ᠠᠷᠠᠳ ᠤᠨ ᠡᠳᠦᠷ ᠤᠨ ᠰᠣᠨᠢᠨ ᠤ ᠴᠧᠩᠳᠦ᠋ ᠶᠢᠨ 12 ᠰᠠᠷ᠎ᠠ ᠶᠢᠨ 4 ᠤ ᠡᠳᠦᠷ ᠤᠨ ᠮᠡᠳᠡᠭᠡ ︵ᠳᠤᠮᠳᠠᠳᠤ | ᠤᠯᠤᠰ ᠤᠨ ᠵᠠᠯᠠᠭᠤᠴᠤᠳ ᠰᠣᠨᠢᠨ·ᠳᠤᠮᠳᠠᠳᠤ ᠤᠯᠤᠰ ᠤᠨ ᠵᠠᠯᠠᠭᠤᠴᠤᠳ ᠰᠦᠯᠵᠢᠶ᠎ᠡ ᠶᠢᠨ ᠳᠠᠳᠤᠯᠭ᠎ᠠ ᠶᠢᠨ | ᠰᠤᠷᠪᠤᠯᠵᠢᠯᠠᠭᠴᠢ ᠬᠠᠨ ᠶᠠᠩ︶ ᠥᠨᠥᠳᠥᠷ ᠪᠣᠯ ᠤᠯᠤᠰ ᠤᠨ ᠦᠨᠳᠦᠰᠦᠨ ᠬᠠᠤᠯᠢ ᠶᠢᠨ ᠡᠳᠦᠷ ᠪᠠ ᠪᠥᠬᠦ ᠤᠯᠤᠰ | ᠤᠨ ᠬᠠᠤᠯᠢ ᠳᠦᠷᠢᠮ ᠤᠨ ᠤᠬᠠᠭᠤᠯᠭ᠎ᠠ ᠶᠢᠨ ᠡᠳᠦᠷ ᠪᠤᠯᠤᠨ᠎ᠠ᠂ ᠠᠷᠪᠠᠨ ᠨᠢᠭᠡᠳᠦᠭᠡᠷ ᠬᠤᠭᠤᠴᠠᠭᠠᠨ ᠤ ᠪᠥᠬᠦ | ᠤᠯᠤᠰ ᠤᠨ ᠤᠶᠤᠲᠠᠳ ᠤᠨ ᠬᠡᠪᠯᠡᠯ ᠤᠨ ᠡᠷᠬᠡ ᠲᠠᠢ ᠡᠭᠡ ᠪᠢᠴᠢᠭ ᠡᠯᠰᠡᠬᠦ ᠠᠵᠢᠯᠯᠠᠭ᠎ᠠ ᠶᠢᠨ ᠱᠠᠩᠨᠠᠯ ᠣᠯᠭᠤᠬᠤ | ᠶᠣᠰᠣᠯᠠᠯ ᠦᠳᠡ ᠶᠢᠨ ᠡᠮᠦᠨ᠎ᠡ ᠴᠧᠩᠳᠦ᠋ ᠳᠤ ᠶᠠᠪᠤᠭᠳᠠᠪᠠ᠃ | ᠲᠣᠰ ᠤᠳᠠᠭᠠᠨ ᠤ ᠡᠭᠡ ᠪᠢᠴᠢᠭ ᠡᠯᠰᠡᠬᠦ ᠠᠵᠢᠯᠯᠠᠭ᠎ᠠ 6 ᠰᠠᠷ᠎ᠠ ᠶᠠᠪᠤᠭᠳᠠᠵᠤ᠂ ᠨᠡᠶᠢᠲᠡ 1492 ᠬᠤᠪᠢ | ᠡᠬᠡ ᠪᠢᠴᠢᠭ ᠬᠤᠷᠢᠶᠠᠨ ᠠᠪᠴᠠᠢ᠂ ᠡᠭᠦᠨ ᠳᠤ ᠵᠢᠩᠭᠢᠨᠢ ᠠᠩᠭᠢ ᠶᠢᠨ ᠤᠶᠤᠳᠠᠳ ᠤᠨ ᠥᠭᠦᠯᠡᠯ 906 ᠬᠤᠪᠢ᠂ | ᠠᠰᠫᠢᠷᠠᠨᠲ ᠤᠨᠥᠭᠦᠯᠡᠯ 586 ᠬᠤᠪᠢ ᠪᠠᠶᠢᠵᠤ᠂ ᠨᠡᠶᠢᠲᠡ 234 ᠶᠡᠭᠡ ᠳᠡᠭᠡᠳᠦ ᠰᠤᠷᠭᠠᠭᠤᠯᠢ ᠡᠨᠡᠬᠦ | ᠠᠵᠢᠯᠯᠠᠭ᠎ᠠ ᠳᠤ ᠣᠷᠣᠯᠴᠠᠭᠰᠠᠨ ᠪᠠᠶᠢᠨ᠎ᠠ᠃ ᠬᠡᠯᠪᠡᠷᠢ ᠶᠢᠨ ᠬᠢᠨᠠᠨ ᠪᠠᠶᠢᠴᠠᠭᠠᠯᠲᠠ᠂ ᠮᠡᠷᠭᠡᠵᠢᠯ ᠤᠨ ᠬᠢᠨᠠᠨ ᠪᠠᠶᠢᠴᠠᠭᠠᠯᠲᠠ᠂ | ᠲᠤᠰᠬᠠᠶ ᠮᠡᠷᠭᠡᠵᠢᠯᠲᠡᠨ ᠤ ᠬᠢᠨᠠᠨ ᠦᠨᠡᠯᠡᠯᠲᠡ ᠪᠠᠷ ᠳᠠᠮᠵᠢᠭᠠᠳ ᠬᠠᠮᠤᠭ ᠡᠴᠦᠰ ᠲᠤ 3 ᠣᠨᠴᠠ ᠲᠡᠰ ᠤᠨ ᠥᠭᠦᠯᠡᠯ | ᠰᠢᠯᠭᠠᠷᠠᠭᠤᠯᠤᠨ ᠭᠠᠷᠭᠠᠵᠤ᠂ ᠵᠢᠩᠭᠢᠨᠢ ᠠᠩᠭᠢ ᠶᠢᠨ ᠤᠶᠤᠳᠠᠳ ᠤᠨ ᠳᠤᠭᠤᠶᠢᠯᠠᠩ ᠪᠠ ᠠᠰᠫᠢᠷᠠᠨᠲ ᠤᠨ | ᠳᠤᠭᠤᠶᠢᠯᠠᠩ ᠠᠴᠠ ᠨᠢᠭᠡᠳᠦᠭᠡᠷ ᠲᠡᠰ ᠤᠨ ᠱᠠᠩᠨᠠᠯ ᠳᠤ ᠲᠤᠰ ᠲᠤᠰ 10 ᠥᠭᠦᠯᠡᠯ᠂ ᠬᠤᠶᠠᠳᠤᠭᠠᠷ ᠲᠡᠰ ᠤᠨ | ᠱᠠᠩᠨᠠᠯ ᠳᠤ ᠲᠤᠰ ᠲᠤᠰ 20 ᠥᠭᠦᠯᠡᠯ᠂ ᠭᠤᠷᠪᠠᠳᠤᠭᠠᠷ ᠲᠡᠰ ᠤᠨ ᠱᠠᠩᠨᠠᠯ ᠳᠤ ᠲᠤᠰ ᠲᠤᠰ 30 ᠥᠭᠦᠯᠡᠯ᠂ | ᠰᠢᠯᠢᠳᠡᠭ ᠱᠠᠩᠨᠠᠯ ᠳᠤ 30 ᠥᠭᠦᠯᠡᠯ ᠰᠢᠯᠭᠠᠷᠠᠭᠤᠯᠤᠨ ᠭᠠᠷᠭᠠᠵᠤ᠂ ᠰᠢᠯᠢᠳᠡᠭ ᠵᠢᠭᠠᠨ ᠵᠢᠯᠣᠭᠤᠳᠬᠤ ᠪᠠᠭᠰᠢ ᠶᠢᠨ | ᠱᠠᠩᠨᠠᠯ 20᠂ ᠰᠢᠯᠢᠳᠡᠭ ᠵᠣᠬᠢᠶᠠᠨ ᠪᠠᠶᠢᠭᠤᠯᠤᠬᠴᠢ ᠶᠢᠨ ᠱᠠᠩᠨᠠᠯ 20 ᠶᠢ ᠰᠢᠯᠭᠠᠷᠠᠭᠤᠯᠤᠨ ᠭᠠᠷᠭᠠᠪᠠ᠃ |