨ ᠪᠠᠷᠠᠭᠰᠠᠳ ᠤᠯᠠᠰᠢᠷᠠᠵᠤ | ᠨᠠᠭᠤᠷ ᠤᠰᠤ ᠪᠤᠯᠠᠩᠬᠢᠷᠳᠤᠨ | ᠨᠠᠮᠤᠷ ᠤᠨ ᠴᠠᠭ ᠢᠶᠠᠷ ᠬᠠᠷᠠᠰᠤ ᠪᠠᠶᠢᠪᠠ | ᠳᠡᠷᠪᠡᠵᠦ ᠲᠦᠪᠡᠭᠳᠡᠭᠰᠡᠨ ᠬᠦᠮᠦᠰ | ᠲᠡᠨᠦᠭᠦᠯ ᠵᠤᠪᠠᠯ ᠢ ᠠᠮᠰᠠᠵᠤ | ᠲᠡᠨᠢᠭᠡᠷ ᠠᠭᠤᠳᠠᠮ ᠨᠤᠲᠤᠭ | ᠳᠠᠶᠢᠨ ᠤ ᠬᠦᠯ ᠳᠤ ᠬᠦᠨᠦᠭᠡᠭᠳᠡᠵᠦ | ᠤᠷᠭᠤᠵᠤ ᠳᠤᠲᠠᠭᠠᠨ ᠶᠠᠪᠤᠭᠰᠠᠳ | ᠣᠤᠭᠠᠯ ᠨᠤᠲᠤᠭ ᠢᠶᠠᠨ ᠲᠠᠶᠠᠭᠳᠠᠵᠤ | ᠤᠯᠠᠭᠠᠨ ᠴᠢᠰᠤᠨ ᠤ ᠬᠢᠲᠤᠯᠭ᠎ᠠ | ᠤᠷᠤᠭ ᠲᠦᠷᠦᠯ ᠢ ᠵᠠᠯᠭᠢᠵᠤ | ᠲᠦᠮᠡᠨ ᠭᠠᠵᠠᠷ ᠤᠨ ᠨᠤᠲᠤᠭ | ᠲᠦᠢᠳᠤᠯ ᠮᠦᠭᠦᠯ ᠳᠤ ᠲᠤᠯᠭᠠᠷᠠᠨ | ᠲᠡᠤᠬᠡ ᠶᠢᠨ ᠶᠡᠭᠡ ᠲᠠᠪᠢᠯᠠᠩ | ᠲᠡᠭᠷᠢ ᠶᠢᠨ ᠴᠠᠭ ᠢ ᠬᠦᠯᠢᠶᠡᠨ᠎ᠡ᠃ | ᠬᠤᠶᠠᠷ | ᠪᠤᠷᠬᠠᠨ ᠬᠠᠯᠳᠤᠨ ᠤᠨ ᠡᠩᠬᠡᠷ | ᠪᠤᠭᠲᠠ ᠡᠵᠡᠨ ᠮᠢᠨᠢ ᠮᠡᠨᠳᠦᠯᠡᠪᠡ | ᠪᠦᠷᠬᠦᠭ ᠲᠡᠭᠷᠢ ᠶᠢᠨ ᠤᠭᠲᠠᠷᠭᠤᠢ ᠳᠤ | ᠪᠤᠶᠠᠨᠲᠦ ᠤᠳᠤᠨ ᠭᠡᠷᠡᠯᠲᠦᠨ ᠰᠠᠴᠤᠷᠠᠪᠠ | ᠡᠷᠡᠯᠬᠡᠭ ᠬᠦᠪᠡᠭᠦᠨ ᠲᠡᠮᠦᠵᠢᠨ | ᠡᠨᠡ ᠶᠢᠷᠲᠢᠨᠴᠦ ᠳᠤ ᠮᠡᠨᠳᠦᠯᠡᠪᠡ | ᠡᠨᠡᠯᠦᠯ ᠰᠢᠨᠠᠯᠤᠯ ᠲᠠᠢ ᠠᠷᠠᠳ ᠲᠤ | ᠡᠨᠡᠷᠢᠯ ᠤᠨ ᠨᠠᠷᠠ ᠲᠦᠭᠦᠪᠡ | ᠨᠦᠵᠢ ᠠᠳᠬᠤᠭᠰᠠᠨ ᠬᠦᠪᠡᠭᠦᠨ | ᠨᠢᠷᠤᠭᠤᠨ ᠮᠤᠩᠭᠤᠯ ᠳᠤ ᠮᠤᠷᠢᠯᠠᠪᠠ | ᠨᠠᠢᠮᠠᠨ ᠵᠦᠭ ᠢ ᠡᠷᠬᠡᠰᠢᠶᠡᠬᠦ | ᠨᠠᠷᠮᠠᠢ ᠶᠡᠭᠡ ᠰᠣᠪᠢᠩ ᠲᠠᠲᠠᠪᠠ | ᠠᠭᠤᠤ ᠡᠵᠢ ᠶᠢᠨ ᠰᠤᠷᠭᠠᠯ ᠳᠤ | ᠠᠤᠭ᠎ᠠ ᠵᠤᠷᠢᠭ ᠢ ᠬᠦᠪᠴᠢᠯᠡᠪᠡ | ᠠᠪᠤ ᠳᠡᠭᠡᠳᠦ ᠶᠢᠨ ᠬᠦᠰᠡᠯ | ᠠᠶᠣᠤᠯᠢᠬᠠᠢ ᠴᠡᠭᠡᠵᠢᠨ᠎ᠡ ᠪᠠᠲᠤᠵᠢᠪᠠ | ᠪᠡᠷᠬᠡ ᠪᠠᠷᠲᠠᠭ᠎ᠠ ᠬᠦᠴᠢᠷ ᠵᠤᠪᠠᠭᠤᠷᠢ ᠶᠢ | ᠪᠠᠭ᠎ᠠ ᠨᠠᠰᠤᠨ ᠠᠴᠠ ᠪᠠᠨ ᠲᠤᠭᠤᠯᠪᠠ | ᠪᠠᠳᠠᠷᠠᠯ ᠪᠠᠭᠤᠷᠠᠯ ᠤᠨ ᠶᠡᠭᠡ ᠶᠤᠰᠤ ᠶᠢ | ᠪᠠᠭᠠᠲᠤᠷ ᠡᠴᠢᠭᠡ ᠠᠴᠠ ᠪᠠᠨ ᠦᠪᠯᠡᠪᠡ | ᠠᠮᠢᠳᠤᠷᠠᠯ ᠤᠨ ᠤᠯᠠᠨ ᠳᠠᠪᠠᠭ᠎ᠠ ᠳᠤ | ᠠᠷᠭ᠎ᠠ ᠪᠤᠳᠤᠯᠭ᠎ᠠ ᠪᠠᠨ ᠳᠠᠪᠲᠠᠪᠠ | ᠠᠨᠳᠠ ᠨᠦᠬᠦᠳ ᠤᠨ ᠬᠠᠶᠢᠷ᠎ᠠ ᠲᠤᠰᠠᠯᠠᠮᠵᠢ | ᠠᠯᠮᠠᠰ ᠬᠦᠴᠦ ᠶᠢ ᠨᠢ ᠡᠷᠴᠢᠯᠡᠪᠡ᠃ | ᠭᠤᠷᠪᠠ | ᠦᠨᠦᠴᠢᠨ ᠵᠤᠪᠠᠯᠠᠩ ᠤᠨ ᠬᠠᠲᠠᠭᠤ ᠳᠠᠪᠠᠭ᠎ᠠ | ᠦᠯᠦᠨ ᠮᠡᠬᠦᠰᠳᠡᠯ ᠤᠨ ᠭᠠᠴᠢᠭ ᠪᠡᠷᠬᠡ | ᠤᠭᠰᠠᠭ᠎ᠠ ᠪᠦᠯᠦᠭ ᠤᠨ ᠰᠢᠷᠦᠭᠦᠨ ᠳᠠᠭᠠᠷᠢᠯᠲᠠ | ᠤᠷᠢᠳᠦ ᠴᠠᠭ ᠤᠨ ᠦᠰ ᠬᠠᠷᠢᠭᠤ | ᠰᠡᠭᠦᠳᠡᠷ ᠠᠴᠠ ᠪᠠᠨ ᠦᠭᠡᠷ᠎ᠡ ᠬᠠᠨᠢ ᠦᠭᠡᠢ | ᠰᠦᠷᠦᠭ ᠠᠴᠠ ᠪᠠᠨ ᠦᠭᠡᠷ᠎ᠡ ᠮᠤᠷᠢ ᠦᠭᠡᠢ | ᠰᠠᠨᠠᠭ᠎ᠠ ᠤᠷᠭᠤᠭᠰᠠᠨ ᠴᠦ ᠣᠨᠤᠭ᠎ᠠ ᠮᠡᠬᠦᠰ | ᠰᠠᠷᠠᠪᠴᠢᠯᠠᠵᠤ ᠬᠠᠷᠠᠭᠰᠠᠨ ᠴᠦ ᠨᠤᠲᠤᠭ ᠡᠯᠦᠢ | ᠲᠠᠶᠢᠨ ᠳᠠᠵᠢᠨ ᠤ ᠬᠠᠷᠬᠢᠰ ᠴᠦᠯᠪᠡᠳᠡᠯ | ᠳᠠᠭᠠᠷᠢᠯᠲᠠ ᠳᠡᠭᠡᠷᠡᠮᠳᠡᠯ ᠤᠨ ᠨᠢᠯᠪᠤᠰᠤ ᠲᠡᠯᠴᠢᠯᠡᠯ | ᠲᠡᠲ᠋ᠡᠷ ᠮᠡᠷᠭᠢᠳ ᠤᠨ ᠬᠡᠷᠡᠶᠢᠳ ᠤᠯᠠᠨ ᠠᠶᠢᠮᠠᠭ | ᠲᠠᠰᠤᠳᠠᠵᠤ ᠡᠵᠡᠷᠬᠡᠭᠰᠡᠨ ᠬᠦᠴᠦᠷᠬᠡᠭ ᠳᠠᠭᠤᠨ | ᠲᠡᠮᠦᠵᠢᠨ ᠤ ᠡᠮᠦᠨ᠎ᠡ ᠳᠤᠷᠠᠶᠢᠨ ᠬᠠᠷᠠᠭᠳᠠᠨ᠎ᠠ | ᠲᠠᠩᠬᠢᠯ ᠨᠠᠰᠤᠨ ᠤ ᠤᠮᠤᠭ ᠢ ᠬᠦᠭᠵᠢᠭᠡᠨ᠎ᠡ | ᠳᠡᠷᠭᠡᠲᠡ ᠪᠠᠨ ᠬᠤᠷᠢᠶᠠᠮᠵᠢᠯᠠᠬᠤ ᠤᠬᠠᠭᠠᠨ ᠰᠤᠪᠢᠨᠠ | ᠳᠡᠯᠡᠬᠡᠢ ᠳᠤ ᠪᠤᠰᠬᠤ ᠲᠠᠮᠢᠷ ᠴᠢᠩᠭᠠᠯᠠᠨ᠎ᠠ | ᠠᠮᠢᠳᠤᠷᠠᠯ ᠤᠨ ᠵᠦᠳᠡᠭᠦᠷᠢ ᠬᠠᠯᠠ ᠪᠠᠷ | ᠠᠨᠳᠠ ᠨᠦᠬᠦᠳ ᠢ ᠪᠦᠷᠢᠳᠦᠭᠦᠯᠪᠡ | ᠠᠶᠠᠨ ᠳᠠᠶᠢᠨ ᠤ ᠪᠡᠷᠬᠡ ᠭᠠᠴᠢᠭ ᠢᠶᠠᠷ | ᠠᠷᠭ᠎ᠠ ᠤᠬᠠᠭᠠᠨ ᠢ ᠪᠤᠯᠪᠠᠰᠤᠷᠠᠭᠤᠯᠪᠠ | ᠢᠯᠠᠭᠳᠠᠯ ᠤᠨ ᠬᠠᠷᠠᠰᠠᠯᠲᠤ ᠰᠤᠷᠭᠠᠮᠵᠢ ᠪᠠᠷ | ᠢᠯᠠᠯᠲᠠ ᠶᠢᠨ ᠵᠠᠮ ᠢ ᠳᠡᠪᠢᠰᠪᠡ | ᠠᠲᠠᠭ᠎ᠠ ᠵᠢᠲᠦᠭᠡ ᠶᠢᠨ ᠬᠤᠬᠢᠷᠠᠯ ᠢᠶᠠᠷ | ᠠᠳᠬᠤᠭᠰᠠᠨ ᠨᠢᠳᠤᠷᠭ᠎ᠠ ᠶᠢ ᠪᠠᠬᠢᠵᠢᠭᠦᠯᠪᠡ | ᠮᠦᠩᠬᠡ ᠲᠡᠭᠷᠢ ᠪᠠᠨ ᠰᠢᠲᠦᠵᠦ | ᠮᠤᠩᠭᠤᠯ ᠲᠦᠮᠡᠨ ᠢ ᠬᠤᠷᠤᠶᠢᠯᠠᠪᠠ | ᠮᠠᠨᠳᠤᠯ ᠨᠢᠭᠡᠲᠦᠯ ᠤᠨ ᠵᠤᠯᠠ ᠶᠢ | ᠮᠦᠩᠬᠡ ᠲᠡᠭᠷᠢ ᠳᠤ ᠡᠷᠭᠦᠪᠡ᠃ | ᠳᠦᠷᠪᠡ | ᠠᠤᠭ᠎ᠠ ᠦᠢᠯᠡᠰ ᠲᠤ ᠰᠢᠭᠤᠷᠬᠠᠶᠢᠯᠠᠭᠰᠠᠨ | ᠠᠶᠠᠨ ᠵᠠᠮ ᠢᠶᠠᠨ ᠡᠬᠢᠯᠡᠭᠦᠯᠪᠡ | ᠠᠷᠪᠠᠨ ᠵᠦᠭ ᠲᠤ ᠪᠤᠲᠠᠷᠠᠭᠰᠠᠨ | ᠠᠷᠠᠳ ᠲᠦᠮᠡᠨ ᠢ ᠤᠷᠠᠶᠢᠯᠠᠪᠠ | ᠵᠦᠭ ᠵᠦᠭ ᠲᠤ ᠵᠠᠳᠠᠷᠠᠭᠰᠠᠨ ᠢ | ᠵᠦᠭᠰᠢᠷᠡᠭᠦᠯᠵᠦ ᠬᠤᠮᠢᠨ ᠴᠤᠭᠯᠠᠭᠤᠯᠪᠠ | ᠵᠦᠳᠡᠷᠡᠵᠦ ᠵᠤᠪᠠᠨᠢᠭᠰᠠᠨ ᠢᠷᠭᠡᠳ ᠢ | ᠵᠦᠪ ᠢᠶᠠᠷ ᠳᠠᠭᠠᠭᠤᠯᠤᠨ ᠳᠠᠶᠢᠴᠢᠯᠠᠪᠠ | ᠠᠷᠢᠭᠤᠨ ᠰᠠᠨᠠᠭᠠᠲᠦ ᠬᠦᠮᠦᠰ ᠨᠢ | ᠠᠯᠠᠭ ᠦᠭᠡᠢ ᠰᠡᠳᠬᠢᠯ ᠢᠶᠠᠷ ᠲᠤᠰᠠᠯᠠᠪᠠ | ᠠᠯᠲᠠᠨ ᠲᠦᠷᠦ ᠶᠢᠨ ᠡᠰᠡᠨᠢᠯ ᠳᠤ | ᠠᠯᠢᠪᠠ ᠪᠠᠨ ᠬᠠᠷᠠᠮ ᠦᠭᠡᠢ ᠡᠷᠭᠦᠪᠡ | ᠮᠤᠬᠤᠯᠠᠢ ᠪᠤᠭᠤᠷᠴᠤ ᠴᠢᠯᠠᠭᠤᠨ ᠨᠠᠷ | ᠮᠤᠬᠤᠰᠢ ᠦᠭᠡᠢ ᠡᠷᠡᠯᠬᠡᠭᠯᠡᠪᠡ | ᠮᠠᠭᠤ ᠦᠨᠳᠦᠷ᠂ ᠬᠦᠢᠲᠡᠨ ᠤ ᠳᠠᠶᠢᠯᠠᠯᠳᠤᠭᠠᠨ ᠳᠤ | ᠮᠠᠷᠭᠤᠰᠢ ᠦᠭᠡᠢ ᠢᠯᠠᠯᠲᠠ ᠶᠢ ᠤᠯᠪᠠ | ᠮᠡᠷᠭᠢᠳ ᠨᠠᠢᠮᠠᠨ ᠤᠯᠠᠨ ᠪᠦᠯᠦᠭ ᠢ | ᠮᠢᠨᠳᠠᠰᠤᠨ ᠵᠢᠯᠤᠭᠤ ᠪᠠᠷ ᠡᠪᠬᠡᠪᠡ | ᠴᠢᠩ ᠦᠨᠡᠨᠴᠢ ᠠᠬ᠎ᠠ ᠳᠡᠭᠦᠤᠰ | ᠴᠣᠴᠠᠯᠲᠠ ᠦᠭᠡᠢ ᠤᠷᠤᠭᠰᠢᠯᠠᠪᠠ | ᠴᠠᠭᠠᠨ ᠬᠡᠷᠡᠮ ᠤᠨ ᠡᠮᠦᠨ᠎ᠡ ᠤᠮᠠᠷ᠎ᠠ | ᠴᠡᠴᠡᠨ ᠮᠡᠷᠭᠡᠨ ᠢᠶᠠᠷ ᠳᠠᠶᠢᠯᠠᠯᠳᠤᠪᠠ | ᠠᠷᠪᠠᠨ ᠭᠤᠷᠪᠠᠨ ᠬᠦᠷᠢᠶ᠎ᠠ ᠶᠢᠨ ᠪᠠᠶᠢᠯᠳᠤᠭᠠᠨ | ᠠᠷᠠᠪ ᠢᠰᠠᠯᠠᠮ ᠤᠨ ᠤᠷᠤᠨ ᠬᠦᠷᠲᠡᠯ᠎ᠡ | ᠠᠭᠲᠠ ᠶᠢᠨ ᠵᠢᠯᠤᠭᠤ ᠰᠤᠯᠠᠷᠠᠭᠤᠯᠤᠯ ᠦᠭᠡᠢ | ᠠᠳᠬᠤᠨ ᠳᠤ ᠪᠠᠨ ᠤᠷᠤᠭᠤᠯᠵᠤ ᠡᠷᠬᠡᠰᠢᠶᠡᠪᠡ | ᠳᠤᠮᠳᠠᠳᠤ ᠤᠷᠤᠨ ᠤᠨ ᠤᠯᠤᠰ ᠭᠦᠷᠦᠨ ᠢ | ᠲᠤᠬᠤᠮ ᠤᠨ ᠲᠡᠳᠦᠢ ᠭᠠᠵᠠᠷ ᠨᠤᠲᠤᠭ ᠢ | ᠲᠤᠭ ᠰᠠᠵᠢᠭᠰᠠᠨ ᠡᠵᠡᠨ ᠪᠦᠬᠦᠨ ᠢ | ᠲᠤᠭᠠᠯᠠᠰᠢ ᠦᠭᠡᠢ ᠢᠷᠭᠡᠳ ᠢ | ᠲᠤᠭᠤᠷᠠᠢ ᠶᠢᠨ ᠴᠢᠮᠡᠭᠡ ᠪᠠᠷ ᠡᠭᠡᠭᠦᠯᠵᠦ | ᠲᠤᠩᠬᠠᠭᠯᠠᠭᠰᠠᠨ ᠵᠠᠷᠯᠢᠭ ᠢᠶᠠᠷ ᠬᠤᠷᠢᠶᠠᠮᠵᠢᠯᠠᠵᠤ | ᠲᠦᠪ ᠠᠽᠢᠶ᠎ᠠ ᠶᠢᠨ ᠡᠯᠢᠭᠡᠨ ᠳᠤ | ᠲᠦᠭᠦᠷᠢᠭ ᠭᠦᠷᠦᠨ ᠲᠤᠭᠲᠠᠨᠢᠪᠠ | ᠳᠦᠴᠢᠨ ᠲᠠᠪᠤᠨ ᠨᠠᠰᠤ ᠪᠤᠯᠲᠠᠯ᠎ᠠ | ᠳᠦᠷᠦᠭᠡ ᠦᠨᠳᠡᠶᠢᠨ ᠳᠤᠪᠲᠤᠯᠪᠠ | ᠲᠦᠷᠺ ᠲᠠᠩᠭᠤᠳ ᠤᠷᠤᠨ ᠠᠴᠠ | ᠠᠯᠲᠠᠢ ᠠᠭᠤᠯᠠ ᠶᠢᠨ ᠠᠷᠤ ᠬᠦᠷᠲᠡᠯ᠎ᠡ | ᠲᠦᠮᠡ ᠪᠤᠮᠠᠨ ᠴᠡᠷᠢᠭ ᠤᠨ | ᠠᠪᠤᠷᠭᠤ ᠶᠡᠭᠡ ᠬᠦᠴᠦᠨ ᠢᠶᠠᠷ | ᠳᠦᠷᠢᠮᠡᠬᠡᠢ ᠪᠦᠬᠦᠨ ᠢ ᠲᠦᠪᠰᠢᠳᠬᠡᠵᠦ | ᠠᠯᠲᠠᠨ ᠪᠡᠶ᠎ᠡ ᠶᠢ ᠴᠢᠯᠡᠭᠡᠨ | ᠲᠦᠷᠦ ᠶᠢᠨ ᠲᠠᠪᠴᠠᠩ ᠢ ᠴᠤᠭᠴᠠᠯᠠᠪᠠ᠃ | ᠲᠠᠪᠤ | ᠬᠦᠳᠡᠭᠡ ᠠᠷᠠᠯ ᠤᠨ ᠡᠬᠢᠨ ᠳᠤ | ᠬᠦᠬᠡ ᠲᠤᠭ ᠮᠢᠨᠢ ᠨᠠᠮᠢᠷᠠᠪᠠ | ᠬᠦᠮᠦᠨ ᠲᠦᠷᠦᠯᠬᠢᠲᠡᠨ ᠤ ᠲᠡᠤᠬᠡ ᠶᠢᠨ | ᠬᠦᠰᠢᠭᠡ ᠠᠳᠡ ᠠᠴᠠ ᠰᠡᠬᠦᠭᠳᠡᠪᠡ | ᠳᠡᠯᠡᠬᠡᠢ ᠶᠢᠨ ᠪᠤᠯᠪᠠᠰᠤᠨ ᠤ ᠬᠠᠭᠤᠳᠠᠰᠤ | ᠲᠡᠭᠷᠢ ᠶᠢᠨ ᠢᠪᠡᠭᠡᠯ ᠳᠤ ᠳᠡᠯᠭᠡᠭᠳᠡᠪᠡ | ᠳᠡᠯᠭᠡᠷ ᠰᠠᠶᠢᠬᠠᠨ ᠦᠢᠯᠡᠰ ᠤᠨ | ᠳᠠᠶᠢᠴᠢᠨ ᠳᠠᠭᠤᠯᠠᠯ ᠬᠠᠩᠭᠢᠨᠠᠪᠠ | ᠨᠢᠭᠡᠲᠦᠭᠰᠡᠨ ᠶᠡᠭᠡ ᠭᠦᠷᠦᠨ | ᠨᠠᠷᠮᠠᠢ ᠲᠦᠮᠡᠨ ᠪᠤᠰᠬᠠᠪᠠ | ᠨᠠᠢᠮᠠᠨ ᠵᠦᠭ ᠤᠨ ᠠᠷᠠᠳ | ᠨᠡᠶᠢᠲᠡ ᠶᠢᠨ ᠪᠦᠯᠢ ᠪᠠᠶᠢᠭᠤᠯᠪᠠ | ᠲᠠᠷᠬᠠᠵᠤ ᠵᠠᠳᠠᠷᠠᠭᠰᠠᠨ ᠠᠶᠢᠮᠠᠭ | ᠳᠠᠷᠬᠠᠨ ᠲᠦᠷᠦ ᠳᠤ ᠪᠦᠭᠡᠮᠨᠡᠷᠡᠪᠡ | ᠲᠦᠷᠦ ᠶᠢᠨ ᠰᠦᠯᠳᠡ ᠳᠠᠭᠤᠤ | ᠳᠠᠶᠠᠩ ᠤᠨ ᠰᠣᠨᠣᠷ ᠲᠤ ᠬᠠᠩᠭᠢᠨᠠᠪᠠ | ᠪᠤᠲᠠᠷᠠᠵᠤ ᠰᠠᠷᠨᠢᠭᠰᠠᠨ ᠢᠷᠭᠡᠳ | ᠳᠡᠷᠪᠡᠵᠦ ᠲᠤᠲᠠᠭᠠᠭᠰᠠᠨ ᠨᠡᠭᠦᠳᠡᠯ | ᠠᠭᠤᠤ ᠲᠦᠷᠦ ᠶᠢᠨ ᠵᠠᠷᠯᠢᠭ ᠢᠶᠠᠷ | ᠠᠮᠤᠭᠤᠯᠠᠩ ᠰᠠᠶᠢᠬᠠᠨ ᠡᠶᠡᠯᠳᠦᠪᠡ | ᠠᠰᠢᠲᠠ ᠶᠢᠨ ᠪᠡᠯᠭᠡᠲᠦ ᠠᠮᠢᠳᠤᠷᠠᠯ ᠳᠤ | ᠠᠯᠠᠰᠭᠢᠨ ᠪᠠᠶᠠᠷᠯᠠᠵᠤ ᠬᠤᠷᠠᠯᠳᠤᠪᠠ | ᠡᠷᠳᠡᠮᠲᠡᠨ ᠮᠡᠷᠭᠡᠳ ᠮᠡᠳᠬᠡᠯᠴᠡᠨ | ᠡᠬᠡ ᠰᠤᠶᠤᠯ ᠮᠢᠨᠢ ᠮᠡᠨᠳᠦᠯᠡᠨ᠎ᠡ | ᠡᠯᠢᠭᠡ ᠨᠢᠭᠡᠲᠡᠨ ᠪᠦᠬᠦᠨ ᠤ | ᠡᠷᠢᠯ ᠬᠦᠰᠡᠯ ᠪᠡᠶᠡᠯᠭᠳᠡᠪᠡ | ᠪᠤᠰᠤᠭ᠎ᠠ ᠵᠢᠭᠳᠡ ᠦᠰᠦᠭ | ᠪᠤᠯᠲᠤ ᠤᠯᠠᠨ ᠳᠤ ᠬᠡᠷᠡᠭᠯᠡᠭᠳᠡᠪᠡ | ᠪᠤᠭᠳᠠ ᠶᠢᠨ ᠠᠷᠢᠭᠤᠨ ᠵᠠᠷᠯᠢᠭ | ᠪᠦᠮᠪᠦᠷᠴᠡᠭ ᠲᠤ ᠳᠠᠭᠤᠷᠢᠰᠪᠠ | ᠵᠦᠢᠯ ᠤᠨ ᠤᠯᠠᠨ ᠶᠠᠰᠤᠲᠠᠨ ᠢ | ᠵᠦᠭ ᠴᠢᠭᠯᠡᠯ ᠢᠶᠠᠷ ᠵᠠᠮᠴᠢᠯᠠᠪᠠ | ᠲᠦᠷᠦᠯ ᠤᠭᠰᠠᠭ᠎ᠠ ᠳᠤ ᠦᠮᠴᠢᠯᠡᠨ | ᠳᠡᠰ ᠵᠡᠷᠭᠡ ᠪᠠᠷ ᠬᠤᠪᠢᠶᠠᠷᠢᠯᠠᠪᠠ | ᠠᠯᠲᠠᠨ ᠤᠷᠤᠭᠲᠠᠨ ᠤ ᠤᠭᠰᠠᠭ᠎ᠠ | ᠠᠯᠢᠪᠠ ᠡᠷᠬᠡ ᠶᠢ ᠡᠵᠡᠮᠰᠢᠪᠡ | ᠠᠭᠢᠭᠠᠳ ᠵᠠᠳᠠᠷᠠᠨ ᠪᠤᠲᠠᠷᠠᠬᠤ | ᠠᠯᠪᠢᠨ ᠭᠠᠯ ᠨᠢᠭᠤᠭᠳᠠᠪᠠ | ᠠᠷᠠᠳ ᠤᠯᠠᠨ ᠶᠤᠰᠤ ᠶᠢ ᠳᠠᠭᠠᠵᠤ | ᠠᠯᠪᠠᠲᠦ ᠴᠡᠷᠢᠭ ᠲᠤ ᠬᠤᠰᠢᠭᠤᠴᠢᠯᠠᠪᠠ | ᠵᠤᠷᠢᠯᠲᠠ ᠵᠢᠷᠤᠮ ᠨᠢᠭᠡᠲᠡᠢ ᠪᠠᠷ | ᠵᠣᠤᠵᠠᠢ ᠬᠤᠯᠪᠤᠨ ᠤᠷᠤᠭᠰᠢᠯᠠᠪᠠ | ᠠᠭᠲᠠ ᠶᠢᠨ ᠳᠦᠷᠪᠡᠨ ᠲᠤᠭᠤᠷᠠᠢ | ᠠᠽᠢᠶ᠎ᠠ ᠡᠸᠦ᠋ᠷᠤᠫᠠ ᠶᠢ ᠳᠤᠷᠭᠢᠭᠤᠯᠪᠠ | ᠠᠭᠤᠤ ᠶᠡᠭᠡ ᠴᠢᠩᠭᠢᠰ ᠬᠠᠭᠠᠨ | ᠠᠯᠳᠠᠷ ᠭᠠᠪᠢᠶ᠎ᠠ ᠪᠠᠨ ᠪᠢᠰᠢᠷᠡᠭᠦᠯᠪᠡ | ᠠᠷᠪᠠᠨ ᠭᠤᠷᠪᠠᠳᠤᠭᠠᠷ ᠵᠠᠭᠤᠨ | ᠠᠪᠤᠷᠭᠤ ᠪᠦᠲᠦᠭᠡᠯ ᠲᠠᠢ ᠮᠦᠩᠬᠡᠷᠡᠪᠡ᠃ | ᠵᠢᠷᠭᠤᠭ᠎ᠠ | ᠪᠤᠷᠬᠠᠨ ᠬᠠᠯᠳᠤᠨ ᠤ ᠳᠤᠮᠤᠭ | ᠪᠤᠳᠤᠯ ᠰᠡᠳᠬᠢᠯ ᠢ ᠡᠵᠡᠮᠳᠡᠨ᠎ᠡ | ᠬᠦᠳᠡᠭᠡ ᠠᠷᠠᠯ ᠤᠨ ᠲᠤᠩᠬᠠᠭ | ᠬᠦᠢ ᠵᠠᠯᠭᠠᠮᠵᠢ ᠳᠤ ᠰᠢᠪᠡᠨᠡᠨ᠎ᠡ | ᠨᠠᠢᠮᠠᠨ ᠵᠠᠭᠤᠨ ᠤ ᠳᠡᠷᠲᠡᠭᠡᠬᠢ | ᠨᠠᠶᠢᠷᠠᠮᠳᠠᠯ ᠤᠨ ᠳᠠᠭᠤᠨ ᠬᠠᠩᠭᠢᠨᠠᠨ᠎ᠠ | ᠨᠠᠷᠮᠠᠢ ᠲᠦᠮᠡᠨ ᠤ ᠵᠢᠳᠬᠦᠯ ᠤᠨ | ᠨᠠᠨᠳᠢᠨ ᠰᠤᠷᠭᠠᠯ ᠡᠷᠭᠢᠴᠡᠭᠦᠯᠦᠭᠳᠡᠨ᠎ᠡ | ᠮᠤᠩᠭᠤᠯ ᠦᠰᠦᠭ ᠢᠶᠠᠨ ᠪᠢᠴᠢᠬᠦ ᠳᠤ | ᠮᠢᠨᠤ ᠪᠤᠳᠤᠯ ᠳᠤ ᠤᠶᠢᠮᠤᠷᠠᠨᠠ | ᠮᠢᠩᠭᠠᠨ ᠤᠨ ᠤ ᠲᠤᠨᠵᠢ ᠬᠦᠮᠦᠨ ᠢ | ᠮᠦᠩᠬᠡ ᠲᠡᠭᠷᠢ ᠳᠤ ᠳᠠᠭᠠᠳᠬᠠᠨ᠎ᠠ | ᠠᠭᠤᠤ ᠶᠡᠭᠡ ᠳᠡᠭᠡᠳᠦᠰ ᠤᠨ ᠮᠢᠨᠢ | ᠠᠷᠢᠭᠤᠨ ᠵᠢᠷᠦᠬᠡᠨ ᠳᠤ ᠪᠠᠨ ᠰᠢᠲᠦᠨ᠎ᠡ | ᠠᠷᠪᠠᠨ ᠭᠠᠯᠪᠠ ᠳᠤ ᠮᠦᠩᠬᠡᠷᠡᠬᠦ | ᠠᠪᠤᠷᠭᠤ ᠰᠦᠷᠯᠢᠭ ᠬᠦᠰᠢᠶ᠎ᠡ | ᠠᠮᠢᠯᠠᠭᠤᠯᠵᠤ ᠰᠤᠶᠤᠷᠬᠠᠭᠰᠠᠨ ᠪᠢᠴᠢᠭ | ᠦᠶ᠎ᠡ ᠶᠢᠨ ᠦᠶ᠎ᠡ ᠳᠤ ᠤᠯᠠᠮᠵᠢᠯᠠᠯ ᠲᠠᠢ | ᠠᠷᠠᠳ ᠲᠦᠮᠡᠨ ᠤ ᠢᠪᠡᠭᠡᠨ ᠬᠠᠶᠢᠷᠠᠯᠠᠭᠰᠠᠨ | ᠦᠭᠭᠢᠶᠡᠮᠦᠷ ᠪᠤᠶᠠᠨ ᠴᠢᠨᠢ ᠳᠤᠨᠳᠠᠷᠠᠰᠢ ᠦᠭᠡᠢ | ᠴᠠᠭ ᠲᠦᠷᠦ ᠶᠢᠨ ᠰᠠᠶᠢᠬᠠᠨ ᠳᠤ | ᠴᠡᠪᠡᠷᠬᠡᠨ ᠬᠡᠯᠡ ᠮᠢᠨᠢ ᠦᠪᠯᠡᠭᠰᠡᠭᠡᠷ | ᠴᠢᠩ ᠦᠨᠡᠨᠴᠢ ᠬᠦᠰᠡᠯ ᠢᠶᠠᠷ | ᠴᠠᠭᠯᠠᠰᠢ ᠦᠭᠡᠢ ᠪᠠᠭ᠋ᠠᠷᠬᠠᠭᠰᠠᠭᠠᠷ | ᠡᠭᠡᠰᠢᠭ ᠢᠷᠠᠭᠤ ᠬᠡᠯᠡ ᠮᠢᠨᠢ | ᠡᠭᠡᠭᠡ ᠠᠳᠠᠯᠢᠬᠠᠨ ᠬᠠᠩᠭᠢᠨᠠᠭᠰᠠᠭᠠᠷ | ᠡᠨᠡ ᠬᠤᠷᠸ᠎ᠠ ᠶᠢᠨ ᠵᠠᠢ ᠳᠤ | ᠡᠳᠦᠷ ᠠᠴᠠ ᠡᠳᠦᠷ ᠵᠢᠷᠭᠠᠭᠰᠠᠭᠠᠷ | ᠲᠦᠷᠯᠬᠢ ᠬᠡᠯᠡ ᠪᠠᠨ ᠲᠠᠶᠠᠭᠳᠠᠬᠤ | ᠲᠦᠬᠦᠭᠡ ᠦᠭᠡᠢ ᠬᠡᠤᠬᠡᠳ ᠤᠯᠠᠰᠢᠷᠠᠭᠰᠠᠭᠠᠷ | ᠲᠦᠪ ᠪᠢᠴᠢᠭ ᠢᠶᠠᠨ ᠭᠤᠯᠤᠬᠤ | ᠲᠦᠬᠦᠬᠡᠢ ᠬᠡᠤᠬᠡᠳ ᠨᠡᠮᠡᠭᠳᠡᠭᠰᠡᠭᠡᠷ | ᠲᠦᠷᠦ ᠵᠠᠰᠠᠭ ᠤᠨ ᠶᠤᠰᠤ ᠶᠢ | ᠲᠤᠷᠭᠤᠨ ᠮᠡᠬᠦᠰ ᠶᠠᠷᠢᠭᠰᠠᠭᠠᠷ | ᠲᠠᠷᠢᠬᠢ ᠲᠤᠯᠤᠭᠠᠢ ᠨᠢ ᠮᠤᠩᠬᠠᠷᠠᠨ | ᠳᠡᠮᠡᠢ ᠪᠠᠯᠠᠢ ᠴᠠᠯᠴᠢᠭᠰᠠᠭᠠᠷ | ᠮᠤᠨᠳᠠᠭ ᠴᠤᠯᠠ ᠪᠠᠨ ᠰᠢᠪᠰᠢᠭᠯᠡᠬᠦ | ᠮᠠᠭᠤ ᠬᠡᠤᠬᠡᠳ ᠰᠤᠯᠢᠶᠠᠷᠠᠭᠰᠠᠭᠠᠷ | ᠮᠦᠬᠦᠭᠰᠡᠨ ᠶᠤᠰᠤ ᠪᠠᠨ ᠮᠠᠵᠣᠤᠯᠠᠬᠤ | ᠮᠦᠨᠦᠭ ᠬᠡᠤᠬᠡᠳ ᠱᠠᠯᠴᠢᠭᠢᠨᠠᠭᠰᠠᠭᠠᠷ | ᠰᠦᠪᠡᠭᠡ ᠳᠠᠷᠤᠨ ᠡᠵᠡᠷᠬᠡᠬᠦ | ᠰᠤᠯᠢᠭᠠᠢ ᠠᠪᠵᠠᠭ ᠨᠢ ᠬᠦᠳᠡᠯᠦᠭᠰᠡᠭᠡᠷ | ᠡᠳ᠋ᠯᠡᠬᠦ ᠶᠤᠰᠤᠲᠠᠢ ᠡᠷᠬᠡ ᠪᠠᠨ | ᠦᠪᠡᠷ ᠢᠶᠠᠨ ᠲᠠᠶᠠᠭᠳᠠᠬᠤ ᠬᠡᠴᠡᠭᠦᠳᠡᠭᠰᠡᠭᠡᠷ | ᠦᠷᠦᠭᠡᠯ ᠤᠨ ᠨᠦᠬᠦᠴᠡᠯ ᠳᠤ ᠰᠢᠯᠲᠠᠭᠯᠠᠨ | ᠦᠷ᠎ᠡ ᠬᠡᠤᠬᠡᠳ ᠢᠶᠠᠨ ᠲᠠᠮᠳᠤᠭᠯᠠᠭᠰᠠᠭᠠᠷ | ᠠᠭᠤᠤ ᠶᠡᠭᠡ ᠠᠯᠳᠠᠷ ᠢ ᠴᠢᠨᠢ | ᠠᠮᠠᠨ ᠲᠠᠪᠠ ᠪᠠᠷ ᠢᠶᠠᠨ ᠶᠠᠷᠢᠭᠰᠠᠭᠠᠷ | ᠠᠶᠢᠯ ᠤᠨ ᠬᠡᠤᠬᠡᠳ ᠬᠡᠯᠡᠬᠦ ᠦᠭᠡᠢ ᠠᠲᠠᠯ᠎ᠠ | ᠠᠰ ᠤᠨ ᠦᠷᠡᠳᠡᠰ ᠴᠨᠢ ᠨᠠᠭᠠᠳᠤᠭᠰᠠᠭᠠᠷ | ᠴᠢᠩᠭᠢᠰ ᠭᠡᠬᠦ ᠦᠭᠡ ᠶᠢ | ᠡᠳᠦᠷ ᠤᠨ ᠵᠠᠭᠤ ᠳᠠᠭᠤᠳᠠᠭᠰᠠᠭᠠᠷ | ᠴᠢᠨᠤ ᠤᠯᠠᠨ ᠬᠡᠤᠬᠡᠳ ᠴᠢᠨᠢ | ᠡᠯᠳᠡᠪ ᠬᠤᠶᠠᠷ ᠢᠶᠠᠷ ᠲᠦᠢᠳᠦᠭᠰᠡᠭᠡᠷ | ᠠᠩᠬᠠᠨ ᠠᠴᠠ ᠴᠡᠭᠡᠷ ᠲᠠᠢ ᠤᠴᠢᠷ ᠢ | ᠠᠮᠠᠨ ᠲᠠᠪᠠ ᠪᠠᠷ ᠴᠠᠯᠴᠢᠭᠰᠠᠭᠠᠷ | ᠠᠷᠢᠬᠢ ᠲᠠᠮᠠᠬᠢᠨ ᠳᠤ ᠬᠦᠷᠲᠡᠯ᠎ᠡ | ᠠᠳᠠᠭ ᠪᠠᠯᠠᠢ ᠤᠩᠭᠢᠷᠠᠭᠰᠠᠭᠠᠷ | ᠠᠮᠠᠭᠠᠢ ᠵᠢᠯᠤᠭᠤ ᠦᠭᠡᠢ ᠰᠤᠯᠢᠶᠠᠷᠠᠨ | ᠠᠳᠠᠭ ᠮᠠᠭᠤ ᠴᠢᠨᠠᠷ ᠨᠢ ᠢᠯᠡᠷᠡᠭᠰᠡᠭᠡᠷ | ᠡᠨᠡ ᠤᠯᠠᠨ ᠮᠠᠭᠤ ᠤᠴᠢᠷ ᠢ | ᠡᠪᠦᠭᠡ ᠪᠤᠭᠳᠠ ᠳᠤ ᠦᠴᠢᠮᠦ | ᠡᠷᠭᠢᠭᠦ ᠪᠤᠯᠤᠭᠰᠠᠨ ᠬᠡᠤᠬᠡᠳ ᠢ | ᠡᠷᠲᠡᠬᠡᠨ ᠵᠠᠯᠬᠠᠭᠠᠵᠤ ᠰᠤᠷᠭᠠᠮᠤ | ᠠᠭᠤᠤ ᠶᠡᠭᠡ ᠴᠠᠭ ᠦᠶ᠎ᠡ ᠳᠤ | ᠠᠮᠤᠷ ᠲᠠᠶᠢᠪᠤᠭᠤᠨ ᠠᠮᠢᠳᠤᠷᠠᠶ᠎ᠠ | ᠠᠯᠲᠠᠨ ᠲᠦᠷᠦ ᠶᠢᠨ ᠬᠡᠰᠢᠭ ᠢᠶᠠᠷ | ᠠᠵᠠ ᠬᠡᠢ ᠮᠤᠷᠢ ᠲᠠᠢ ᠶᠠᠪᠤᠶ᠎ᠠ | ᠮᠢᠩᠭᠠᠨ ᠵᠢᠯ ᠤᠨ ᠬᠡᠯᠡ ᠪᠠᠨ | ᠮᠠᠷᠲᠠᠰᠢ ᠦᠭᠡᠢ ᠦᠪᠯᠡᠶᠡ | ᠮᠠᠷᠭᠠᠰᠢ ᠶᠢᠨ ᠨᠠᠷᠠ ᠶᠢ ᠤᠭᠲᠤᠨ | ᠮᠠᠨᠳᠤᠯ ᠬᠦᠭᠵᠢᠯ ᠢ ᠬᠤᠷᠤᠶᠢᠯᠠᠶ᠎ᠠ | ᠠᠭᠤᠤ ᠶᠡᠭᠡ ᠳᠡᠭᠡᠳᠦᠰ ᠮᠢᠨᠢ | ᠠᠪᠤᠷᠠᠯ ᠰᠤᠶᠤᠷᠬᠠᠯ ᠢᠪᠡᠭᠡᠲᠦᠭᠡᠢ | ᠵᠦᠭ ᠵᠦᠭ ᠲᠤ ᠪᠠᠨ ᠰᠡᠭᠴᠢᠬᠦ | ᠵᠦᠷᠢᠭᠦᠦ ᠪᠡᠷᠳᠡᠭᠴᠢᠳ ᠢ ᠬᠤᠷᠢᠶᠠᠰᠤᠭᠠᠢ | ᠤᠷᠢᠳᠦ ᠶᠢᠨ ᠮᠠᠨᠠᠭᠰᠠᠨ ᠪᠤᠲᠠᠷᠠᠯ ᠤᠨ ᠭᠠᠯ ᠢ | ᠤᠳᠤ ᠦᠷᠪᠢᠰᠬᠦ ᠶᠢ ᠳᠠᠷᠤᠰᠤᠭᠠᠢ | ᠵᠤᠭᠤᠰ ᠮᠦᠩᠭᠦ ᠪᠠᠷ ᠰᠢᠭᠰᠢᠳᠡᠭ | ᠵᠤᠪᠠᠯᠠᠩ ᠤᠨ ᠦᠨᠳᠦᠰᠦ ᠶᠢ ᠲᠠᠰᠤᠯᠰᠤᠭᠠᠢ | ᠵᠤᠷᠢᠭ ᠪᠤᠰᠤᠭ᠎ᠠ ᠬᠦᠮᠦᠰ ᠲᠤ | ᠵᠤᠯᠠ ᠬᠦᠴᠦᠨ ᠢ ᠢᠪᠡᠭᠡᠰᠦᠭᠡᠢ | ᠮᠦᠩᠬᠡ ᠲᠡᠭᠷᠢ ᠶᠢᠨ ᠬᠦᠴᠦᠨ | ᠮᠠᠨᠤᠰ ᠢ ᠢᠪᠡᠭᠡᠬᠦ ᠪᠤᠯᠲᠤᠭᠠᠢ | ᠡᠭᠡᠯ ᠮᠢᠨᠤ ᠦᠴᠢᠭᠰᠡᠨ ᠢ | ᠡᠨᠡᠷᠢᠲᠦᠭᠡᠢ᠂ ᠦᠷᠦᠰᠢᠶᠡᠲᠦᠭᠡᠢ︕ |