ᠳᠠᠷᠢᠬᠢᠨ ᠳᠤ ᠮᠠᠭᠤ ᠨᠦᠯᠦᠭᠡ ᠲᠠᠢ 10 ᠵᠤᠷᠰᠢᠯ
ᠨᠡᠶᠢᠲᠡᠯᠡᠭᠰᠡᠨ ᠴᠠᠭ᠄
2018-09-20
       1᠂ ᠦᠷᠯᠦᠭᠡ ᠶᠢᠨ ᠴᠠᠢ ᠤᠤᠭᠤᠬᠤ ᠦᠬᠡᠢ ᠪᠠᠶᠢᠬᠤ ᠵᠤᠷᠰᠢᠯ᠃ ᠦᠷᠯᠦᠭᠡ ᠶᠢᠨ ᠴᠠᠢ ᠤᠤᠭᠤᠳᠠᠭ ᠦᠬᠡᠢ ᠬᠦᠮᠦᠰ ᠲᠤ ᠴᠢᠰᠤᠨ ᠤ ᠰᠢᠬᠢᠷ ᠤᠨ ᠬᠡᠮᠵᠢᠶ᠎ᠡ ᠪᠠᠶᠢᠭ᠎ᠠ ᠪᠠᠶᠢᠳᠠᠭ᠃ ᠡᠨᠡ ᠨᠢ ᠳᠠᠷᠢᠬᠢᠨ ᠳᠤ ᠬᠠᠩᠭᠠᠯᠳᠠᠳᠠᠢ ᠡᠨᠧᠷᠭᠢ ᠳᠤᠳᠠᠭᠳᠠᠭᠰᠠᠨ ᠠᠴᠠ ᠳᠠᠷᠢᠬᠢᠨ ᠤ ᠳᠤᠷᠤᠶᠢᠳᠠᠯ ᠳᠤ ᠬᠦᠷᠭᠡᠳᠡᠭ᠃ ᠦᠷᠯᠦᠭᠡᠨ ᠤ ᠴᠠᠢ ᠵᠠᠪᠠᠯ ᠤᠤᠭᠤᠬᠤ  ᠨᠢ ᠬᠦᠮᠦᠨ ᠤ ᠪᠡᠶ᠎ᠡ ᠳᠤ ᠬᠡᠷᠡᠭᠳᠡᠢ ᠡᠯᠧᠮᠧᠨ᠋ᠲ ᠤᠳ ᠢ ᠬᠠᠩᠭᠠᠳᠠᠭ ᠶᠤᠮ᠃ ᠳᠠᠶᠢᠮᠦ ᠠᠴᠠ ᠭᠠᠳᠠᠭᠰᠢ ᠭᠠᠷᠬᠤ ᠠᠴᠠ ᠪᠠᠨ ᠡᠮᠦᠨ᠎ᠡ ᠶᠠᠳᠠᠵᠦ ᠨᠢᠭᠡ ᠠᠶᠠᠭ᠎ᠠ ᠪᠦᠯᠢᠶᠡᠨ ᠴᠠᠢ ᠤᠤᠭᠤᠵᠦ ᠵᠠᠩᠰᠢᠬᠤ ᠨᠢ ᠴᠢᠬᠤᠯᠠ ᠠᠵᠠᠢ᠃          2᠂ ᠬᠡᠳᠤ ᠢᠳᠡᠬᠦ ᠵᠤᠷᠰᠢᠯ᠃ ᠡᠨᠡ ᠨᠢ ᠳᠡᠷᠢᠬᠢᠨ ᠤ ᠰᠤᠳᠠᠰᠦ ᠶᠢ ᠬᠠᠳᠠᠭᠤᠷᠠᠭᠤᠯᠤᠨ ᠰᠡᠳᠬᠢᠬᠦ ᠴᠢᠳᠡᠪᠤᠷᠢ ᠶᠢᠨ ᠬᠦᠴᠦ ᠶᠢ ᠪᠠᠭᠤᠷᠠᠭᠤᠯᠳᠠᠭ᠃        3᠂ ᠳᠠᠮᠠᠬᠢ ᠳᠠᠳᠠᠬᠤ ᠵᠤᠷᠰᠢᠯ᠃ ᠡᠨᠡ ᠨᠢ ᠳᠠᠷᠢᠬᠢ ᠶᠢ ᠪᠠᠭ᠎ᠠ ᠪᠠᠭ᠎ᠠ ᠪᠠᠷ ᠵᠢᠵᠢᠭᠷᠡᠬᠦᠯᠳᠡᠭ ᠪᠦᠭᠡᠳ ᠶᠠᠪᠤᠭᠠᠨ ᠳᠠᠭᠠᠨ ᠠᠯᠴᠬᠠᠶ᠋ᠢᠮᠧᠷ ᠤᠨ ᠡᠪᠡᠳᠴᠢᠨ ᠳᠡᠨᠡᠭᠷᠡᠯ ᠳᠤ ᠬᠦᠷᠭᠡᠳᠡᠭ᠃        4᠂ ᠰᠢᠬᠢᠷᠯᠢᠭ ᠵᠤᠶᠢᠯᠡᠰ ᠶᠡᠭᠡ ᠬᠡᠷᠡᠭᠯᠡᠬᠦ ᠵᠤᠷᠰᠢᠯ᠃ ᠶᠡᠭᠡ ᠬᠡᠮᠵᠢᠶᠡᠨ ᠤ ᠰᠢᠬᠢᠷ ᠬᠡᠷᠡᠭᠯᠡᠬᠦ ᠨᠢ ᠬᠤᠳᠤᠭᠤᠳᠤᠨ ᠠᠴᠠ ᠤᠭᠤᠷᠠᠭ ᠪᠤᠯᠤᠨ ᠪᠤᠰᠤᠳ ᠳᠡᠵᠢᠭᠡᠯ ᠤᠨ ᠪᠤᠳᠠᠰ ᠤᠨ ᠰᠢᠮ᠎ᠡ ᠶᠢ ᠪᠠᠭᠤᠷᠠᠭᠤᠯᠳᠠᠭ ᠪᠠ ᠡᠨᠡ  ᠨᠢ ᠳᠠᠷᠢᠬᠢᠨ ᠤ ᠳᠡᠵᠢᠭᠡᠯ ᠤᠨ ᠳᠤᠳᠠᠭᠳᠠᠯ ᠢ ᠪᠤᠢ ᠪᠤᠯᠭᠠᠵᠦ᠂ ᠳᠡᠷᠢᠬᠢᠨ ᠤ ᠬᠦᠭᠵᠢᠯᠳᠡ ᠶᠢ ᠠᠯᠳᠠᠭᠳᠠᠭᠤᠯᠳᠠᠭ᠃ ᠠᠮᠳᠠᠯᠠᠭᠴᠢ ᠶᠢᠨ ᠬᠡᠷᠡᠭᠯᠡᠭᠡ ᠪᠠᠨ ᠪᠠᠭᠠᠰᠬ᠎ᠠ ᠰᠠᠬᠠᠷᠲ ᠠᠭᠤᠯᠤᠭᠳᠠᠭᠰᠠᠨ ᠦᠵᠦᠮ ᠤᠨ ᠰᠢᠬᠢᠷ ᠨᠢ ᠬᠦᠮᠦᠨ ᠤ ᠳᠠᠷᠢᠬᠢᠨ ᠤ ᠤᠶᠢᠯᠡ ᠠᠵᠢᠯᠯᠠᠭᠠᠨ ᠳᠤ ᠵᠠᠶᠢᠯᠠᠰᠢ ᠦᠭᠡᠢ ᠱᠠᠭᠠᠷᠳᠠᠯᠭ᠎ᠠ ᠲᠠᠢ ᠪᠠᠶᠢᠪᠠᠴᠦ ᠰᠢᠬᠢᠷ ᠢ ᠬᠡᠳᠤᠷᠠᠬᠦᠯᠦᠨ ᠬᠡᠷᠡᠭᠯᠡᠬᠦ ᠨᠢ ᠪᠡᠶ᠎ᠡ ᠳᠤ ᠰᠦᠷᠬᠦ ᠨᠦᠯᠦᠭᠡ ᠲᠠᠢ ᠪᠠᠶᠢᠳᠠᠭ ᠠᠵᠠᠢ᠃        5᠂ ᠠᠭᠠᠷ ᠤᠨ ᠪᠤᠬᠢᠷᠳᠤᠯ᠃ ᠳᠠᠷᠢᠬᠢ ᠪᠤᠯ ᠪᠢᠳᠡᠨ ᠤ ᠪᠡᠶ᠎ᠡ ᠶᠢᠨ ᠬᠠᠮᠤᠭ ᠤᠨ ᠶᠡᠭᠡ ᠬᠦᠴᠢᠯᠳᠦ᠋ᠷᠦᠭᠴᠢ ᠬᠡᠷᠡᠭᠯᠡᠳᠡᠩ ᠡᠷᠭᠡᠳᠡᠨ ᠪᠤᠯᠤᠨ᠎ᠠ᠃ ᠬᠦᠴᠢᠯᠳᠦ᠋ᠷᠦᠭᠴᠢ ᠪᠠᠭᠠᠳᠠᠢ ᠪᠤᠬᠢᠷ ᠠᠭᠠᠷ ᠢᠶᠠᠷ ᠠᠮᠢᠰᠬᠤᠯᠯᠠᠬᠤ ᠨᠢ ᠳᠠᠷᠢᠬᠢᠨ ᠤ ᠴᠢᠳᠠᠮᠵᠢ ᠶᠢ ᠪᠠᠭᠤᠷᠠᠭᠤᠯᠳᠠᠭ᠃        6᠂ ᠨᠤᠶᠢᠷ ᠤᠨ ᠳᠤᠳᠠᠭᠳᠠᠯ᠃ ᠤᠨᠳᠠᠬᠤ ᠨᠢ ᠳᠠᠷᠢᠬᠢᠨ ᠤ ᠠᠮᠠᠷᠠᠯᠳᠠ ᠪᠤᠯᠳᠠᠭ᠃ ᠤᠷᠳᠤ ᠬᠤᠭᠤᠴᠠᠭ᠎ᠠ ᠨᠤᠶᠢᠷ ᠮᠠᠭᠤᠳᠠᠢ ᠶᠠᠪᠤᠬᠤ ᠨᠢ ᠳᠠᠷᠢᠬᠢᠨ ᠤ ᠡᠰ ᠤᠳ ᠢ ᠦᠬᠦᠬᠦᠯᠳᠡᠭ᠃ ᠡᠳᠤᠷ ᠲᠤ 8 ᠴᠠᠭ ᠤᠨ ᠨᠤᠶᠢᠷ ᠠᠪᠬᠤ ᠶᠤᠰᠤᠳᠠᠢ᠃ ᠠᠮᠧᠷᠢᠺᠠ ᠶᠢᠨ ᠨᠤᠶᠢᠷ ᠤᠨ ᠰᠢᠨᠵᠢᠯᠡᠬᠦ ᠤᠬᠠᠭᠠᠨ ᠤ ᠠᠺᠠᠲᠧᠮᠢ ᠠᠴᠠ ᠶᠠᠪᠤᠭᠤᠯᠤᠭᠰᠠᠨ ᠨᠢᠭᠡᠨ ᠰᠤᠳᠤᠯᠭᠠᠨ ᠢᠶᠠᠷ ᠬᠦᠮᠦᠨ ᠪᠦᠷᠢ 8 ᠴᠠᠭ ᠤᠨᠳᠠᠭᠰᠠᠨ ᠢᠶᠠᠷ ᠳᠤᠬᠠᠢ ᠶᠢᠨ ᠡᠳᠤᠷ ᠤᠨ ᠢᠶᠠᠨ ᠠᠯᠵᠢᠶᠠᠯ ᠶᠠᠳᠠᠷᠠᠭ᠎ᠠ ᠶᠢ ᠪᠦᠷᠢᠨ ᠳᠠᠶᠢᠯᠵᠦ᠂ ᠳᠠᠷᠠᠭ᠎ᠠ ᠶᠢᠨ ᠡᠳᠤᠷ ᠲᠡᠭᠡᠨ ᠵᠠᠷᠤᠴᠠᠭᠤᠯᠬᠤ ᠡᠷᠴᠢ ᠬᠦᠴᠦ ᠪᠠᠨ ᠪᠤᠢ ᠪᠤᠯᠭᠠᠳᠠᠭ ᠭᠡᠳᠡᠭ ᠢ ᠪᠠᠳᠤᠯᠠᠵᠠᠢ᠃        7᠂ ᠤᠨᠳᠠᠬᠤ ᠳᠠᠭᠠᠨ ᠳᠤᠯᠤᠭᠠᠢ ᠪᠠᠨ ᠪᠦᠳᠡᠭᠡᠬᠦ ᠵᠤᠷᠰᠢᠯ᠃ ᠳᠤᠯᠤᠭᠠᠢ ᠪᠠᠨ ᠪᠦᠳᠡᠭᠡᠵᠦ ᠤᠨᠳᠠᠬᠤ ᠨᠢ ᠠᠮᠢᠰᠬᠤᠯᠯᠠᠵᠦ ᠪᠦᠬᠦᠢ ᠠᠭᠠᠷ ᠤᠨ ᠨᠡᠬᠦᠷᠡᠰᠦᠳᠦ᠋ᠷᠦᠭᠴᠢ ᠶᠢᠨ ᠺᠤᠨᠴᠧᠨ᠋ᠲᠷᠨᠽ ᠢ ᠨᠡᠮᠡᠭᠳᠡᠬᠦᠯᠵᠦ᠂ ᠬᠦᠴᠢᠯᠳᠦ᠋ᠷᠦᠭᠴᠢ ᠶᠢ ᠪᠠᠭᠠᠰᠬᠠᠳᠠᠭ ᠳᠤᠯᠠ ᠳᠠᠷᠢᠬᠢᠨ ᠳᠤ ᠭᠡᠮᠳᠤᠯ ᠡᠬᠦᠰᠭᠡᠬᠦ ᠬᠤᠤᠷ ᠨᠦᠯᠦᠭᠡ ᠲᠠᠢ ᠪᠠᠶᠢᠳᠠᠭ᠃        8᠂ ᠡᠪᠡᠳᠴᠢᠨ ᠲᠠᠢ ᠦᠶ᠎ᠡ ᠳᠡᠭᠡᠨ ᠠᠵᠢᠯᠯᠠᠵᠦ ᠰᠤᠷᠤᠯᠴᠠᠬᠤ ᠵᠤᠷᠰᠢᠯ᠃ ᠡᠪᠡᠳᠴᠢᠨ ᠲᠠᠢ ᠦᠶ᠎ᠡ  ᠳᠡᠭᠡᠨ ᠪᠠᠴᠢᠮ ᠶᠠᠭᠠᠷᠠᠯᠳᠠᠢ ᠠᠵᠢᠯᠯᠠᠬᠤ ᠪᠤᠶᠤ ᠬᠢᠴᠢᠶᠡᠯ ᠤᠷᠤᠬᠤ ᠨᠢ ᠳᠠᠷᠢᠬᠢ ᠶᠢ ᠭᠡᠮᠳᠤᠭᠡᠵᠦ ᠤᠶᠢᠯᠡ ᠠᠵᠢᠯᠯᠠᠭᠠᠨ ᠤ ᠴᠢᠳᠠᠪᠤᠷᠢ ᠶᠢ ᠪᠠᠭᠤᠷᠠᠭᠤᠯᠳᠠᠭ ᠪᠠᠶᠢᠨ᠎ᠠ᠃        9᠂ ᠪᠤᠳᠤᠵᠦ ᠰᠡᠳᠭᠢᠬᠦ ᠳᠤᠳᠠᠭᠳᠠᠬᠤ᠃ ᠪᠤᠳᠤᠵᠦ ᠰᠡᠳᠭᠢᠬᠦ ᠪᠤᠯ ᠳᠡᠷᠢᠬᠢᠨ ᠤ ᠳᠤᠰᠬᠠᠯ ᠰᠤᠷᠭᠠᠭᠤᠯᠢᠯᠳᠡ ᠶᠤᠮ᠃ ᠢᠳᠡᠪᠬᠢᠵᠢᠬᠦᠯᠬᠦ ᠪᠤᠳᠤᠯ᠂ ᠰᠡᠳᠬᠢᠮᠵᠢ ᠳᠤᠳᠠᠭᠳᠠᠭᠰᠠᠨ ᠠᠴᠠ ᠳᠠᠷᠢᠬᠢ ᠵᠢᠵᠢᠭᠷᠡᠳᠡᠭ᠃        10᠂ ᠪᠠᠭ᠎ᠠ ᠶᠠᠷᠢᠬᠤ᠃ ᠤᠶᠤᠨᠯᠢᠭ ᠬᠠᠷᠢᠯᠴᠠᠨ ᠶᠠᠷᠢᠶ᠎ᠠ ᠨᠢ ᠳᠠᠷᠢᠬᠢᠨ ᠤ ᠴᠢᠳᠠᠮᠵᠢ ᠶᠢ ᠳᠡᠭᠡᠭᠰᠢᠯᠡᠬᠦᠯᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号