ᠰᠥᠨᠢ ᠶᠢᠨ ᠴᠠᠭᠠᠨ ᠭᠡᠷᠡᠯ ︵ᠶᠡᠷᠦ ᠳᠡᠭᠡᠨ ᠡᠪᠡᠳᠴᠢᠲᠡᠨ ᠤ ᠦᠷᠦᠭᠡ ᠶᠢ ᠭᠡᠷᠡᠯᠲᠦᠭᠦᠯᠬᠦ ᠳᠤ ᠬᠡᠷᠡᠭᠯᠡᠳᠡᠭ | ᠭᠡᠷᠡᠯ︶ ᠨᠢ ᠦᠷᠪᠢᠰᠦᠯ᠂ ᠲᠠᠷᠢᠬᠢᠨ ᠤ ᠡᠰ ᠤᠨ ᠦᠬᠦᠯ ᠪᠠ ᠵᠢᠷᠦᠬᠡᠨ ᠡᠪᠡᠳᠴᠢᠲᠡᠨ ᠤ ᠥᠨᠳᠥᠷ ᠦᠬᠦᠬᠦ | ᠨᠣᠷᠮ᠎ᠠ ᠲᠠᠢ ᠬᠤᠯᠪᠣᠭ᠎ᠠ ᠲᠠᠢ ᠭᠡᠲᠡᠭ ᠢ ᠠᠮᠧᠷᠢᠺᠠ ᠶᠢᠨ ᠲᠧᠺᠰᠠᠰ ᠶᠡᠭᠡ ᠰᠤᠷᠭᠠᠭᠤᠯᠢ ᠶᠢᠨ ᠤᠰᠲ᠋ᠢᠨ ᠬᠤᠪᠢᠶᠠᠷᠢ | ᠰᠤᠷᠭᠠᠭᠤᠯᠢ ᠪᠠ ᠪᠠᠷᠠᠭᠤᠨ ᠸᠢᠷᠬᠢᠨᠢᠶ᠎ᠠ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠳᠡᠭᠡᠳᠦ ᠰᠤᠷᠭᠠᠭᠤᠯᠢ | ᠵᠡᠷᠭᠡ ᠪᠠᠶᠢᠭᠤᠯᠤᠮᠵᠢ ᠶᠢᠨ ᠮᠡᠳᠡᠷᠡᠯ ᠤᠨ ᠰᠢᠨᠵᠢᠯᠡᠬᠦ ᠤᠬᠠᠭᠠᠨᠲᠠᠳ ᠤᠯᠵᠤ ᠮᠡᠲᠡᠪᠡ᠃ | ᠰᠤᠳᠤᠯᠭᠠᠨ ᠤ ᠪᠦᠯᠬᠦᠮ ᠤᠨ ᠬᠢᠨ ᠡᠩ ᠲᠡᠷᠢᠭᠦᠨ ᠳᠤ ᠠᠮᠢᠲᠠᠨ ᠤ ᠵᠠᠭᠪᠤᠷ ᠢᠶᠠᠷ ᠵᠢᠷᠦᠬᠡᠨ ᠴᠣᠬᠢᠯᠲᠠ ᠶᠢ | ᠵᠣᠭᠰᠣᠭᠠᠬᠤ ᠶᠢ ᠳᠠᠬᠢᠨ ᠵᠣᠬᠢᠶᠠᠨ ᠪᠠᠶᠢᠭᠤᠯᠵᠤ᠂ ᠭᠤᠷᠪᠠᠨ ᠳᠤᠭᠤᠶᠢᠯᠠᠩ ᠤᠨ ᠲᠤᠷᠰᠢᠯᠲᠠ ᠳᠤ ᠣᠷᠣᠯᠴᠠᠬᠤ | ᠡᠲᠡᠭᠡᠳ ᠢ ᠲᠤᠰ ᠲᠤᠰ ᠬᠠᠷᠠᠩᠭᠤᠶ ᠤᠯᠠᠭᠠᠨ ᠭᠡᠷᠡᠯ᠂ ᠪᠦᠳᠡᠭᠢ ᠬᠠᠷᠠᠩᠭᠤᠶ ᠴᠠᠭᠠᠨ ᠭᠡᠷᠡᠯ ᠪᠠ ᠬᠠᠷᠠᠩᠭᠤᠶ ᠳᠤᠮᠳᠠ | ᠰᠥᠨᠢ ᠥᠩᠭᠡᠷᠡᠭᠦᠯᠪᠡ᠃ 7 ᠰᠦᠨᠢ ᠶᠢᠨ ᠳᠠᠷᠠᠭ᠎ᠠ᠂ ᠰᠤᠳᠤᠯᠭᠠᠨ ᠤ ᠠᠵᠢᠯᠲᠠᠨ ᠲᠡᠲᠡᠨᠤᠰ ᠤᠨ ᠡᠷᠡᠭᠦᠯ | ᠮᠡᠨᠳᠦ ᠶᠢᠨ ᠪᠠᠶᠢᠳᠠᠯ ᠢ ᠦᠨᠡᠯᠡᠨ ᠵᠢᠱᠢᠭᠰᠡᠨ ᠦᠷ᠎ᠡ ᠳ᠋ᠦᠩ ᠠᠴᠠ ᠦᠵᠡᠪᠡᠯ᠂ ᠰᠥᠨᠢ ᠴᠠᠭᠠᠨ ᠭᠡᠷᠡᠯ ᠤᠨ ᠳᠣᠤᠷ᠎ᠠ | ᠪᠠᠶᠢᠪᠠᠯ ᠣᠯᠠᠨ ᠵᠦᠢᠯ ᠤᠨ ᠮᠠᠭᠤ ᠦᠷ᠎ᠡ ᠳ᠋ᠦᠩ ᠭᠠᠷᠳᠠᠭ᠄ ᠰᠥᠨᠢ ᠴᠠᠭᠠᠨ ᠭᠡᠷᠡᠯ ᠲᠠᠢ ᠬᠦᠷᠦᠯᠴᠡᠬᠦ ᠨᠢᠭᠡ ᠪᠦᠯᠦᠭ | ᠲᠤᠷᠰᠢᠯᠲᠠ ᠳᠤ ᠣᠷᠣᠯᠴᠠᠭᠰᠠᠨ ᠡᠲᠡᠭᠡᠳ ᠤᠨ ᠦᠬᠦᠯᠲᠡ ᠶᠢᠨ ᠨᠣᠷᠮ᠎ᠠ ᠳᠡᠭᠡᠭᠰᠢᠯᠡᠵᠦ᠂ ᠤᠯᠠᠭᠠᠨ ᠭᠡᠷᠡᠯ ᠲᠠᠢ | ᠬᠦᠷᠦᠯᠴᠡᠬᠦ ᠳᠤᠭᠤᠶᠢᠯᠠᠩ ᠨᠢ ᠬᠠᠷᠠᠩᠭᠤᠶ ᠳᠤ ᠦᠩᠭᠡᠷᠡᠭᠰᠡᠨ ᠳᠤᠭᠤᠶᠢᠯᠠᠩ ᠤᠨ ᠦᠬᠦᠯᠲᠡ ᠶᠢᠨ ᠨᠣᠷᠮ᠎ᠠ ᠲᠠᠢ | ᠵᠥᠷᠢᠶ᠎ᠡ ᠥᠬᠡᠶ ᠪᠠᠶᠢᠳᠠᠭ᠃ ᠰᠤᠳᠤᠯᠭᠠᠨ ᠤ ᠠᠵᠢᠯᠲᠠᠨ ᠤ ᠦᠵᠡᠬᠦ ᠪᠠᠷ᠂ ᠰᠥᠨᠢ ᠴᠠᠭᠠᠨ ᠭᠡᠷᠡᠯ ᠳᠣᠣᠷ᠎ᠠ ᠪᠠᠶᠢᠪᠠᠯ | ᠮᠣᠷᠢᠨ ᠵᠢᠭᠠᠰᠤᠨ ᠤ ᠪᠡᠶ᠎ᠡ ︵ᠶᠡᠭᠡ ᠲᠠᠷᠢᠬᠢᠨ ᠳᠠᠬᠢ ᠴᠡᠭᠡᠵᠢᠯᠡᠯ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠬᠦ ᠬᠡᠰᠡᠭ | ︶ ᠶᠢ ᠨᠥᠯᠥᠭᠡᠯᠡᠵᠦ᠂ ᠨᠠᠩ ᠬᠤᠷᠴᠠ ᠰᠢᠷᠦᠭᠦᠨ ᠦᠷᠪᠢᠰᠦᠯ ᠤᠨ ᠤᠷᠪᠠᠯ ᠡᠭᠦᠰᠭᠡᠨ᠎ᠡ᠃ ︽ᠲᠤᠷᠰᠢᠯᠲᠠ ᠶᠢᠨ | ᠮᠡᠳᠡᠷᠡᠯ ᠤᠨ ᠡᠪᠡᠳᠴᠢᠨ ᠤ ᠰᠤᠳᠤᠯᠤᠯ︾ ᠳᠡᠭᠡᠷ᠎ᠡ ᠨᠡᠶᠢᠲᠡᠯᠡᠭᠰᠡᠨ ᠡᠨᠡ ᠬᠦ ᠰᠤᠳᠤᠯᠭᠠᠨ ᠤ ᠦᠷ᠎ᠡ ᠳ᠋ᠦᠩ ᠠᠴᠠ | ᠦᠵᠡᠪᠡᠯ᠂ ᠰᠥᠨᠢ ᠶᠢᠨ ᠭᠡᠷᠡᠯ ᠤᠨ ᠱᠤᠭᠤᠮ ᠤᠨ ᠥᠩᠭᠡ ᠶᠢ ᠬᠤᠪᠢᠷᠠᠭᠤᠯᠪᠠᠯ᠂ ᠴᠠᠭᠠᠨ ᠥᠩᠭᠡ ᠲᠠᠢ | ᠪᠠᠶᠢᠭᠰᠠᠨ ᠠᠴᠠ ᠤᠯᠠᠭᠠᠨ ᠥᠩᠭᠡ ᠲᠠᠢ ᠪᠣᠯᠭᠠᠬᠤ ᠪᠤᠶᠤ ᠳ᠋ᠧᠩ ᠤᠨ ᠭᠡᠷᠡᠯ ᠢ ᠬᠠᠭᠠᠬᠤ ᠨᠢ ᠵᠢᠷᠦᠬᠡᠨ ᠡᠪᠡᠳᠴᠢᠨ ᠤ | ᠡᠳᠡᠭᠡᠷᠡᠯᠲᠡ ᠳᠤ ᠠᠰᠢᠭᠲᠠᠶ᠃ ᠣᠳᠣᠬᠠᠨ ᠤ ᠰᠤᠳᠤᠯᠭᠠᠨ ᠤ ᠦᠷ᠎ᠡ ᠳ᠋ᠦᠩ ᠨᠢ ᠠᠮᠢᠲᠠᠨ ᠠᠴᠠ ᠢᠷᠡᠯᠲᠡ ᠲᠠᠢ | ᠤᠴᠢᠷ ᠠᠴᠠ ᠢᠷᠡᠭᠡᠳᠦᠶ ᠶᠢᠨ ᠰᠤᠳᠤᠯᠭᠠᠨ ᠨᠢ ᠡᠨᠡ ᠬᠦ ᠳ᠋ᠦᠩᠨᠡᠯᠲᠡ ᠨᠢ ᠡᠮᠴᠢᠯᠡᠭᠡᠨ ᠤ ᠬᠥᠮᠦᠰ ᠲᠤ ᠠᠳᠠᠯᠢᠬᠠᠨ | ᠲᠣᠬᠢᠷᠠᠬᠤ ᠶᠢ ᠭᠡᠷᠡᠴᠢᠯᠡᠵᠦ ᠴᠢᠳᠠᠪᠠᠯ᠂ ᠡᠮᠨᠡᠯᠭᠡ ᠳᠤ ᠰᠠᠭᠤᠭ᠎ᠠ ᠵᠢᠷᠦᠬᠡᠨ ᠯᠤᠭᠰᠢᠯᠲᠠ ᠨᠢ ᠵᠣᠭᠰᠣᠭᠰᠠᠨ | ᠡᠪᠡᠳᠴᠢᠲᠡᠨ ᠤ ᠡᠷᠡᠭᠦᠯᠵᠢᠬᠦ ᠳᠤ ᠠᠰᠢᠭᠲᠠᠶ ᠪᠤᠯᠤᠨ᠎ᠠ᠃ | | |