ᠦᠷ᠎ᠡ ᠬᠡᠤᠬᠡᠳ ᠢᠶᠠᠨ ᠰᠣᠷᠭᠠᠵᠤ ᠬᠦᠮᠦᠵᠢᠭᠦᠯᠬᠦ ᠶᠣᠰᠤᠨ | ᠬ᠊᠂ ᠰᠠᠮᠫᠢᠯᠳᠠᠨᠳᠠᠪ | ᠬᠡᠤᠬᠡᠳ ᠢᠶᠠᠨ ᠬᠦᠮᠦᠨ ᠪᠤᠯᠭᠠᠬᠤ ᠠᠷᠪᠠᠨ ᠵᠠᠷᠴᠠᠮ | 1. ᠬᠡᠤᠬᠡᠳ ᠢᠶᠠᠨ ᠵᠦᠪ ᠬᠠᠶᠢᠷᠠᠯᠠ | 2. ᠬᠡᠤᠬᠡᠳ ᠢᠶᠠᠨ ᠬᠠᠮᠠᠭᠠᠯᠠᠵᠤ ᠶᠠᠪᠤ | 3 ᠬᠡᠤᠬᠡᠳ ᠲᠤ ᠪᠠᠨ ᠰᠠᠶᠢᠨ ᠢᠶᠠᠷ ᠦᠯᠢᠭᠡᠷᠯᠡ | 4. ᠬᠡᠤᠬᠡᠳ ᠲᠠᠢ ᠪᠠᠨ ᠴᠤᠭ ᠦᠢᠯᠡ ᠬᠢ | 5. ᠬᠡᠤᠬᠡᠳ ᠲᠠᠢ ᠪᠠᠨ ᠬᠠᠮᠳᠤ ᠲᠤᠭᠯᠠᠵᠤ ᠨᠠᠭᠠᠳ | 6. ᠬᠡᠤᠬᠡᠳ ᠲᠡᠭᠡᠨ ᠦᠪᠡᠷ ᠤᠨ ᠬᠢᠨᠢ ᠬᠦᠴᠤ ᠶᠢ ᠬᠡᠯᠡ | 7. ᠬᠡᠤᠬᠡᠳ ᠢᠶᠠᠨ ᠴᠢᠬᠢ ᠵᠦᠭᠡᠯᠡᠨ ᠲᠠᠢ ᠦᠰᠭᠡ | 8. ᠬᠡᠤᠬᠡᠳ ᠲᠡᠭᠡᠨ ᠠᠮᠢᠳᠣᠷᠠᠬᠤ ᠣᠬᠠᠭᠠᠨ ᠵᠢᠭ᠎ᠠ | 9. ᠬᠡᠤᠬᠡᠳ ᠠᠴᠠ ᠪᠠᠨ ᠡᠷᠢᠶᠡᠨ ᠪᠠᠷᠠᠭᠠᠨ ᠢ ᠪᠤᠤ ᠨᠢᠭᠤ | 10. ᠬᠡᠤᠬᠡᠳ ᠢᠶᠠᠨ ᠳᠤᠷᠠᠰᠤᠬᠤ ᠶᠠᠭᠤᠮ᠎ᠠ ᠲᠠᠢ ᠠᠮᠢᠳᠣᠷᠠᠵᠤ ᠰᠣᠷᠭ᠎ᠠ | ᠬᠡᠤᠬᠡᠳ ᠤᠨ ᠬᠦᠮᠦᠵᠢᠯ ᠳᠤ ᠴᠡᠭᠡᠷᠯᠡᠬᠦ ᠵᠢᠷᠭᠤᠭᠠᠨ ᠵᠦᠢᠯ᠄ | 1. ᠭᠠᠰᠢᠭᠤᠨ ᠢᠶᠠᠷ ᠪᠤᠤ ᠲᠡᠳᠬᠦ | 2. ᠠᠮᠳᠠᠳᠠᠨ ᠢᠶᠠᠷ ᠪᠤᠤ ᠴᠠᠳᠬᠠ | 3. ᠮᠦᠩᠭᠦᠨ ᠳᠤ ᠪᠤᠤ ᠰᠢᠨᠤᠭᠤᠯ | 4. ᠲᠠᠩᠰᠤᠭ ᠲᠤ ᠪᠤᠤ ᠣᠮᠪᠠᠭᠤᠯ | 5. ᠣᠯᠠᠢ ᠳᠤ ᠪᠤᠤ ᠦᠵᠡᠭᠦᠯ | 6. ᠨᠦᠢᠷ ᠲᠤ ᠪᠤᠤ ᠠᠪᠳᠠᠭᠤᠯ | ᠮᠤᠩᠭᠤᠯ ᠬᠦᠮᠦᠨ ᠤ ᠲᠠᠪᠤᠨ ᠭᠤᠤᠯ ᠶᠣᠰᠤ᠄ ᠡᠴᠢᠭᠡ ᠠᠰᠠᠷᠠᠯᠳᠠᠢ᠂ ᠬᠦᠪᠡᠭᠦᠨ ᠲᠠᠬᠢᠮᠳᠠᠭᠤ᠂ ᠡᠷ᠎ᠡ ᠨᠠᠶᠢᠷᠳᠠᠢ᠂ | ᠡᠮ᠎ᠡ ᠡᠪᠳᠡᠢ᠂ ᠠᠬ᠎ᠠ ᠡᠯᠢᠭᠡᠰᠡᠭ᠂ ᠲᠡᠭᠦᠣ ᠪᠢᠰᠢᠷᠡᠳᠤ᠃ | ᠮᠤᠩᠭᠤᠯ ᠬᠦᠮᠦᠨ ᠤ ᠡᠷᠬᠢᠮᠯᠡᠬᠦ ᠵᠢᠷᠭᠤᠭᠠᠨ ᠵᠦᠢᠯ᠄ 1. ᠦᠨᠡᠨ ᠪᠠᠳᠣ ᠵᠢᠷᠤᠮ ᠢ ᠬᠡᠵᠢᠶᠡᠳᠡ ᠬᠡᠴᠢᠶᠡᠵᠤ ᠶᠠᠪᠤᠬᠤ 2. | ᠡᠪᠦᠭᠡ ᠲᠡᠭᠡᠳᠦᠰ ᠤᠨ ᠰᠣᠷᠭᠠᠯ ᠢ ᠰᠠᠨᠠᠵᠤ ᠰᠡᠷᠡᠬᠦ 3. ᠦᠢᠯᠡ ᠶᠢᠨ ᠲᠡᠭᠡᠳᠤ ᠠᠴᠢ ᠶᠢ ᠪᠣᠴᠠᠭᠠᠵᠤ ᠬᠠᠷᠢᠭᠤᠯᠬᠤ | 4. ᠦᠰᠬᠦ ᠭᠡᠭᠡᠭᠦ ᠶᠢᠨ ᠬᠤᠷᠸ᠎ᠠ ᠶᠢ ᠣᠴᠢᠷᠯᠠᠨ ᠲᠠᠨᠢᠭᠤᠯᠵᠤ ᠶᠠᠪᠤᠬᠤ 5. ᠦᠷᠭᠦᠯᠵᠢ ᠮᠡᠷᠭᠡᠨ ᠨᠤᠮ ᠢ ᠲᠣᠭᠳᠠᠭᠠᠨ | ᠲᠤᠩᠭᠠᠬᠤ 6. ᠦᠭᠡᠶᠢᠭᠦᠤ ᠲᠣᠣᠷᠠᠳᠤ ᠠᠷᠠᠳ ᠢ ᠡᠷᠭᠦᠨ ᠲᠡᠩᠬᠡᠷᠡᠭᠦᠯᠵᠤ ᠶᠠᠪᠤᠬᠤ ᠰᠠᠶᠢᠨ ᠬᠦᠪᠡᠭᠦᠨ ᠶᠠᠮᠠᠷ ᠪᠤᠢ︖ | ᠡᠷᠬᠢᠮ ᠰᠠᠶᠢᠨ ᠬᠦᠪᠡᠭᠦᠨ ᠤ ᠶᠣᠰᠤᠨ᠄ ᠡᠴᠢᠭᠡ ᠶᠢᠨ ᠰᠣᠷᠭᠠᠯ ᠢᠶᠠᠷ ᠶᠠᠪᠤᠭᠴᠢ᠂ ᠡᠷᠳᠡᠮ ᠪᠢᠯᠢᠭ ᠰᠣᠷᠬᠤ ᠳᠤ | ᠲᠣᠷᠠᠳᠠᠢ᠂ ᠡᠨᠡᠷᠢᠬᠦ ᠣᠬᠠᠭᠠᠨᠳᠠᠢ ᠬᠦᠪᠡᠭᠦᠨ᠃ ᠠᠬ᠎ᠠ ᠲᠡᠭᠦᠤ ᠬᠡᠨ ᠳᠤ ᠴᠦ ᠠᠶᠠᠳᠠᠢ᠂ ᠠᠯᠢᠨ ᠳᠤ ᠵᠠᠷᠣᠪᠠᠯ | ᠢᠯᠭᠤᠮ᠂ ᠰᠠᠶᠢᠨ ᠠᠭᠠᠯᠢ ᠨᠢ ᠲᠦᠯᠭᠡᠨ ᠨᠣᠮᠤᠬᠠᠨ ᠠᠭᠤᠷ ᠦᠭᠡᠢ ᠰᠢᠳᠤᠷᠭᠤ ᠬᠦᠪᠡᠭᠦᠨ᠃ ᠠᠯᠢᠶ᠎ᠠ ᠨᠠᠶᠢᠳᠠᠩᠭᠤᠢ | ᠪᠠᠷ ᠦᠯᠤ ᠶᠠᠪᠤᠭᠴᠢ᠂ ᠠᠷᠭ᠎ᠠ ᠰᠠᠨᠠᠭᠠᠨ ᠳᠤ ᠴᠡᠴᠡᠨ᠂ ᠠᠵᠤ ᠲᠦᠷᠦᠬᠦ ᠳᠤ ᠮᠠᠰᠢ ᠵᠢᠳᠭᠦᠯ ᠲᠠᠢ ᠠᠰᠢᠳᠠ | ᠪᠦᠳᠦᠮᠵᠢᠳᠡᠢ ᠬᠦᠪᠡᠭᠦᠨ ᠪᠤᠯᠤᠨ᠎ᠠ᠃ | ᠮᠠᠭᠤ ᠬᠦᠪᠡᠭᠦᠨ ᠶᠠᠮᠠᠷ ᠪᠤᠢ︖ ᠡᠭᠦᠷᠢᠳᠡ ᠮᠠᠭᠤ ᠬᠦᠪᠡᠭᠦᠨ ᠨᠢ᠄ ᠡᠴᠢᠭᠡ ᠶᠢᠨ ᠰᠣᠷᠭᠠᠯ ᠢ ᠦᠯᠤ | ᠰᠣᠨᠣᠰᠣᠭᠴᠢ᠂ ᠡᠭᠡᠨᠡᠭᠳᠡ ᠲᠡᠨᠡᠭ ᠪᠦᠭᠡᠳ ᠭᠡᠳᠡᠷ᠂ ᠡᠳ᠋ ᠮᠠᠯ ᠢᠶᠠᠨ ᠨᠢᠭᠤᠵᠤ ᠬᠤᠳᠠᠯᠳᠣᠭᠴᠢ ᠡᠭᠡᠯ ᠮᠠᠭᠤ | ᠬᠦᠪᠡᠭᠦᠨ᠃ ᠠᠯᠢᠶ᠎ᠠ ᠮᠦᠷᠳᠡᠭᠡᠨ ᠡᠷᠬᠡ ᠲᠠᠩᠬᠢ᠂ ᠠᠬ᠎ᠠ ᠶᠡᠬᠡᠰ ᠢ ᠬᠠᠷᠢᠶᠠᠭᠴᠢ ᠠᠯᠢᠨ ᠳᠤ ᠴᠦ ᠵᠠᠷᠣᠪᠠᠯ ᠦᠰᠦᠳ | ᠦᠯᠣ ᠬᠦᠳᠡᠯᠦᠭᠴᠢ ᠠᠳᠠᠭ ᠮᠠᠭᠤ ᠬᠦᠪᠡᠭᠦᠨ᠂ ᠠᠶᠠᠭᠠᠨ ᠳᠠᠬᠢ ᠢᠳᠡᠭᠡ ᠪᠠᠨ ᠴᠢᠮᠠᠯᠠᠨ ᠠᠶᠢᠯ ᠤᠨ ᠢᠳᠡᠭᠡᠨ ᠳᠤ | ᠭᠦᠶᠦᠭᠴᠢ᠂ ᠠᠯᠢᠪᠠ ᠬᠤᠪ ᠦᠭᠡᠰ ᠢ ᠵᠦᠭᠡᠭᠡᠭᠴᠢ ᠠᠰᠣᠷᠤ ᠮᠠᠭᠤ ᠬᠦᠪᠡᠭᠦᠨ ᠪᠤᠯᠤᠨ᠎ᠠ᠃ | ᠰᠠᠶᠢᠨ ᠦᠬᠢᠨ ᠶᠠᠮᠠᠷ ᠪᠤᠢ︖ ᠰᠠᠶᠢᠨ ᠦᠬᠢᠨ ᠤ ᠶᠣᠰᠤᠨ᠄ ᠰᠠᠶᠢᠨ ᠰᠠᠶᠢᠬᠠᠨ ᠭᠤᠸ᠎ᠠ ᠵᠢᠰᠣᠳᠠᠢ᠂ | ᠰᠠᠨᠠᠭ᠎ᠠ ᠰᠡᠳᠭᠢᠯ ᠨᠢ ᠨᠤᠮᠤᠬᠠᠨ ᠲᠦᠯᠭᠡᠨ᠂ ᠰᠠᠷᠠᠭᠤᠯ ᠣᠬᠠᠭᠠᠨ ᠲᠠᠢ ᠦᠬᠢᠨ᠃ ᠡᠬᠡ ᠶᠢᠨ ᠰᠣᠷᠭᠠᠯ ᠢᠶᠠᠷ | ᠶᠠᠪᠤᠭᠴᠢ᠂ ᠡᠭᠡᠴᠢ ᠲᠡᠭᠦᠤ ᠲᠠᠢ ᠪᠠᠨ ᠡᠶ᠎ᠡ ᠲᠠᠢ᠃ ᠡᠰᠭᠡᠬᠦ ᠣᠶᠤᠬᠤ ᠳᠤ ᠣᠷᠠᠨ᠂ ᠡᠷᠬᠢᠮ ᠰᠠᠶᠢᠨ ᠦᠬᠢᠨ᠃ | ᠠᠯᠢᠶ᠎ᠠ ᠨᠠᠭᠠᠳᠤᠩᠬᠠᠢ ᠳᠤ ᠲᠣᠷ᠎ᠠ ᠦᠭᠡᠢ᠂ ᠠᠬᠤ ᠪᠡᠶ᠎ᠡ ᠪᠠᠨ ᠬᠢᠴᠢᠶᠡᠨ ᠬᠠᠳᠠᠭᠠᠯᠠᠭᠠᠳ ᠠᠬ᠎ᠠ ᠶᠡᠬᠡᠰ ᠢ ᠵᠡᠷᠭᠡᠪᠡᠷ | ᠬᠦᠨᠳᠦᠯᠡᠭᠴᠢ᠂ ᠠᠭᠤᠷ ᠬᠢᠯᠢᠩ ᠦᠭᠡᠢ ᠠᠭᠠᠯᠢ ᠰᠠᠶᠢᠳᠠᠢ ᠦᠬᠢᠨ ᠪᠤᠯᠤᠨ᠎ᠠ᠃ | ᠮᠠᠭᠤ ᠦᠬᠢᠨ ᠶᠠᠮᠠᠷ ᠪᠤᠢ︖ ᠠᠰᠠᠷᠤ ᠮᠠᠭᠤ ᠦᠬᠢᠨ ᠤ ᠶᠣᠰᠤᠨ᠄ ᠠᠪᠣᠷᠢ ᠲᠦᠷᠢ ᠨᠢ ᠴᠢᠳᠭᠦᠷ ᠮᠡᠳᠤ᠂ | ᠠᠭᠠᠯᠢ ᠵᠠᠩ ᠨᠢ ᠰᠠᠷᠮᠠᠭᠴᠢᠨ ᠮᠡᠳᠤ᠂ ᠠᠰᠣᠷᠤ ᠶᠡᠭᠡ ᠠᠭᠤᠷ ᠲᠠᠢ᠂ ᠠᠭᠠᠰᠢ ᠮᠠᠭᠤ ᠲᠠᠢ ᠦᠬᠢᠨ᠃ ᠠᠴᠢᠳᠤ | ᠡᠴᠢᠭᠡ ᠡᠬᠡ ᠪᠠᠨ ᠰᠣᠷᠭᠠᠪᠠᠯ ᠠᠭᠤᠷᠯᠠᠨ᠂ ᠠᠬ᠎ᠠ ᠲᠡᠭᠦᠤ ᠲᠠᠢ ᠪᠠᠨ ᠬᠡᠷᠡᠯᠳᠦᠨ ᠬᠠᠷᠢᠶᠠᠭᠴᠢ᠂ ᠠᠯᠢᠶ᠎ᠠ | ᠨᠠᠭᠠᠳᠣᠩᠬᠠᠢ ᠳᠤ ᠮᠠᠰᠢ ᠪᠠᠶᠠᠰᠤᠨ ᠠᠶᠢᠯ ᠬᠡᠰᠦᠭᠴᠢ ᠦᠬᠢᠨ᠃ ᠦᠢᠯᠡ ᠣᠶᠤᠬᠤ ᠳᠤ ᠲᠣᠷ᠎ᠠ ᠦᠭᠡᠢ᠂ ᠦᠭᠡ | ᠬᠤᠪ ᠬᠡᠯᠡᠬᠦ ᠳᠤ ᠲᠤᠷᠠᠳᠠᠢ᠂ ᠦᠷᠭᠦᠯᠵᠢ ᠭᠡᠷ ᠲᠤ ᠭᠠᠳᠠᠨ᠎ᠠ ᠲᠠᠭᠤᠯᠠᠭᠴᠢ ᠦᠯᠤ ᠪᠦᠳᠦᠬᠦ ᠮᠠᠭᠤ ᠦᠬᠢᠨ᠃ | ᠠᠶᠤᠬᠤ ᠢᠴᠢᠬᠦ ᠶᠢ ᠦᠯᠤ ᠮᠡᠳᠡᠨ᠂ ᠠᠵᠢᠭ ᠦᠭᠡᠢ ᠱᠠᠯᠢᠭ ᠦᠭᠡ ᠬᠡᠯᠡᠯᠴᠡᠨ ᠠᠯᠢᠪᠠ ᠰᠠᠳᠣᠷ ᠶᠠᠪᠣᠳᠠᠯ ᠲᠠᠢ | ᠠᠪᠣᠰᠢ ᠦᠭᠡᠢ ᠮᠠᠭᠤ ᠦᠬᠢᠨ ᠪᠤᠯᠤᠨ᠎ᠠ᠃ ᠡᠳᠡᠭᠡᠷ ᠮᠠᠭᠤ ᠶᠠᠪᠣᠳᠠᠯ ᠢᠶᠠᠷ ᠶᠠᠪᠤᠭᠴᠢ ᠨᠢ ᠡᠨᠡ ᠨᠠᠰᠣᠨ ᠳᠤ ᠦᠨᠢᠳᠡ | ᠵᠤᠪᠠᠭ᠋ᠤ᠂ ᠡᠴᠦᠰ ᠲᠤ ᠦᠯᠣ ᠠᠮᠠᠷᠠᠬᠤ᠂ ᠡᠶᠢᠮᠤ ᠶᠢᠨ ᠲᠤᠯᠠ ᠦᠨᠢᠳᠡ ᠬᠢᠴᠢᠶᠡᠭᠳᠤᠨ᠂ ᠬᠤᠳᠠᠯᠠ ᠶᠢᠨ ᠰᠠᠶᠢᠨ | ᠶᠠᠪᠣᠳᠠᠯ ᠢᠶᠠᠷ ᠶᠠᠪᠣᠭᠴᠢ ᠨᠢ ᠬᠤᠴᠤᠷᠣᠯ ᠦᠭᠡᠢ ᠡᠨᠡ ᠨᠠᠰᠣᠨ ᠳᠤ ᠪᠠᠨ ᠵᠢᠷᠭᠠᠨ ᠬᠤᠶᠢᠳᠤ ᠨᠠᠰᠣᠨ ᠳᠤ ᠪᠣᠶᠠᠨ ᠢ | ᠣᠯᠤᠨ ᠬᠤᠶᠠᠷ ᠦᠭᠡᠢ ᠲᠡᠭᠡᠳᠤ ᠪᠣᠳᠢ ᠶᠢ ᠣᠯᠣᠨ᠎ᠠ᠃ ᠲᠡᠨᠡᠭ ᠠᠳᠣᠭᠤᠰᠤᠨ ᠦᠭᠡᠷ ᠢ ᠰᠣᠷᠭᠠᠪᠠᠯ ᠲᠡᠷᠭᠡᠨ ᠤ | ᠵᠠᠮ ᠢᠶᠠᠷ ᠶᠠᠪᠣᠳᠠᠭ ᠶᠤᠮ᠃ ᠠᠳᠠᠭ ᠤᠨ ᠮᠠᠭᠤ ᠦᠨᠡᠭᠡ ᠬᠡᠳᠦᠢ ᠬᠤᠴᠠᠪᠠᠴᠤ ᠠᠷᠰᠯᠠᠨ ᠵᠠᠭᠠᠨ ᠢ ᠶᠠᠭᠠᠬᠢᠨ | ᠠᠶᠣᠯᠭᠠᠨ ᠴᠢᠳᠠᠨᠠᠮ᠃ | ︽ᠡᠷᠦᠬᠡ ᠭᠡᠷ ᠤᠨ ᠮᠤᠩᠭᠤᠯ ᠶᠣᠰᠤᠨ︾ ᠭᠡᠬᠦ ᠨᠣᠮ ᠠᠴᠠ | |