ᠬᠡᠤᠬᠡᠳ ᠴᠦᠬᠡᠨ ᠲᠤᠭᠯᠠᠭᠠᠮ ᠲᠠᠢ ᠪᠠᠶᠢᠬᠤ ᠲᠤᠰᠤᠮ ᠢᠶᠠᠨ ᠵᠢᠷᠭᠠᠯᠳᠠᠢ ᠪᠠᠶᠢᠳᠠᠭ ᠭᠡᠳᠡᠭ ᠢ ᠡᠷᠳᠡᠮᠳᠡᠳ ᠪᠠᠳᠤᠯᠠᠵᠠᠢ
ᠨᠡᠶᠢᠲᠡᠯᠡᠭᠰᠡᠨ ᠴᠠᠭ᠄
2022/11/24
      ᠬᠡᠤᠬᠡᠳ ᠬᠦᠮᠦᠵᠢᠬᠦᠯᠬᠦ ᠭᠡᠳᠡᠭ ᠨᠠᠷᠢᠨ ᠲᠦᠪᠡᠭᠳᠡᠢ᠂ ᠦᠯᠦ ᠳᠠᠰᠤᠯᠳᠠᠬᠤ ᠦᠢᠯᠡ ᠶᠠᠪᠤᠴᠠ ᠪᠠᠶᠢᠳᠠᠭ᠃ ᠡᠨᠡ ᠪᠤᠯ ᠤᠷᠳᠤ ᠬᠤᠭᠤᠴᠠᠭᠠᠨ ᠤ ᠬᠦᠳᠡᠯᠮᠤᠷᠢ᠃ ᠤᠯᠠᠨ ᠡᠴᠢᠭᠡ ᠡᠬᠡᠴᠦᠳ ᠬᠡᠤᠬᠡᠳ ᠢᠶᠠᠨ ᠠᠵᠠ ᠵᠢᠷᠭᠠᠯᠳᠠᠢ ᠪᠠᠶᠢᠯᠭᠠᠵᠤ᠂ ᠠᠩᠬᠠᠷᠤᠯ ᠬᠠᠯᠠᠮᠵᠢ ᠳᠤᠮᠳᠠ ᠦᠰᠭᠡᠬᠦ ᠶᠢ ᠬᠢᠴᠢᠶᠡᠳᠡᠭ᠃ ᠡᠬᠦᠨ ᠤ ᠲᠤᠯᠠᠳᠠ ᠶᠠᠩᠵᠤ ᠪᠦᠷᠢ ᠶᠢᠨ ᠲᠤᠭᠯᠠᠭᠠᠮ ᠠᠪᠴᠤ ᠦᠭᠬᠦ ᠪᠤᠯᠳᠠᠭ ᠪᠢᠯᠡ᠃ ᠶᠡᠬᠡᠩᠬᠢ ᠡᠴᠢᠭᠡ ᠡᠬᠡᠴᠦᠳ ᠬᠡᠤᠬᠡᠳ ᠨᠢ ᠤᠯᠠᠨ ᠲᠤᠭᠯᠠᠭᠠᠮ ᠲᠠᠢ ᠪᠠᠶᠢᠬᠤ ᠲᠤᠰᠤᠮ ᠢᠶᠠᠨ ᠠᠵᠠ ᠵᠢᠷᠭᠠᠯᠳᠠᠢ ᠪᠠᠶᠢᠨ᠎ᠠ ᠭᠡᠵᠦ ᠪᠤᠳᠤᠳᠠᠭ᠃ ᠲᠡᠶᠢᠮᠦ ᠠᠴᠠ ᠲᠡᠳᠡ ᠵᠢᠵᠢᠭᠬᠡᠨ ᠬᠦᠮᠦᠨ ᠪᠤᠯᠤᠨ ᠲᠧᠭᠨᠢᠺ ᠤᠨ ᠲᠦᠷᠰᠦ ᠪᠦᠬᠦᠢ ᠲᠤᠭᠯᠠᠭᠠᠮ ᠠᠴᠠ ᠡᠬᠢᠯᠡᠭᠡᠳ ᠨᠠᠷᠢᠨ ᠪᠦᠳᠦᠴᠡᠳᠡᠢ ᠡᠪᠯᠡᠬᠦᠯᠳᠡᠭ ᠲᠤᠭᠯᠠᠭᠠᠮ ᠂ ᠤᠳᠤᠷᠢᠳᠤᠯᠭ᠎ᠠ ᠲᠠᠢ ᠮᠠᠰᠢᠨ ᠬᠦᠷᠲᠡᠯ᠎ᠡ ᠠᠪᠴᠤ ᠦᠭᠳᠡᠭ᠃ ᠭᠡᠰᠡᠨ ᠴᠤ ᠡᠷᠳᠡᠮᠳᠡᠳ ᠨᠢᠭᠡᠨ ᠰᠤᠨᠢᠨ ᠤᠨᠤᠯ ᠢ ᠭᠠᠷᠭᠠᠵᠤ ᠢᠷᠡᠵᠡᠢ᠃ ᠬᠡᠤᠬᠡᠳ ᠤᠨ ᠲᠤᠭᠯᠠᠭᠠᠮ ᠬᠡᠳᠦᠢ ᠴᠢᠨᠡᠭᠡ ᠴᠦᠬᠡᠨ ᠪᠠᠶᠢᠨ᠎ᠠ᠂ ᠤᠭ ᠬᠡᠤᠬᠡᠳ ᠲᠡᠳᠦᠢ ᠴᠢᠨᠡᠭᠡ ᠠᠵᠠ ᠵᠢᠷᠭᠠᠯᠳᠠᠢ ᠦᠰᠳᠡᠭ ᠭᠡᠳᠡᠭ ᠢ ᠲᠡᠳᠡ ᠲᠤᠭᠳᠠᠭᠠᠵᠠᠢ᠃ ᠡᠨᠡ ᠬᠠᠴᠢᠷᠬᠠᠯᠳᠠᠢ ᠤᠨᠤᠯ ᠤᠨ ᠤᠨᠴᠠᠯᠢᠭ  ᠨᠢ ᠶᠠᠭᠤᠨ ᠳᠤ ᠪᠠᠶᠢᠨ᠎ᠠ ᠪᠤᠢ︖      ᠬᠤᠶᠠᠷ ᠰᠤᠩᠭᠤᠯᠳᠠ ᠰᠤᠳᠤᠯᠭ᠎ᠠ ᠶᠢ ᠬᠡᠤᠬᠡᠳ ᠤᠳ ᠤᠨ ᠲᠤᠮᠳᠠ ᠶᠠᠪᠤᠭᠤᠯᠤᠭᠰᠠᠨ ᠪᠦᠭᠡᠳ 18 — 30 ᠰᠠᠷ᠎ᠠ ᠲᠠᠢ 36 ᠬᠡᠤᠬᠡᠳ ᠰᠤᠩᠭᠤᠵᠤ ᠠᠪᠤᠭᠰᠠᠨ ᠪᠠᠶᠢᠨ᠎ᠠ᠃ ᠬᠡᠤᠬᠡᠳ ᠤᠳ ᠢ ᠲᠤᠰ ᠲᠠᠭᠠᠨ ᠦᠷᠦᠭᠡᠨ  ᠳᠤ ᠪᠠᠶᠢᠯᠭᠠᠵᠤ᠂ ᠵᠠᠷᠢᠮ ᠳᠤ ᠨᠢ 16 ᠲᠤᠭᠯᠠᠭᠠᠮ ᠢᠶᠠᠷ ᠲᠤᠭᠯᠠᠬᠤ ᠪᠤᠯᠤᠮᠵᠢ ᠲᠠᠢ ᠪᠤᠯ ᠵᠠᠷᠢᠮ ᠨᠢ ᠲᠦᠷᠪᠡᠬᠡᠨ ᠲᠤᠭᠯᠠᠭᠠᠮ ᠢᠶᠠᠷ ᠲᠤᠭᠯᠠᠬᠤ ᠪᠤᠯᠤᠮᠵᠢ ᠲᠠᠢ ᠲᠡᠶᠢᠮᠦ ᠨᠦᠬᠦᠴᠡᠯ ᠢ ᠪᠤᠢ ᠪᠤᠯᠭᠠᠭᠰᠠᠨ ᠪᠠᠶᠢᠨ᠎ᠠ᠃ ᠶᠡᠷᠦ ᠪᠤᠰᠤ ᠶᠢᠨ ᠦᠷ᠎ᠡ ᠳ᠋ᠦᠩ ᠲᠤᠷᠰᠢᠯᠳᠠ ᠶᠢᠨ ᠶᠠᠪᠤᠴᠠ ᠳᠤ ᠴᠦᠬᠡᠨ ᠲᠤᠭᠯᠠᠭᠠᠮ ᠲᠠᠢ ᠬᠡᠤᠬᠡᠳ ᠤᠳ ᠨᠢ ᠲᠤᠭᠯᠠᠭᠠᠮ ᠳᠠᠭᠠᠨ ᠢᠯᠡᠬᠦᠦ ᠢᠳᠡᠪᠬᠢᠳᠡᠢ ᠤᠷᠤᠵᠤ ᠪᠠᠶᠢᠪᠠ᠃ ᠲᠡᠳᠡ ᠢᠯᠡᠬᠦᠦ ᠪᠦᠳᠦᠭᠡᠯᠴᠢ ᠪᠠᠶᠢᠭᠰᠠᠨ ᠲᠡᠳᠦᠢ ᠦᠭᠡᠢ ᠤᠷᠠᠨ ᠰᠡᠳᠬᠢᠮᠵᠢ ᠴᠤ ᠶᠡᠬᠡᠪᠡᠷ ᠭᠠᠷᠭᠠᠵᠤ ᠪᠠᠶᠢᠵᠠᠢ᠃ ᠬᠠᠷᠢᠨ ᠤᠯᠠᠨ ᠲᠤᠭᠯᠠᠭᠠᠮ ᠲᠠᠢ ᠬᠡᠤᠬᠡᠳ ᠤᠳ ᠪᠠᠶᠢᠩᠭᠤ ᠨᠢᠭᠡ ᠲᠤᠭᠯᠠᠭᠠᠮ ᠠᠴᠠ ᠨᠦᠬᠦᠭᠡ ᠤᠷᠤᠭᠤ ᠰᠢᠯᠵᠢᠵᠦ᠂ ᠠᠩᠬᠠᠷᠤᠯ ᠨᠢ ᠲᠡᠳᠦᠢ ᠴᠢᠨᠡᠭᠡ ᠪᠠᠷ ᠲᠦᠪᠯᠡᠷᠡᠵᠦ ᠦᠭᠬᠦ ᠦᠭᠡᠢ ᠪᠠᠶᠢᠪᠠ᠃ ᠬᠡᠤᠬᠡᠳ ᠤᠳ ᠪᠦᠬᠦ ᠯᠡ ᠲᠤᠭᠯᠠᠭᠠᠮ ᠢᠶᠠᠷ ᠨᠢᠭᠡ ᠲᠤᠤᠷ᠎ᠠ ᠲᠤᠭᠯᠠᠬᠤ ᠭᠡᠵᠦ ᠤᠷᠤᠯᠳᠤᠬᠤ ᠨᠢ ᠪᠠᠶᠢᠳᠠᠯ  ᠢ ᠤᠯᠠᠮ ᠬᠦᠨᠳᠦᠷᠡᠬᠦᠯᠵᠦ ᠪᠠᠶᠢᠭᠰᠠᠨ ᠪᠠᠶᠢᠨ᠎ᠠ᠃ ᠬᠡᠤᠬᠡᠳ ᠤᠳ ᠤᠨ ᠡᠨᠡ ᠬᠠᠴᠢᠷᠬᠠᠯᠳᠠᠢ ᠪᠠᠶᠢᠷᠢ ᠪᠠᠶᠢᠳᠠᠯ ᠤᠨ ᠲᠤᠬᠠᠢ ᠰᠡᠳᠬᠢᠯ ᠰᠤᠳᠤᠯᠭᠠᠴᠢᠳ ᠦᠪᠡᠷᠰᠡᠳ ᠤᠨ ᠲᠠᠭᠠᠮᠠᠭᠯᠠᠯ ᠢᠶᠠᠨ ᠭᠠᠷᠭᠠᠭᠰᠠᠨ ᠪᠠᠶᠢᠨ᠎ᠠ᠃ ᠲᠡᠳᠡᠨ ᠤ ᠬᠢ  ᠪᠠᠷ ᠬᠡᠤᠬᠡᠳ ᠤᠨ ᠠᠩᠬᠠᠷᠤᠯ ᠢ ᠰᠠᠷᠨᠢᠭᠤᠯᠵᠤ ᠪᠠᠶᠢᠭᠰᠠᠨ ᠭᠤᠤᠯ ᠵᠦᠢᠯ ᠨᠢ ᠲᠤᠭᠯᠠᠭᠠᠮ᠃ ᠡᠳᠡᠭᠡᠷ ᠤᠯᠠᠨ ᠲᠤᠭᠯᠠᠭᠠᠮ ᠠᠴᠠ ᠪᠤᠯᠵᠤ ᠬᠡᠤᠬᠡᠳ ᠤᠨ ᠠᠩᠬᠠᠷᠤᠯ ᠲᠦᠪᠯᠡᠷᠡᠬᠦ ᠦᠭᠡᠢ᠂ ᠠᠯᠢᠪᠠ ᠵᠦᠢᠯ ᠢ ᠬᠡᠪ ᠤᠨ ᠪᠠᠶᠢᠳᠠᠯ ᠢᠶᠠᠷ ᠠᠩᠵᠠᠭᠠᠷᠠᠵᠤ᠂ ᠰᠢᠢᠳᠬᠦ ᠳᠤ ᠨᠢ ᠰᠠᠭᠠᠳ ᠪᠤᠯᠵᠤ ᠪᠠᠶᠢᠭᠰᠠᠨ ᠭᠡᠨ᠎ᠡ᠃       ᠪᠠᠳᠤᠯᠠᠭ᠎ᠠ      18 — 30 ᠰᠠᠷ᠎ᠠ ᠲᠠᠢ ᠬᠡᠤᠬᠡᠳ ᠤᠳ ᠤᠨ ᠠᠩᠬᠠᠷᠤᠯ ᠢ ᠨᠢᠭᠡ ᠵᠦᠢᠯ ᠲᠡᠭᠡᠷ᠎ᠡ ᠤᠳᠠᠭᠠᠨ ᠲᠦᠪᠯᠡᠷᠡᠬᠦᠯᠦᠨ᠎ᠡ ᠭᠡᠳᠡᠭ ᠨᠢ ᠮᠠᠰᠢ ᠬᠡᠴᠡᠬᠦᠦ ᠵᠦᠢᠯ᠃ ᠲᠡᠷᠡ ᠲᠤᠰᠤᠮ ᠢᠶᠠᠨ ᠬᠠᠵᠠᠭᠤ ᠪᠠᠷ ᠨᠢ ᠦᠭᠡᠷ᠎ᠡ ᠠᠩᠬᠠᠷᠤᠯ ᠰᠠᠷᠨᠢᠭᠤᠯᠬᠤ ᠵᠦᠢᠯ ᠭᠠᠷᠴᠤ ᠢᠷᠡᠬᠦ ᠨᠢ ᠲᠦᠪᠯᠡᠷᠡᠬᠦ ᠪᠠᠶᠢᠳᠠᠯ ᠢ ᠪᠦᠷ ᠴᠤ ᠲᠦᠪᠡᠭᠳᠡᠢ ᠪᠤᠯᠭᠠᠳᠠᠭ᠃ ᠳ᠋ᠦᠩᠨᠡᠯᠳᠡ       ᠰᠡᠳᠬᠢᠯ ᠰᠤᠳᠤᠯᠭᠠᠴᠢᠳ ᠡᠴᠢᠭᠡ ᠡᠬᠡᠴᠦᠳ ᠲᠤ ᠬᠡᠤᠬᠡᠳ ᠲᠡᠭᠡᠨ ᠨᠢᠭᠡ ᠲᠤᠤᠷ᠎ᠠ ᠤᠯᠠᠨ ᠲᠤᠭᠯᠠᠭᠠᠮ  ᠢᠶᠠᠷ ᠲᠤᠭᠯᠠᠬᠤ ᠶᠢ ᠨᠢ ᠵᠦᠪᠰᠢᠶᠡᠷᠡᠬᠦ ᠦᠭᠡᠢ ᠪᠠᠶᠢᠬᠤ ᠶᠢ ᠠᠩᠬᠠᠷᠠᠭᠤᠯᠳᠠᠭ᠃ ᠤᠯᠠᠨ ᠲᠤᠭᠯᠠᠭᠠᠮ ᠢᠶᠠᠷ ᠲᠤᠭᠯᠠᠬᠤ  ᠨᠢ ᠲᠡᠳᠡᠨ ᠤ ᠠᠩᠬᠠᠷᠤᠯ ᠲᠦᠪᠯᠡᠷᠡᠬᠦ᠂ ᠨᠢᠭᠡ ᠲᠤᠤᠷ᠎ᠠ ᠤᠳᠠᠭᠠᠨ ᠰᠠᠭᠤᠬᠤ ᠪᠠᠶᠢᠳᠠᠯ ᠳᠤ ᠰᠦᠭᠡᠷᠬᠦ ᠪᠠᠷ ᠨᠦᠯᠦᠭᠡᠯᠡᠳᠡᠭ ᠪᠠᠶᠢᠨ᠎ᠠ᠃    
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号