2016 ᠤᠨ ᠤ ᠨᠠᠮᠤᠷ ᠦᠤᠰᠢᠨ ᠬᠤᠰᠢᠭᠤᠨ ᠤ ᠲᠤᠭ ᠪᠠᠯᠭᠠᠰᠤᠨ ᠳᠤ ᠪᠠᠭ᠎ᠠ ᠰᠤᠷᠭᠠᠭᠤᠯᠢ | ᠰᠡᠷᠬᠦᠬᠡᠵᠦ ᠪᠠᠶᠢᠭᠤᠯᠤᠯ᠎ᠠ ᠬᠡᠵᠦ ᠵᠠᠭᠤᠴᠢᠯᠠᠭᠤᠷ ᠤᠨ ᠬᠢᠨ ᠮᠡᠳᠡᠭᠡᠯᠡᠵᠦ ᠪᠠᠶᠢᠭᠰᠠᠨ ᠪᠢᠯᠠ᠃ 11ᠰᠠᠷ᠎ᠠ ᠶᠢᠨ 27 ᠤ | ᠥᠳᠡ ᠶᠢᠨ ᠡᠮᠥᠨ᠎ᠠ ᠮᠠᠨ ᠤ ᠰᠤᠷᠪᠤᠯᠵᠢᠯᠠᠬᠤ ᠲᠤᠭᠤᠢᠢᠯᠠᠩ ᠤᠨ ᠬᠢᠨ ᠲᠤᠬ ᠪᠠᠯᠭᠠᠰᠤᠨ ᠤ ᠡᠮᠥᠨ᠎ᠠ ᠵᠠᠬ᠎ᠠ ᠳᠤ | ᠪᠠᠶᠢᠷᠢᠯᠠᠭ᠎ᠠ ᠬᠡᠤᠬᠡᠳ ᠤᠨ ᠴᠡᠴᠡᠷᠯᠢᠭ ᠲᠤ ᠬᠥᠷᠬᠦ ᠳᠤ᠂ ᠬᠥᠷᠢᠶ᠎ᠠ ᠲᠠᠭᠠᠭᠤᠯᠤᠨ ᠬᠠᠳᠠᠭᠤᠷᠠᠭᠤᠯᠤᠭᠰᠠᠨ ᠵᠠᠮ ᠢᠶᠠᠷ | ᠴᠡᠭᠡᠵᠢ ᠲᠠᠪᠠᠮ᠎ᠠ ᠥᠨᠳᠤᠷ ᠪᠡᠶ᠎ᠠ ᠲᠠᠢ ᠬᠤᠷᠢᠭᠠᠳ ᠬᠡᠤᠬᠡᠳ ᠡᠪᠤᠯ ᠤᠨ ᠬᠥᠢᠳᠠᠨ ᠢ ᠬᠠᠶᠢᠬᠤᠷᠤᠯ ᠥᠬᠡᠢ ᠵᠢᠬᠰᠠᠨ | ᠬᠦᠶᠤᠵᠥ ᠪᠡᠶ᠎ᠠ ᠶᠢᠨ ᠲᠠᠮᠢᠷ ᠤᠨ ᠬᠢᠴᠢᠶᠠᠯ ᠤᠷᠤᠵᠥ ᠪᠠᠶᠢᠯ᠎ᠠ᠃ ︽ᠮᠠᠨ ᠤ ᠠᠩᠬᠠᠨ ᠤ ᠡᠯᠰᠡᠭᠰᠡᠨ ᠡᠳᠡᠭᠡᠷ ᠰᠤᠷᠤᠬᠴᠢ | ᠤᠳᠤ ᠲᠦᠷᠪᠡᠳᠦᠭᠡᠷ ᠤᠨ ᠤ ᠰᠤᠷᠤᠭᠴᠢ ᠪᠤᠯᠵᠤ ᠪᠠᠶᠢᠨ᠎ᠠ︾ ᠬᠡᠵᠦ ᠴᠡᠴᠡᠷᠯᠢᠭ ᠤᠨ ᠵᠠᠬᠢᠷᠤᠯ ᠠᠰᠬᠠᠨ ᠪᠢᠳᠠᠨ ᠳᠤ | ᠶᠠᠷᠢᠪᠡ᠃ | 2009 ᠤᠨ ᠳᠤ ᠲᠤᠭ ᠬᠦ᠋ᠰᠡᠯᠡᠩᠲᠦ ᠪᠠᠭ᠎ᠠ ᠰᠤᠷᠭᠠᠭᠤᠯᠢ ᠶᠢ ᠦᠦᠰᠢᠨ ᠬᠤᠰᠢᠭᠤᠨ ᠤ | ᠲᠤᠷᠰᠢᠯᠳᠠ ᠶᠢᠨ ᠪᠠᠭ᠎ᠠ ᠰᠤᠷᠭᠠᠭᠤᠯᠢ ᠲᠠᠢ ᠴᠤᠮᠬᠠᠳᠬᠠᠨ ᠨᠠᠶᠢᠯᠡᠬᠦᠯᠬᠦ ᠦᠶ᠎ᠠ ᠳᠤ᠂ ᠴᠤᠯ ᠮᠤᠩᠭᠤᠯ ᠪᠠᠭ᠎ᠠ | ᠰᠤᠷᠭᠠᠭᠤᠯᠢ ᠪᠠᠶᠢᠵᠦ ᠵᠢᠷᠠ ᠳᠠᠯᠠᠨ ᠰᠤᠷᠤᠭᠴᠢ ᠲᠠᠢ ᠪᠠᠶᠢᠵᠠᠢ᠃ ᠴᠤᠮᠬᠠᠳᠬᠠᠭᠰᠠᠨ ᠤ ᠲᠠᠷᠠᠭ᠎ᠠ ᠲᠤᠰ | ᠰᠤᠷᠭᠠᠭᠤᠯᠢ ᠶᠢᠨ ᠤᠷᠤᠨ ᠲᠡᠭᠡᠷ᠎ᠠ ᠲᠤᠭ ᠪᠠᠯᠭᠠᠰᠤᠨ ᠤ ᠬᠡᠦᠭᠡᠳ ᠤᠨ ᠴᠡᠴᠡᠷᠯᠢᠭ ᠪᠠᠶᠢᠭᠤᠯᠵᠠᠢ᠃ | 2016 ᠤᠨ ᠤ 9 ᠰᠠᠷ᠎ᠠ ᠳᠤ ᠲᠤᠬ ᠪᠠᠯᠭᠠᠰᠤᠨ ᠤ ᠬᠡᠦᠭᠡᠳ ᠤᠨ ᠴᠡᠴᠡᠷᠯᠢᠭ ᠨᠢᠭᠡᠳᠦᠭᠡᠷ ᠤᠨ ᠤ | ᠬᠢᠳᠡᠳ ᠮᠤᠩᠭᠤᠯ ᠬᠤᠶᠠᠷ ᠠᠩᠭᠢ ᠶᠢᠨ ᠰᠤᠷᠤᠭᠴᠢ ᠡᠯᠰᠡᠬᠦ ᠳᠤ ᠬᠦᠮᠦᠰ ︽ᠪᠠᠭ᠎ᠠ ᠰᠤᠷᠭᠠᠭᠤᠯᠢ ᠶᠢ ᠰᠡᠷᠭᠦᠭᠡᠨ | ᠪᠠᠶᠢᠭᠤᠯᠤᠯ᠎ᠠ︾ ᠬᠡᠵᠦ ᠪᠠᠶᠠᠷᠯᠠᠯᠳᠤᠵᠠᠢ᠃ ᠤᠳᠤ ᠪᠤᠯᠬᠤ ᠳᠤ ᠲᠦᠷᠪᠠᠨ ᠨᠠᠮᠤᠷ ᠰᠤᠷᠤᠭᠴᠢ ᠡᠯᠰᠡᠵᠦ ᠪᠠᠭ᠎ᠠ | ᠰᠤᠷᠭᠠᠭᠤᠯᠢ ᠶᠢᠨ ᠰᠤᠷᠤᠭᠴᠢ ᠶᠢᠨ ᠲᠤᠭ᠎ᠠ192 ᠬᠦᠮᠦᠨ ᠳᠤ ᠬᠦᠷᠴᠤ᠂ ᠬᠢᠳᠡᠳ ᠮᠤᠩᠭᠤᠯ ᠰᠤᠷᠤᠭᠴᠢ ᠲᠤᠰ | ᠲᠤᠰ ᠬᠠᠭᠠᠰ ᠢ ᠨᠢ ᠡᠵᠡᠯᠡᠵᠦ ᠪᠠᠶᠢᠭ᠎ᠠ ᠠᠵᠢ᠃ ᠡᠳᠡᠭᠡᠷ ᠬᠡᠦᠭᠡᠳ ᠲᠤᠰ ᠬᠡᠤᠬᠡᠳ ᠤᠨ ᠴᠡᠴᠡᠷᠯᠢᠭ ᠤᠨ ᠬᠦᠷᠢᠶᠠᠨ | ᠲᠤᠳᠤᠷᠠᠬᠢ ᠤᠤᠯ ᠤᠨ ᠪᠠᠭ᠎ᠠ ᠰᠤᠷᠭᠠᠭᠤᠯᠢ ᠶᠢᠨ ᠬᠡᠳᠦᠨ ᠮᠦᠷ ᠬᠠᠭᠤᠴᠢᠨ ᠲᠤᠭᠤᠰᠬᠠᠨ ᠪᠠᠶᠢᠰᠢᠩ ᠳᠤ ᠬᠢᠴᠢᠶᠠᠯ | ᠤᠷᠤᠭᠰᠠᠭᠠᠷ ᠢᠷᠡᠵᠠᠢ᠃ | ︽2016 ᠤᠨ ᠳᠤ ᠪᠢᠳᠠ ᠬᠢᠳᠡᠳ ᠮᠤᠩᠭᠤᠯ ᠬᠤᠶᠠᠷ ᠠᠩᠭᠢ ᠳᠤ ᠬᠤᠷᠢ ᠬᠤᠷᠢᠨ ᠰᠤᠷᠤᠭᠴᠢ | ᠡᠯᠰᠡᠵᠦ ᠪᠠᠶᠢᠬᠰᠠᠨ ᠪᠤᠯ᠂ ᠡᠨᠡ ᠨᠠᠮᠤᠷ ᠪᠢᠳᠠ ᠮᠤᠩᠭᠤᠯ ᠠᠩᠭᠢ ᠳᠤ 30 ᠰᠤᠷᠤᠭᠴᠢ᠂ ᠬᠢᠳᠡᠳ ᠠᠩᠭᠢ ᠳᠤᠨᠢ 28 | ᠰᠤᠷᠤᠭᠴᠢ ᠡᠯᠰᠡᠯᠠ᠃ ᠰᠤᠷᠤᠭᠴᠢ ᠶᠢᠨ ᠢᠷᠠᠯᠳᠠ ᠲᠤᠭᠳᠠᠭᠤᠨ ᠪᠦᠭᠡᠳ ᠲᠤᠭ᠎ᠠ ᠨᠢ ᠨᠡᠮᠡᠭᠳᠡᠭᠰᠡᠭᠡᠷ ᠪᠠᠶᠢᠨ᠎ᠠ︾ ᠬᠡᠵᠦ | ᠠᠰᠬᠠᠨ ᠵᠠᠬᠢᠷᠤᠯ ᠶᠠᠷᠢᠵᠦ ᠪᠠᠶᠢᠯ᠎ᠠ᠃ ᠰᠤᠷᠤᠭᠴᠢ ᠶᠢᠨ ᠲᠤᠭ᠎ᠠ ᠨᠡᠮᠡᠭᠳᠡᠵᠦ ᠪᠠᠶᠢᠭ᠎ᠠ ᠶᠢᠨ ᠰᠢᠯᠳᠠᠭᠠᠨ ᠨᠢ ᠲᠤᠭ | ᠪᠠᠯᠭᠠᠰᠤᠨ ᠤ ᠭᠦᠭᠵᠢᠬᠦ ᠶᠢ ᠲᠠᠭᠠᠯᠳᠤᠨ᠂ ᠨᠢᠭᠡ ᠲᠠᠯ᠎ᠠ ᠪᠠᠷ ᠭᠠᠳᠠᠭᠰᠢ ᠬᠦᠯᠦᠰᠤᠨ ᠠᠵᠢᠯ ᠬᠢᠬᠦ ᠪᠠᠷ ᠶᠠᠪᠤᠵᠠᠭᠠᠭᠰᠠᠨ | ᠮᠤᠩᠭᠤᠯ ᠬᠦᠮᠦᠰ ᠨᠤᠳᠤᠭ ᠲᠠᠭᠠᠨ ᠪᠤᠴᠠᠨ ᠢᠷᠡᠵᠡᠭᠡᠵᠦ᠂ ᠨᠦᠬᠦᠭᠡ ᠲᠠᠯ᠎ᠠ ᠪᠠᠷ ᠭᠠᠳᠠᠨ᠎ᠠ ᠤᠷᠤᠨ ᠤ ᠬᠦᠮᠦᠰ ᠴᠤ | ᠤᠯᠠᠨ ᠪᠤᠯᠵᠤ ᠪᠠᠶᠢᠭ᠎ᠠ ᠲᠠᠢ ᠬᠤᠯᠪᠤᠭ᠎ᠠ ᠲᠠᠢ ᠬᠡᠵᠦ ᠠᠰᠬᠠᠨ ᠵᠠᠬᠢᠷᠤᠯ ᠦᠵᠡᠵᠦ ᠪᠠᠶᠢᠯ᠎ᠠ᠃ ᠪᠠᠭ᠎ᠠ | ᠰᠤᠷᠭᠠᠭᠤᠯᠢ ᠶᠢᠨ ᠰᠤᠷᠤᠬᠴᠢ ᠪᠠ ᠴᠡᠴᠡᠷᠯᠢᠭ ᠤᠨ ᠬᠡᠦᠭᠡᠳ ᠤᠨ ᠲᠤᠭ᠎ᠠ ᠨᠡᠮᠡᠭᠳᠡᠬᠦ ᠶᠢ ᠲᠠᠭᠠᠯᠳᠤᠨ᠂ 2016 | ᠤᠨ ᠤ ᠲᠦᠴᠢᠭᠡᠳ ᠪᠠᠭᠰᠢ ᠠᠵᠢᠯᠳᠠᠨ ᠠᠴᠠ ᠪᠠᠨ ᠤᠳᠤ ᠵᠢᠩᠬᠢᠨᠢ ᠪᠠᠭᠰᠢ ᠠᠵᠢᠯᠳᠠᠨ 65᠂ ᠲᠦᠷ ᠴᠠᠭ ᠤᠨ | ᠠᠵᠢᠯᠳᠠᠨ ᠲᠠᠢ ᠪᠠᠨ ᠨᠡᠶᠢᠯᠡᠭᠡᠳ 80 ᠭᠠᠷᠤᠢ ᠬᠦᠮᠦᠨ ᠲᠠᠢ ᠪᠤᠯᠤᠨ ᠨᠡᠮᠡᠭᠳᠡᠵᠠᠢ᠃ | ︽ᠪᠠᠭ᠎ᠠ ᠰᠤᠷᠭᠠᠭᠤᠯᠢ︾ ᠰᠡᠷᠭᠦᠭᠰᠡᠨ ᠲᠡᠷᠡ ᠡᠳᠦᠷ ᠠᠴᠠ ᠡᠬᠢᠯᠡᠨ ᠦᠷᠭᠡᠨ ᠤᠯᠠᠨ ᠬᠡᠷ ᠤᠨ ᠠᠬᠠᠮᠠᠳ᠂ | ᠤᠢᠢᠷ᠎ᠠ ᠬᠠᠪᠢ ᠶᠢᠨ ᠮᠠᠯᠴᠢᠳ᠂ ᠨᠠᠶᠢᠭᠡᠮ ᠤᠨ ᠬᠦᠮᠦᠰ ᠮᠠᠰᠢ ᠪᠦᠭᠡᠴᠡᠶᠢᠯᠠᠵᠤ ᠦᠷᠬᠦᠯᠵᠢ ᠨᠤᠮ ᠪᠢᠴᠢᠭ ᠬᠠᠨᠳᠢᠪᠯᠠᠬᠤ | ᠪᠤᠶᠤ ᠵᠤᠭᠤᠰ ᠮᠦᠡᠭᠬᠦ ᠪᠠᠷ ᠲᠡᠳᠭᠦᠳᠡᠭ ᠠᠵᠢ᠃ ᠵᠢᠱᠢᠶᠠᠯᠠᠪᠠᠯ ᠲᠤᠭ ᠪᠠᠯᠭᠠᠰᠤᠨ ᠤ ᠡᠮᠡᠭᠳᠡᠶᠢᠴᠤᠳ ᠤᠨ | ᠲᠦᠯᠦᠭᠡᠯᠡᠭᠴᠢᠳ ︽6 · 1︾ ᠤ ᠬᠡᠦᠭᠡᠳ ᠤᠨ ᠪᠠᠶᠠᠷ ᠲᠤ ᠵᠤᠭᠤᠰ ᠳᠤᠰᠠᠯᠠᠭᠰᠠᠨ᠂ ᠠᠵᠤ ᠠᠬᠤᠢᠢᠯᠠᠯ ᠴᠤ ᠵᠤᠭᠤᠰ | ᠮᠦᠡᠭᠭᠦ ᠪᠠᠷ ᠲᠠᠮᠵᠢᠭᠰᠡᠨ᠂︽ᠮᠠᠶᠢᠷᠠᠨᠰᠦ᠋ᠮ᠎ᠠ︾ ᠨᠠᠶᠢᠭᠡᠮ ᠲᠤᠭᠤᠷᠢᠭ ᠤᠨ ᠤᠤᠯ ᠤᠨ ᠡᠷᠬᠢᠯᠡᠭᠴᠢ ᠪᠤᠶᠠᠨᠳᠤ | ᠠᠩᠭᠢ ᠶᠢᠨ ᠨᠦᠬᠦᠳ ᠪᠠ ᠨᠠᠶᠢᠭᠡᠮ ᠤᠨ ᠬᠦᠮᠦᠰ ᠢ ᠲᠠᠶᠢᠴᠢᠯᠠᠨ ︽ᠠᠯᠳᠠᠨ ᠲᠦᠷᠦᠭᠡ︾ ᠨᠤᠮ ᠤᠨ ᠰᠠᠩ ᠪᠠᠶᠢᠭᠤᠯᠵᠤ | ᠦᠭᠭᠦᠭᠰᠡᠨ ᠬᠡᠬᠦ ᠮᠠᠳᠤ᠃ ᠲᠦᠷᠪᠠᠳᠦᠭᠡᠷ ᠤᠨ ᠤ ᠰᠦᠯᠳᠡᠰᠦ᠋ᠷᠦᠩ ᠤᠨ ᠭᠡᠷ ᠤᠨ ᠠᠬᠠᠮᠠᠳ ᠴᠢᠷᠮᠠᠶᠢᠯᠳᠤ᠄ | ︽ᠰᠤᠷᠭᠠᠭᠤᠯᠢ ᠶᠢ ᠪᠠᠯᠭᠠᠰᠤᠨ ᠳᠤ ᠰᠡᠷᠬᠦᠨ ᠪᠠᠶᠢᠭᠤᠯᠤᠬᠰᠠᠨ ᠠᠴᠠ ᠬᠡᠤᠬᠡᠳ ᠤᠳ ᠬᠡᠷ ᠨᠤᠳᠤᠬ ᠠᠴᠠ ᠪᠠᠨ ᠥᠢᠷ᠎ᠠ | ᠪᠤᠯᠵᠥ᠂ ᠠᠪᠤ ᠡᠵᠢ ᠪᠠᠨ ᠰᠠᠨᠠᠬᠤ ᠨᠢ ᠵᠦᠭᠡᠷ ᠪᠤᠯᠵᠤ᠂ ᠡᠷᠡᠬᠦᠯ ᠰᠠᠷᠠᠭᠤᠯ ᠥᠰᠥᠨ ᠪᠤᠶᠢᠵᠢᠬᠤ ᠳᠤ ᠲᠤᠩ ᠰᠠᠶᠢᠨ | ᠤᠷᠴᠢᠨ ᠢ ᠬᠠᠨᠭ᠍ᠭᠠᠵᠥ᠂ ᠮᠠᠯᠴᠢᠳ ᠤᠨ ᠠᠵᠤ ᠠᠬᠤᠢ ᠶᠢᠨ ᠲᠠᠷᠤᠭᠠᠰᠤ ᠶᠢ ᠴᠤ ᠬᠥᠡᠭᠭᠡᠯᠡᠵᠥ ᠥᠭᠬᠦᠭᠰᠡᠨ ᠪᠠᠶᠢᠨ᠎ᠠ᠃ | ᠨᠠᠷᠢᠨ ᠲᠤᠭᠠᠴᠠᠭ᠎ᠠ ᠶᠢ ᠥᠨᠳᠤᠰᠤᠯᠠᠪᠠᠯ᠂ ᠪᠠᠯᠭᠠᠰᠤᠨ ᠳᠤ ᠰᠤᠷᠭᠠᠭᠤᠯᠢ ᠳᠤ ᠰᠠᠭᠤᠬᠤ ᠨᠢ ᠬᠤᠰᠢᠭᠤᠨ ᠲᠥᠪ | ᠭᠠᠯᠠᠭᠤᠳᠤ ᠪᠠᠯᠭᠠᠰᠤᠨ ᠳᠤ ᠰᠠᠭᠤᠵᠤ ᠰᠤᠷᠤᠯᠴᠠᠬᠤ ᠠᠴᠠ ᠨᠠᠭᠠᠳᠤ ᠵᠠᠬ᠎ᠠ ᠳᠠᠭᠠᠨ 3 ᠲᠥᠮᠡᠨ ᠲᠥᠬᠦᠷᠢᠭ | ᠠᠷᠪᠢᠯᠠᠬᠤ ᠪᠤᠯᠤᠬᠰᠠᠨ ᠶᠤᠮ︾ ᠬᠡᠵᠥ ᠪᠠᠶᠢᠯ᠎ᠠ᠃ | 2020 ᠤᠨ ᠤ ᠨᠠᠮᠤᠷ ᠠᠰᠢᠬᠯᠠᠯᠳᠠ ᠳᠤ ᠤᠷᠤᠬᠤ ᠰᠢᠨ᠎ᠠ ᠪᠠᠷ ᠪᠠᠶᠢᠭᠤᠯᠵᠤ ᠪᠠᠶᠢᠭ᠎ᠠ ᠲᠤᠭ ᠪᠠᠭ᠎ᠠ | ᠰᠤᠷᠭᠠᠭᠤᠯᠢ ᠨᠢ ᠤᠳᠤ ᠬᠦᠮᠦᠰ ᠤᠨ ᠬᠠᠮᠤᠭ ᠤᠨ ᠶᠡᠭᠡ ᠮᠦᠷᠦᠭᠡᠳᠦᠯ᠂ ᠪᠠᠶᠠᠷᠳᠤ ᠤᠴᠢᠷ ᠪᠤᠯᠵᠠᠢ᠃ ᠮᠦᠨ ᠲᠤᠭ | ᠪᠠᠯᠭᠠᠰᠤᠨ ᠠᠴᠠ ᠡᠨᠡ ᠵᠢᠯ 50 ᠲᠦᠮᠠᠨ ᠲᠦᠭᠦᠷᠢᠭ ᠤᠨ ᠪᠠᠯᠠ ᠤᠷᠤᠭᠤᠯᠵᠤ ᠴᠡᠴᠡᠷᠯᠢᠭ ᠤᠨ ᠲᠡᠷᠭᠡᠳᠡ ᠲᠡᠷᠭᠡᠨ | ᠵᠤᠬᠰᠤᠭᠠᠯ ᠪᠠᠶᠢᠭᠤᠯᠤᠭᠰᠠᠨ ᠨᠢ ᠪᠠᠭᠰᠢ ᠠᠵᠢᠯᠳᠠᠨ ᠪᠠ ᠭᠡᠷ ᠤᠨ ᠠᠬᠠᠮᠠᠳ ᠲᠤ ᠶᠡᠭᠡᠭᠡᠨ ᠲᠥᠬᠦᠮ ᠪᠤᠯᠵᠠᠢ᠃ |