︽ᠬᠡᠤᠭᠡᠳ ᠮᠠᠨᠢ ᠡᠨᠡ ᠵᠢᠯ 8 ᠨᠠᠰᠤᠳᠠᠢ᠂ ᠦᠷᠤᠭᠡᠨ ᠳᠡᠭᠡᠨ ᠦᠷᠬᠦᠯᠵᠢ ᠬᠠᠷᠠᠩᠭᠤᠢ ᠪᠠᠷ ᠭᠠᠷ ᠤᠳᠠᠰᠤ | ᠨᠠᠭᠠᠳᠳᠠᠭ᠂ ᠡᠪᠦᠭᠡ ᠨᠢ ᠴᠡᠩᠭᠡᠷ ᠬᠠᠷᠠᠩ ᠲᠠᠢ᠂ ᠭᠡᠤᠭᠡᠳ ᠢᠩᠬᠢᠵᠤ ᠭᠠᠷ ᠤᠳᠠᠰᠤ ᠨᠠᠭᠠᠳᠬᠤ ᠳᠤ ᠨᠢᠳᠤᠨ ᠳᠤᠨᠢ | ᠬᠠᠯᠠ ᠲᠠᠢ ᠤᠤ︖ ᠨᠢᠳᠤ ᠪᠠᠨ ᠶᠠᠭᠠᠬᠢᠵᠤ ᠬᠠᠮᠠᠭᠠᠯᠠᠪᠠᠯ ᠵᠤᠬᠢᠬᠤ ᠪᠤᠢ︖︾ ᠭᠡᠵᠤ ᠲᠠᠩ ᠠᠪᠠᠭ᠋ᠠᠢ ᠰᠦᠯᠵᠢᠶᠠᠨ | ᠲᠡᠭᠡᠷ᠎ᠡ ᠠᠰᠠᠭᠤᠪᠠ᠃ ᠡᠮᠤᠨᠡᠳᠤ ᠶᠢᠨ ᠡᠮᠨᠡᠯᠭᠡ ᠶᠢᠨ ᠶᠡᠭᠡ ᠰᠤᠷᠭᠠᠭᠤᠯᠢ ᠶᠢᠨ ᠡᠮᠤᠨᠡᠳᠤ ᠶᠢᠨ ᠡᠮᠨᠡᠯᠭᠡ ᠶᠢᠨ | ᠬᠤᠷᠢᠶᠠᠨ ᠤ ᠨᠢᠳᠤᠨ ᠤ ᠰᠠᠯᠠᠭ᠎ᠠ ᠶᠢᠨ ᠡᠷᠬᠢᠯᠡᠭᠴᠢ ᠡᠮᠴᠢ ᠪᠠᠢ ᠯᠠᠩ ᠲᠠᠩ ᠠᠪᠠᠭ᠋ᠠᠢ ᠶᠢᠨ ᠠᠰᠠᠭᠤᠯᠳᠠ ᠳᠤ | ᠬᠠᠷᠢᠭᠤᠯᠳᠠ ᠦᠭᠪᠡ᠄ ᠨᠤᠮ ᠦᠵᠡᠵᠤ ᠦᠰᠦᠭ ᠪᠢᠴᠢᠭᠰᠡᠨ ᠴᠦ ᠲᠡᠷᠡ᠂ ᠭᠠᠷ ᠤᠳᠡᠰᠤ ᠪᠠᠷ ᠲᠤᠬᠯᠠᠬᠰᠠᠨ ᠴᠦ | ᠲᠡᠷᠡ᠂ ᠤᠷᠴᠢᠨ ᠲᠤᠭᠤᠷᠢᠨ ᠨᠢ ᠬᠡᠳᠤᠷᠭᠡᠢ ᠭᠡᠭᠡᠨ ᠪᠤᠶᠤ ᠭᠡᠳᠤᠷᠭᠡᠢ ᠬᠠᠷᠠᠩᠭᠤᠢ ᠪᠠᠶᠢᠪᠠᠯ ᠴᠦᠮ ᠬᠠᠷᠠᠭ᠎ᠠ ᠶᠢ | ᠠᠮᠠᠷᠬᠠᠨ ᠶᠠᠳᠠᠷᠠᠭᠤᠯᠳᠠᠭ᠃ ᠬᠠᠷᠠᠩᠭᠤᠢ ᠤᠷᠴᠢᠨ ᠳᠤ ᠤᠷᠳᠤ ᠬᠤᠭᠤᠴᠠᠭ᠎ᠠ ᠪᠠᠷ ᠭᠠᠷ ᠤᠳᠠᠰᠤ ᠨᠠᠭᠠᠳᠪᠠᠯ | ᠬᠡᠤᠭᠡᠨ ᠬᠠᠷᠠᠭ᠎ᠠ ᠶᠢ ᠲᠤᠮᠤᠷᠠᠭᠤᠯᠵᠤ᠂ ᠨᠢᠳᠤᠨ ᠲᠠᠷᠤᠯᠳᠠ ᠶᠢ ᠨᠡᠮᠡᠭᠳᠡᠬᠦᠯᠵᠤ ᠮᠡᠳᠡᠨ᠎ᠡ᠂ ᠤᠷᠳᠤ ᠬᠤᠭᠤᠴᠠᠭ᠎ᠠ ᠪᠠᠷ | ᠢᠩᠬᠢᠭᠡᠳ ᠪᠠᠶᠢᠪᠠᠯ ᠴᠡᠩᠭᠡᠷ ᠬᠠᠷᠠᠩ ᠢ ᠪᠤᠢ ᠪᠤᠯᠭᠠᠵᠤ ᠮᠡᠳᠡᠨ᠎ᠡ᠂ ᠢᠯᠠᠩᠭᠤᠶ᠎ᠠ ᠲᠦᠷᠤᠯ ᠤᠬᠰᠠᠭ᠎ᠠ ᠳᠤᠨᠢ ᠴᠡᠩᠬᠡᠷ | ᠬᠠᠷᠠᠩ ᠲᠠᠢ ᠬᠥᠮᠤᠨ ᠪᠠᠶᠢᠪᠠᠯ ᠨᠡᠩ ᠬᠢᠴᠢᠶᠡᠬᠦ ᠬᠡᠷᠡᠭᠳᠠᠢ᠃ ᠡᠬᠦᠨ ᠠᠴᠠ ᠭᠠᠳᠠᠨ᠎ᠠ᠂ ᠬᠡᠤᠭᠡᠳ ᠤᠨ ᠤᠭᠤᠷᠠᠭ | ᠪᠦᠷᠬᠦᠪᠴᠢ ᠨᠢ ᠨᠡᠯᠢᠶᠡᠳ ᠵᠦᠭᠡᠯᠡᠨ ᠤᠴᠢᠷ ᠠᠴᠠ ᠨᠢᠳᠤᠨ ᠲᠠᠷᠤᠯᠳᠠ ᠨᠢ ᠨᠡᠮᠡᠭᠳᠡᠬᠦ ᠦᠶ᠎ᠡ ᠳᠤ ᠨᠢᠳᠤᠨ ᠤ | ᠴᠡᠴᠡᠭᠡᠢ ᠨᠢ ᠤᠯᠠᠮ ᠢᠶᠠᠷ ᠲᠤᠮᠤ ᠪᠤᠯᠵᠤ᠂ ᠠᠮᠠᠷᠬᠠᠨ ᠦᠢᠷ᠎ᠠ ᠬᠠᠷᠠᠭ᠎ᠠ ᠲᠠᠢ ᠪᠤᠯᠬᠤ ᠪᠤᠶᠤ ᠦᠢᠷ᠎ᠠ ᠬᠠᠷᠠᠭ᠎ᠠ ᠨᠢ | ᠬᠡᠴᠡᠬᠦᠳᠡᠬᠦ ᠪᠤᠯᠤᠨ᠎ᠠ᠃ | ᠬᠡᠤᠭᠡᠳ ᠤᠨ ᠬᠠᠷᠠᠭ᠎ᠠ ᠮᠠᠭᠤᠳᠠᠬᠤ ᠶᠢ ᠰᠡᠷᠭᠡᠶᠢᠯᠡᠬᠦ ᠬᠡᠪᠡᠯ ᠭᠡᠤᠭᠡᠳ ᠢᠶᠠᠨ ᠨᠢᠳᠤ ᠪᠠᠨ ᠬᠠᠮᠠᠭᠠᠯᠠᠬᠤ | ᠰᠠᠶᠢᠬᠠᠨ ᠲᠠᠳᠬᠠᠯ ᠲᠠᠢ ᠪᠤᠯᠭᠠᠬᠤ ᠬᠡᠷᠡᠭᠳᠠᠢ᠄ | 1. ᠭᠠᠳᠠᠨ᠎ᠠ ᠢᠯᠡᠬᠦᠤ ᠬᠥᠳᠡᠯᠭᠡᠭᠡᠨ ᠬᠢᠨ᠎ᠠ᠂ ᠦᠢᠷ᠎ᠠ ᠬᠠᠷᠠᠭ᠎ᠠ ᠦᠭᠡᠢ ᠭᠡᠤᠭᠡᠳ ᠲᠤ ᠠᠪᠴᠤ ᠬᠡᠯᠡᠪᠡᠯ᠂ | ᠭᠠᠳᠠᠨ᠎ᠠ ᠢᠯᠡᠬᠦᠤ ᠬᠥᠳᠡᠯᠭᠡᠭᠡᠨ ᠬᠢᠪᠠᠯ ᠦᠢᠷ᠎ᠠ ᠬᠠᠷᠠᠭ᠎ᠠ ᠶᠢ ᠪᠦᠳᠤᠮᠵᠢᠳᠠᠢ ᠰᠡᠷᠭᠡᠶᠢᠯᠡᠵᠤ ᠪᠤᠯᠤᠨ᠎ᠠ︔ | 2. ᠶᠠᠭᠤᠮ᠎ᠠ ᠦᠵᠡᠬᠦ ᠵᠠᠢ ᠪᠠ ᠴᠠᠭ ᠢ ᠠᠩᠬᠠᠷᠴᠤ᠂ 30 — 40 ᠮᠢᠨᠦ᠋ᠲ ᠦᠵᠡᠪᠡᠯ 10 ᠮᠢᠨᠦ᠋ᠲ | ᠠᠮᠠᠷᠠᠨ᠎ᠠ︔ | 3. ᠡᠯᠧᠺᠳ᠋ᠷᠤᠨ ᠬᠡᠷᠡᠭᠰᠡᠯ ᠬᠡᠷᠡᠭᠯᠡᠬᠦ ᠶᠢ ᠠᠯᠢ ᠴᠢᠳᠠᠬᠤ ᠪᠠᠷ ᠪᠠᠭᠠᠰᠬᠠᠵᠤ᠂ ᠬᠡᠷᠡᠭᠯᠡᠬᠦ ᠳᠤ ᠬᠥᠷᠪᠡᠯ 10 | — 15 ᠮᠢᠨᠦ᠋ᠲ ᠢᠶᠠᠷ ᠬᠢᠵᠠᠭᠠᠷᠯᠠᠪᠠᠯ ᠵᠤᠬᠢᠨ᠎ᠠ︔ | 4. ᠦᠷᠤᠭᠡᠨ ᠤ ᠭᠡᠷᠡᠯ ᠢ ᠰᠤᠯᠠᠪᠳᠤᠷ ᠪᠠᠶᠢᠯᠭᠠᠵᠤ᠂ ᠳ᠋ᠧᠩ ᠤᠨ ᠭᠡᠷᠡᠯ ᠤᠨ ᠨᠢᠳᠤ ᠪᠤᠶᠤ ᠲᠡᠯᠭᠡᠴᠡ ᠳᠤ | ᠰᠢᠭᠤᠳ ᠲᠤᠰᠬᠤ ᠠᠴᠠ ᠠᠯᠢ ᠴᠢᠳᠠᠬᠤ ᠪᠠᠷ ᠵᠠᠶᠢᠯᠠᠰᠬᠢᠨ᠎ᠠ︔ | 5. ᠤᠨᠳᠠᠬᠤ ᠴᠠᠭ ᠢ ᠬᠥᠢᠴᠡᠳ ᠪᠠᠳᠤᠯᠠᠵᠤ ᠰᠢᠮ᠎ᠠ ᠲᠡᠵᠢᠭᠡᠯ ᠢ ᠲᠡᠩᠴᠡᠬᠦᠷᠢᠳᠠᠢ ᠪᠠᠶᠢᠯᠭᠠᠨ᠎ᠠ᠃ ᠪᠡᠶ᠎ᠡ ᠳᠤ | ᠸᠢᠲ᠋ᠠᠮᠢᠨ A᠂ ᠸᠢᠲ᠋ᠠᠮᠢᠨ B1᠂ ᠸᠢᠲ᠋ᠠᠮᠢᠨ B12᠂ ᠸᠢᠲ᠋ᠠᠮᠢᠨ C᠂ ᠸᠢᠲ᠋ᠠᠮᠢᠨ E ᠪᠠ ᠸᠢᠲ᠋ᠠᠮᠢᠨ D ᠵᠢᠴᠢ | ᠺᠠᠯᠼ᠂ ᠴᠠᠶᠢᠷ ᠵᠡᠷᠭᠡ ᠡᠯᠧᠮᠧᠨ᠋ᠲ ᠲᠤᠳᠠᠭᠳᠠᠪᠠᠯ ᠬᠠᠭᠤᠷᠮᠠᠭ ᠦᠢᠷ᠎ᠠ ᠬᠠᠷᠠᠭ᠎ᠠ ᠶᠢ ᠠᠮᠠᠷᠬᠠᠨ | ᠪᠤᠢ ᠪᠤᠯᠭᠠᠳᠠᠭ ᠤᠴᠢᠷ ᠠᠴᠠ ᠢᠳᠡᠭᠡᠨ ᠤᠮᠳᠠᠭᠠᠨ ᠤ ᠲᠠᠯ᠎ᠠ ᠪᠠᠷ ᠡᠬᠦᠨ ᠢ ᠠᠩᠬᠠᠷᠪᠠᠯ ᠵᠤᠬᠢᠨ᠎ᠠ᠃ | | |