ᠮᠣᠩᠭᠤᠯᠴᠣᠳ ᠤᠨ ᠬᠡᠤᠬᠡᠳ ᠲᠡᠭᠡᠨ ᠨᠡᠷ᠎ᠡ ᠦᠭᠭᠦ ᠵᠠᠩᠰᠢᠯ
ᠨᠡᠶᠢᠲᠡᠯᠡᠭᠰᠡᠨ ᠴᠠᠭ᠄
2020/11/11
       ᠡᠷᠳᠡᠨᠢᠲᠤ ᠭᠦᠮᠦᠨ ᠤ ᠪᠡᠶ᠎ᠡ ᠶᠢ ᠣᠯᠣᠭᠠᠳ ᠡᠴᠢᠭᠡ ᠡᠭᠡ ᠠᠴᠠ ᠬᠠᠶᠢᠷᠠᠯᠠᠭᠰᠠᠨ ᠨᠡᠷ᠎ᠡ ᠲᠦᠷᠦ ᠪᠠᠨ ᠬᠠᠶᠢᠷᠠᠯᠠᠨ ᠬᠠᠮᠠᠭᠠᠯᠠᠵᠤ ᠶᠠᠪᠤᠬᠤ ᠶᠢ ᠲᠦᠢᠯ ᠢᠶᠠᠷ ᠬᠦᠨᠳᠤᠳᠭᠡᠵᠤ ᠡᠪᠦᠭᠡ ᠳᠡᠭᠡᠳᠦᠰ ᠮᠢᠨᠢ ᠤᠷᠲᠤ ᠬᠤᠭᠤᠴᠠᠭᠠᠨ ᠤ ᠲᠤᠷᠰᠢ ᠬᠤᠶᠢᠴᠢ ᠦᠶ᠎ᠡ ᠳᠡᠭᠡᠨ ᠭᠡᠯᠡᠵᠦ ᠰᠤᠷᠭᠠᠭᠰᠠᠭᠠᠷ ᠢᠷᠡᠵᠡᠢ᠃ ᠲᠡᠶᠢᠮᠦ ᠠᠴᠠ ᠴᠦ ︽ᠨᠡᠷ᠎ᠡ ᠬᠤᠭᠤᠷᠠᠬᠤ ᠪᠠᠷ ᠶᠠᠰᠤ ᠬᠤᠭᠤᠷᠠ︾᠂ ︽ᠭᠦᠮᠦᠨ ᠨᠡᠷ᠎ᠡ ᠪᠠᠨ᠂ ᠲᠣᠭᠤᠰ ᠦᠳᠦ ᠪᠠᠨ︾᠂ ︽ᠨᠡᠷ᠎ᠡ ᠠᠯᠳᠠᠬᠤ ᠪᠠᠷ᠂ ᠰᠢᠭᠡᠰᠦ ᠠᠯᠳᠠ︾ ᠭᠡᠮᠡᠬᠦ ᠵᠦᠢᠷ ᠰᠡᠴᠡᠨ ᠦᠭᠡ ᠭᠠᠷᠴᠠᠢ᠃ ᠮᠣᠩᠭᠤᠯ ᠭᠦᠮᠦᠨ ᠤ ᠨᠡᠷ᠎ᠡ ᠶᠢᠨ ᠬᠤᠪᠢᠷᠠᠯ᠂ ᠭᠦᠭᠵᠢᠯᠲᠡ᠂ ᠠᠭᠤᠯᠭ᠎ᠠ ᠪᠦᠳᠦᠴᠡ ᠶᠢ ᠰᠤᠳᠤᠯᠠᠬᠤ ᠳᠤ ᠳᠤᠮᠳᠠ ᠵᠠᠭᠤᠨ ᠤ ᠦᠶ᠎ᠡ ᠶᠢᠨ ᠲᠠᠤᠭᠡ ᠰᠣᠶᠣᠯ ᠤᠨ ᠦᠨᠡᠲᠦ ᠳᠤᠷᠠᠰᠬᠠᠯ ︽ᠮᠣᠩᠭᠤᠯ ᠤᠨ ᠨᠢᠭᠤᠴᠠ ᠲᠣᠪᠴᠢᠶᠠᠨ︾ ᠦᠨᠡᠲᠦ ᠰᠤᠷᠪᠤᠯᠵᠢ ᠪᠣᠯᠬᠤ ᠨᠢ ᠮᠡᠳᠡᠭᠡᠵᠢ᠃ ᠮᠣᠩᠭᠤᠯᠴᠤᠳ ᠤᠨ ᠳᠤᠮᠳᠠ ᠲᠦᠭᠡᠮᠡᠯ ᠳᠡᠯᠭᠡᠷᠡᠭᠰᠡᠨ᠂ ᠭᠡᠤᠭᠡᠳ ᠲᠤ ᠨᠡᠷ᠎ᠡ ᠦᠭᠭᠦ ᠵᠠᠩ ᠵᠠᠩᠰᠢᠯ ᠢ ᠠᠵᠢᠪᠠᠯ ᠭᠤᠤᠯᠳᠠᠭᠤ ᠲᠤᠤᠷᠠᠬᠢ ᠮᠡᠳᠦ ᠬᠡᠳᠤᠨ ᠵᠦᠢᠯ ᠪᠠᠶᠢᠳᠠᠭ᠃ ᠨᠢᠭᠡ ᠳᠤ᠂ ᠭᠠᠷᠤᠭᠰᠠᠨ ᠡᠳᠦᠷ ᠤᠨ ᠭᠠᠷᠠᠭ ᠢᠶᠠᠷ ᠨᠢ ᠨᠡᠷᠡᠯᠡᠭᠦ ᠶᠣᠰᠤ ᠪᠣᠢ᠃ ᠵᠢᠱᠢᠶ᠎ᠡ᠄ ᠮᠢᠬᠮᠠᠷ᠂ ᠯᠾᠬᠠᠪᠠ᠂ ᠠᠳᠢᠶ᠎ᠠ᠂ ᠰᠤᠮᠢᠶ᠎ᠠ᠂ ᠰᠠᠨᠢᠴᠢᠷ ᠭᠡᠭᠦ ᠮᠡᠲᠦ᠃ ᠬᠤᠶᠠᠷ ᠲᠤ᠂ ᠲᠦᠷᠦᠭᠰᠡᠨ ᠦᠶ᠎ᠡ ᠶᠢᠨ ᠴᠢᠬᠤᠯᠨ ᠦᠢᠯᠡ ᠶᠠᠪᠤᠳᠠᠯ ᠠᠴᠠ ᠰᠡᠳᠦᠪᠯᠡᠨ ᠨᠡᠷᠡᠯᠡᠭᠦ ᠶᠣᠰᠣ᠃ ᠵᠢᠱᠢᠶ᠎ᠡ᠄ ᠰᠠᠠᠰᠠᠷ᠂ ᠤᠴᠢᠮ᠎ᠠ᠂ ᠤᠳᠤᠮ᠎ᠠ ᠭᠡᠭᠦ ᠮᠡᠲᠦ᠃ ᠭᠤᠷᠪᠠ ᠳᠤ᠂ ᠰᠠᠶᠢᠨ ᠰᠠᠶᠢᠬᠠᠨ ᠢ ᠪᠡᠯᠭᠡᠳᠡᠨ ᠦᠭᠭᠦ ᠶᠣᠰᠤ ᠪᠣᠢ᠃ ᠵᠢᠱᠢᠶ᠎ᠡ᠄ ᠵᠢᠷᠭᠠᠯ᠂ ᠮᠠᠠᠳᠤᠬᠤ᠂ ᠦᠷᠨᠢᠭᠦ ᠭᠡᠭᠦ ᠮᠡᠲᠦ᠃ ᠲᠦᠷᠪᠡ ᠳᠤ᠂ ᠠᠯᠳᠠᠷ ᠴᠤᠤ ᠲᠠᠢ ᠭᠦᠮᠦᠰ ᠤᠨ ᠨᠡᠷ᠎ᠡ ᠶᠢ ᠦᠭᠭᠦ ᠶᠣᠰᠤ᠃ ᠵᠢᠱᠢᠶ᠎ᠡ᠄ ᠰᠦᠭᠡᠪᠡᠭᠠᠲᠤᠷ᠂ ᠬᠠᠰᠪᠠᠭᠠᠲᠤᠷ᠂ ᠭᠠᠨᠳᠢ ᠭᠡᠭᠦ ᠮᠡᠲᠦ᠃ ᠲᠠᠪᠤ ᠳᠤ᠂ ᠭᠡᠤᠭᠡᠳ ᠤᠨ ᠢᠶᠠᠨ ᠤᠤᠭᠠᠨ ᠪᠤᠶᠤ ᠣᠳᠬᠠᠯᠠᠬᠤ ᠶᠢ ᠭᠦᠰᠡᠭᠰᠡᠨ ᠤᠳᠬ᠎ᠠ ᠪᠠᠷ ᠨᠡᠷ᠎ᠡ ᠦᠭᠭᠦ᠃ ᠵᠢᠱᠢᠶ᠎ᠡ᠄ ᠣᠤᠬᠠᠨᠪᠠᠭᠠᠲᠤᠷ᠂ ᠣᠳᠬᠤᠠᠴᠡᠴᠡᠭ᠂ ᠣᠲᠣᠬᠠᠢ᠂ ᠭᠡᠨᠵᠡ ᠭᠡᠭᠦ ᠮᠡᠲᠦ᠃ ᠵᠢᠷᠭᠤᠭ᠎ᠠ ᠳᠤ᠂ ᠭᠡᠤᠭᠡᠳ ᠤᠨ ᠢᠶᠠᠨ ᠵᠢᠰᠦ ᠴᠢᠷᠡᠢ᠂ ᠳᠦᠷᠭᠦ ᠪᠠᠶᠢᠳᠠᠯ ᠢᠶᠠᠷ ᠨᠢ ᠨᠡᠷ᠎ᠡ ᠦᠭᠭᠦ ᠶᠣᠰᠤ᠃ ᠵᠢᠱᠢᠶ᠎ᠡ᠄ ᠪᠣᠷᠣᠭᠦᠦ᠂ ᠰᠢᠷᠡᠭᠦᠦ᠂ ᠲᠠᠩᠬᠠᠷ ᠭᠡᠭᠦ ᠮᠡᠲᠦ᠃ ᠲᠤᠯᠤᠭ᠎ᠠ ᠳᠤ᠂ ᠳᠣᠮ ᠰᠢᠪᠰᠢᠯᠡᠭᠡ ᠶᠢᠨ ᠪᠠᠶᠢᠳᠠᠯ ᠢᠶᠠᠷ ᠨᠡᠷ᠎ᠡ ᠦᠭᠭᠦ ᠶᠣᠰᠤ᠃ ᠵᠢᠱᠢᠶ᠎ᠡ᠄ ᠠᠳᠠᠯᠢᠪᠢᠰᠢ᠂ ᠪᠠᠰᠠᠪᠢᠰᠢ᠂ ᠭᠦᠮᠦᠪᠢᠰᠢ᠃ ᠨᠠᠢᠮᠠ ᠂ ᠰᠠᠰᠺᠷᠢᠲ᠂ ᠲᠦᠪᠡᠳ ᠵᠡᠷᠭᠡ ᠤᠯᠠᠮᠵᠢᠯᠠᠯᠲᠤ ᠨᠡᠷ᠎ᠡ ᠦᠭᠳᠡᠭ᠃ ᠵᠢᠱᠢᠶ᠎ᠡ᠄ ᠷᠠᠭᠴᠠ᠂ ᠪᠠᠳᠮ᠎ᠠ᠂ ᠳᠣᠷᠵᠢ᠂ ᠭᠤᠩᠭᠤᠷ ᠭᠡᠭᠦ ᠮᠡᠲᠦ᠃ ᠮᠦᠨ ᠡᠭᠦᠨ ᠤ ᠵᠡᠷᠭᠡᠴᠡᠭᠡ ᠪᠠᠷ ᠮᠣᠩᠭᠤᠯᠴᠤᠳ ᠦᠷ᠎ᠡ ᠭᠡᠤᠭᠡᠳ ᠲᠡᠭᠡᠨ ᠨᠡᠷ᠎ᠡ ᠦᠭᠭᠦ ᠳᠡᠭᠡᠨ ᠠᠬᠠᠮᠠᠳ ᠭᠦᠮᠦᠨ ᠢᠶᠠᠷ ᠨᠡᠷ᠎ᠡ ᠬᠠᠶᠢᠷᠠᠯᠠᠭᠤᠯᠵᠤ ᠲᠦᠷᠦᠭᠰᠡᠨ ᠡᠴᠢᠭᠡ ᠠᠴᠠ ᠨᠢ ᠭᠦᠦ ᠶᠢᠨ ᠢᠶᠠᠨ ᠪᠠᠷᠠᠭᠤᠨ ᠴᠢᠭᠢᠨ ᠳᠤᠨᠢ᠂ ᠦᠭᠢᠨ ᠤ ᠪᠠᠨ ᠵᠡᠭᠦᠨ ᠴᠢᠭᠢᠨ ᠳᠤᠨᠢ ᠰᠢᠪᠡᠭᠡᠨᠡᠨ ᠨᠡᠷ᠎ᠡ ᠦᠭᠳᠡᠭ ᠵᠠᠩ ᠦᠢᠯᠡ ᠴᠤ ᠪᠠᠶᠢᠳᠠᠭ᠃ ᠲᠦᠮᠡᠨ ᠠᠴᠠ ᠢᠯᠭᠠᠷᠠᠬᠤ ᠪᠠᠷ ᠦᠭᠭᠦᠭᠰᠡᠨ ᠨᠡᠷ᠎ᠡ ᠨᠢ ᠲᠦᠷᠦᠭᠰᠡᠨ ᠵᠢᠯ᠂ ᠰᠠᠷ᠎ᠠ᠂ ᠡᠳᠦᠷ᠂ ᠴᠠᠭ ᠤᠨ ᠠᠯᠢ ᠨᠢᠭᠡ ᠶᠢ ᠨᠢ ᠰᠤᠩᠭᠤᠵᠤ ᠤᠳᠤ ᠭᠠᠷᠠᠭ ᠲᠠᠢ ᠤᠶᠠᠯᠳᠤᠭᠤᠯᠤᠨ ᠨᠡᠷ᠎ᠠ ᠦᠭᠳᠡᠭ ᠴᠤ ᠪᠤᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号