ᠬᠠᠪᠤᠷ ᠤᠨ ᠤᠯᠠᠷᠢᠯ ᠳᠤ ᠡᠯᠢᠭᠡ ᠪᠠᠨ ᠬᠡᠷᠭᠢᠨ ᠬᠠᠮᠠᠭᠠᠯᠠᠬᠤ ᠪᠤᠢ︖
ᠨᠡᠶᠢᠲᠡᠯᠡᠭᠰᠡᠨ ᠴᠠᠭ᠄
2019-05-28
     ᠬᠠᠪᠤᠷ ᠤᠨ ᠤᠯᠠᠷᠢᠯ ᠳᠤ ᠲᠦᠮᠡᠨ ᠪᠤᠳᠠᠰ ᠠᠮᠢᠯᠠᠳᠠᠭ ᠤᠯᠠᠷᠢᠯ ᠪᠤᠯᠤᠨ᠎ᠠ᠃ ᠡᠮᠨᠡᠯᠭᠡ ᠳᠤ ︽ᠡᠪᠡᠰᠦ ᠤᠷᠭᠤᠮᠠᠯ ᠬᠠᠪᠤᠷ ᠤᠨ ᠤᠯᠠᠷᠢᠯ ᠳᠤ ᠤᠷᠭᠤᠳᠠᠭ ᠲᠠᠢ ᠠᠳᠠᠯᠢ ᠪᠠᠷ ᠡᠯᠢᠭᠡ ᠴᠦ ᠬᠠᠪᠤᠷ ᠤᠨ ᠤᠯᠠᠷᠢᠯ ᠪᠤᠯᠪᠠᠯ ᠴᠢᠳᠠᠪᠤᠷᠢ ᠨᠢ ᠲᠤᠩ ᠬᠦᠭᠵᠢᠩᠭᠦᠢ ᠪᠤᠯᠳᠠᠭ᠃ ᠡᠶᠢᠮᠦ ᠠᠴᠠ ᠬᠠᠪᠤᠷ ᠤᠨ ᠡᠭᠢᠨ ᠳᠤ ᠡᠯᠢᠭᠡ ᠪᠠᠨ ᠬᠠᠮᠠᠭᠠᠯᠠᠬᠤ ᠨᠢ ᠲᠤᠩ ᠴᠢᠬᠤᠯᠠ︾ ᠬᠡᠳᠡᠭ᠃      1᠂ ᠤᠰᠤ ᠠᠷᠪᠢᠨ ᠤᠤᠭᠤᠬᠤ ᠬᠤᠤᠷᠠᠳᠦ ᠪᠤᠳᠠᠰ ᠡᠯᠢᠭᠡ ᠶᠢ ᠭᠡᠮᠳᠦᠭᠡᠬᠦ ᠶᠢ ᠪᠠᠭᠠᠰᠬᠠᠨ᠎ᠠ᠃  ᠬᠠᠪᠤᠷ ᠤᠨ ᠡᠬᠢᠨ ᠤ ᠠᠭᠤᠷ ᠠᠮᠢᠰᠬᠤᠯ ᠬᠦᠢᠳᠡᠨ᠂ ᠭᠠᠩ ᠬᠠᠭᠤᠷᠠᠢ᠂ ᠤᠰᠤ ᠲᠤᠳᠠᠭᠳᠠᠳᠠᠭ ᠪᠤᠯᠬᠤᠷ ᠢᠯᠡᠬᠦᠦ ᠤᠰᠤ ᠤᠤᠭᠤᠬᠤ ᠨᠢ ᠪᠠᠶ᠎ᠠ ᠶᠢᠨ ᠰᠢᠩᠭᠡᠨ ᠢ ᠨᠦᠬᠦᠪᠤᠷᠢᠯᠡᠨ᠂ ᠴᠢᠰᠤᠨ ᠤ ᠡᠷᠭᠢᠯᠳᠡ ᠶᠢ ᠰᠠᠶᠢᠵᠢᠷᠠᠭᠤᠯᠵᠦ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠳᠠᠭ᠃      2᠂ ᠢᠳᠡᠭᠡᠨ ᠢᠶᠠᠨ ᠲᠤᠬᠢᠷᠠᠭᠤᠯᠵᠦ ᠡᠯᠢᠭᠡᠨ ᠤ ᠴᠢᠳᠠᠪᠤᠷᠢ ᠶᠢᠨ ᠬᠡᠪ ᠤᠨ ᠪᠠᠶᠢᠳᠠᠯ ᠢ ᠪᠠᠳᠤᠯᠠᠨ᠎ᠠ᠃ ᠬᠡᠳᠦᠷᠡᠳᠡᠯ᠎ᠡ ᠢᠳᠡᠬᠦ ᠪᠤᠶᠤ ᠬᠡᠳᠦ ᠦᠯᠦᠰᠬᠦ ᠶᠢ ᠰᠡᠷᠭᠡᠶᠢᠯᠡᠨ᠎ᠡ᠃ ᠬᠡᠳᠦᠷᠡᠳᠡᠯ᠎ᠡ ᠢᠳᠡᠬᠦ ᠪᠡ ᠬᠡᠳᠦ ᠦᠯᠦᠰᠬᠦ ᠨᠢ ᠰᠢᠩᠭᠡᠭᠡᠯᠳᠡ ᠶᠢᠨ ᠰᠢᠩᠭᠡᠨ ᠤ ᠱᠦᠬᠦᠷᠡᠯᠳᠡ ᠶᠢ ᠬᠡᠪ ᠤᠨ ᠪᠤᠰᠤ ᠪᠤᠯᠭᠠᠵᠦ᠂ ᠡᠯᠢᠭᠡᠨ ᠤ ᠴᠢᠳᠠᠪᠤᠷᠢ ᠶᠢᠨ ᠲᠡᠩᠴᠡᠭᠦᠷᠢ ᠶᠢ ᠠᠯᠳᠠᠭᠤᠯᠳᠠᠭ᠃ ᠡᠶᠢᠮᠦ ᠠᠴᠠ ᠬᠠᠪᠤᠷ ᠤᠨ ᠤᠯᠠᠷᠢᠯ ᠳᠤ ᠢᠳᠡᠭᠡᠨ ᠢᠶᠠᠨ ᠵᠤᠬᠢᠰᠳᠠᠢ ᠲᠡᠩᠴᠡᠭᠦᠯᠬᠦ  ᠨᠢ ᠢᠳᠡᠭᠡᠨ ᠤ ᠲᠤᠳᠤᠷᠠᠬᠢ ᠤᠭᠤᠷᠠᠭ᠂ ᠨᠡᠭᠦᠷᠡᠰᠦ ᠤᠰᠤᠨ ᠤ ᠨᠢᠭᠡᠳᠪᠤᠷᠢ᠂ ᠦᠬᠡᠭᠦ᠂ ᠸᠢᠲᠮᠢᠨ᠂ ᠡᠷᠦᠳᠡᠰᠦ ᠪᠤᠳᠠᠰ ᠵᠡᠷᠭᠡ ᠶᠢᠨ ᠬᠠᠷᠢᠴᠠᠯ ᠢ ᠪᠠᠳᠦᠯᠠᠳᠠᠭ᠃ ᠭᠤᠱᠢᠭᠤᠨ ᠢᠳᠡᠭᠡᠨ ᠪᠠᠭ᠎ᠠ ᠢᠳᠡᠵᠦ᠂ ᠰᠢᠨ᠎ᠡ ᠰᠤᠷᠭᠤᠭ ᠨᠤᠭᠤᠭ᠎ᠠ ᠵᠢᠮᠢᠰ ᠢᠯᠡᠭᠦᠭᠡᠨ ᠢᠳᠡᠭᠡᠷᠡᠢ᠃      3᠂ ᠠᠷᠢᠬᠢ ᠪᠠᠭ᠎ᠠ ᠤᠤᠭᠤᠵᠦ ᠡᠯᠢᠭᠡᠨ ᠤ ᠠᠷᠭ᠎ᠠ ᠭᠡᠢ ᠶᠢ ᠰᠠᠶᠢᠵᠢᠷᠠᠭᠤᠯᠤᠨ᠎ᠠ᠃ ᠬᠠᠪᠤᠷ ᠤᠨ ᠡᠬᠢᠨ ᠳᠤ ᠠᠷᠢᠬᠢ ᠪᠠᠭ᠎ᠠ ᠤᠤᠭᠤᠬᠤ ᠨᠢ ᠴᠢᠰᠤᠨ ᠤ ᠡᠷᠬᠢᠯᠳᠡ ᠶᠢ ᠰᠠᠶᠢᠵᠢᠷᠠᠭᠤᠯᠵᠦ᠂ ᠡᠯᠢᠭᠡ ᠶᠢᠨ ᠠᠷᠭ᠎ᠠ ᠬᠡᠢ ᠶᠢ ᠰᠠᠶᠢᠵᠢᠷᠠᠭᠤᠯᠬᠤ ᠳᠤ ᠠᠰᠢᠭᠳᠠᠢ᠃ ᠬᠡᠳᠡᠯ᠎ᠡ ᠠᠷᠢᠬᠢ ᠶᠢ ᠬᠡᠳᠦᠷᠡᠳᠡᠯ᠎ᠡ ᠤᠤᠭᠤᠵᠦ ᠪᠤᠯᠬᠤ ᠦᠬᠡᠢ᠂ ᠡᠯᠢᠭᠡ ᠶᠢᠨ ᠰᠡᠫᠢᠷᠲ ᠢ ᠬᠤᠪᠢᠷᠠᠭᠤᠯᠬᠤ ᠴᠢᠳᠠᠪᠤᠷᠢ ᠨᠢ ᠬᠢᠵᠠᠭᠠᠷᠳᠠᠢ ᠪᠤᠯᠬᠤᠷ ᠠᠷᠢᠬᠢ ᠶᠡᠭᠡ ᠤᠤᠭᠤᠪᠠᠯ ᠡᠯᠢᠭᠡ ᠶᠢ ᠭᠡᠮᠳᠦᠭᠡᠬᠦ ᠠᠶᠤᠯᠳᠠᠢ᠃     4᠂ ᠪᠠᠶᠠᠰᠤᠩᠭᠤᠢ ᠪᠠᠶᠢᠵᠦ ᠡᠯᠢᠭᠡᠨ ᠤ ᠬᠡᠢ ᠶᠢ ᠠᠮᠤᠷᠵᠢᠭᠤᠯᠤᠨ᠂ ᠰᠡᠳᠬᠢᠯ ᠰᠠᠨᠠᠭ᠎ᠠ ᠶᠢ ᠰᠠᠶᠢᠵᠢᠷᠠᠭᠤᠯᠤᠨ᠎ᠠ ᠃ ᠪᠠᠶᠠᠰᠤᠩᠭᠤᠢ ᠪᠠᠶᠢᠬᠤ ᠨᠢ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠲᠤᠰᠠᠳᠠᠢ᠃ ᠦᠷᠭᠦᠯᠵᠢ ᠠᠭᠤᠷᠯᠠᠵᠦ ᠤᠴᠠᠭᠠᠷᠯᠠᠪᠠᠯ ᠡᠯᠢᠬᠡᠨ ᠤ ᠴᠢᠰᠤ ᠲᠠᠮᠢᠷ ᠪᠦᠭᠯᠡᠷᠡᠵᠦ᠂ ᠠᠮᠠᠷᠬᠠᠨ ᠡᠪᠡᠳᠴᠢᠨ ᠤᠯᠳᠠᠭ᠃ ᠬᠡᠷᠪᠡ ᠡᠯᠢᠬᠡ ᠪᠠᠨ ᠴᠢᠬᠢᠷᠠᠭᠵᠢᠭᠤᠯᠤᠶ᠎ᠠ ᠬᠡᠪᠡᠯ ᠠᠭᠤᠷ ᠢᠶᠠᠨ ᠲᠠᠷᠤᠬᠤ ᠭᠡᠷᠡᠭᠳᠡᠢ᠃ ᠠᠭᠤᠷᠯᠠᠪᠠᠴᠦ ᠭᠤᠷᠪᠠᠨ ᠮᠢᠨᠦᠲ ᠠᠴᠠ ᠢᠯᠡᠬᠦᠦ ᠠᠭᠤᠷᠯᠡᠵᠦ ᠪᠤᠯᠬᠤ ᠦᠬᠡᠢ᠂ ᠰᠡᠳᠭᠢᠯ ᠰᠠᠨᠠᠭ᠎ᠠ ᠲᠠᠶᠢᠪᠤᠩ ᠲᠤᠭᠳᠠᠭᠤᠨ ᠪᠠᠶᠠᠰᠤᠩᠭᠤᠢ ᠪᠠᠶᠢᠬᠤ ᠶᠢ ᠪᠠᠳᠤᠯᠠᠬᠤ ᠬᠡᠷᠡᠭᠳᠡᠢ᠃  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号