5 ᠳ᠋ᠤᠭᠠᠷ ᠰᠠᠷ᠎ᠠ ᠶᠢᠨ 28 ᠤ ᠡᠳᠦᠷ᠂ ᠰᠢᠭᠤᠶᠢᠲᠤ ᠲᠣᠭᠤᠷᠢᠭ ᠤᠨ ᠤᠳᠬ᠎ᠠ ᠤᠷᠠᠯᠢᠭ ᠤᠨ ᠬᠢᠨ ᠤ | ᠬᠤᠯᠪᠣᠭᠠᠲᠤ ᠬᠤᠷᠠᠯ ᠤᠨ ᠳᠥᠷᠪᠡᠳᠦᠭᠡᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ ᠬᠤᠷᠠᠯᠳᠤᠵᠤ᠂ ᠪᠥᠬᠦ | ᠲᠣᠭᠤᠷᠢᠭ ᠠᠴᠠ ᠢᠷᠡᠭᠰᠡᠨ 67 ᠲᠥᠯᠥᠭᠡᠯᠡᠭᠴᠢ ᠨᠢᠭᠡ ᠲᠠᠩᠬᠢᠮ ᠳᠤ ᠴᠤᠭᠯᠠᠷᠠᠵᠤ᠂ ᠤᠳᠬ᠎ᠠ ᠤᠷᠠᠯᠢᠭ ᠤᠨ | ᠦᠢᠯᠡᠰ ᠤᠨ ᠴᠡᠴᠡᠭᠯᠡᠨ ᠬᠥᠭᠵᠢᠬᠦ ᠶᠡᠭᠡ ᠪᠣᠳᠣᠯᠭ᠎ᠠ ᠶᠢ ᠬᠠᠮᠲᠤ ᠪᠠᠷ ᠵᠥᠪᠯᠡᠵᠦ᠂ ᠰᠡᠳᠬᠢᠯ ᠢᠶᠠᠨ ᠨᠢᠭᠡᠳᠬᠡᠨ | ᠬᠦᠴᠦ ᠪᠠᠨ ᠬᠠᠮᠲᠤᠳᠬᠠᠵᠤ ᠤᠳᠬ᠎ᠠ ᠤᠷᠠᠯᠢᠭ ᠤᠨ ᠦᠢᠯᠡᠰ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠪᠠ᠃ | ᠪᠤᠭᠤᠲᠤ ᠬᠤᠳᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠨᠠᠮ ᠤᠨ ᠤᠳᠤᠷᠢᠳᠬᠤ | ᠳᠤᠭᠤᠶᠢᠯᠠᠩ ᠤᠨ ᠭᠡᠰᠢᠭᠦᠨ ᠂ ᠳᠡᠳ᠋ ᠲᠡᠷᠢᠭᠦᠯᠡᠭᠴᠢ ᠵᠠᠩ ᠶᠠ ᠨᠢ᠂ ᠪᠤᠭᠤᠲᠤ ᠬᠤᠳᠠ ᠶᠢᠨ ᠤᠳᠬ᠎ᠠ | ᠤᠷᠠᠯᠢᠭ ᠤᠨ ᠬᠢᠨ ᠤ ᠬᠤᠯᠪᠣᠭ᠎ᠠ ᠶᠢᠨ ᠳᠤᠭᠤᠶᠢᠯᠠᠩ ᠤᠨ ᠬᠤᠯᠪᠣᠭᠠᠲᠤ ᠬᠡᠯᠲᠡᠰ ᠤᠨ ᠡᠷᠬᠢᠯᠡᠭᠴᠢ ᠭᠦᠸᠧ ᠶᠢᠩ | ᠳ᠋ᠦᠩ ᠬᠤᠷᠠᠯ ᠳᠤ ᠣᠷᠣᠯᠴᠠᠵᠤ ᠵᠢᠭᠠᠨ ᠵᠢᠯᠣᠭᠤᠳᠪᠠ᠃ ᠲᠣᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ | ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠰᠦᠩ ᠵᠤᠤ ᠬᠤᠸᠠ᠂ ᠲᠣᠭᠤᠷᠢᠭ ᠤᠨ ᠨᠠᠮ ᠤᠨ ᠬᠤᠷᠢᠶᠠᠨ ᠤ | ᠪᠠᠶᠢᠩᠭᠤ ᠶᠢᠨ ᠭᠡᠰᠢᠭᠦᠨ᠂ ᠲᠣᠭᠤᠷᠢᠭ ᠤᠨ ᠳᠡᠳ᠋ ᠳᠠᠷᠤᠭ᠎ᠠ ᠨᠠᠷᠠᠨᠨᠠ᠂ ᠲᠣᠭᠤᠷᠢᠭ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠸᠠᠩ ᠪᠢᠨ᠂ | ᠲᠣᠭᠤᠷᠢᠭ ᠤᠨ ᠤᠯᠤᠰ ᠲᠦᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠲᠠᠩ ᠬᠤᠸᠠ ᠢᠦᠢ᠂ ᠰᠢᠭᠤᠶᠢᠲᠤ | ᠲᠣᠭᠤᠷᠢᠭ ᠤᠨ ᠡᠯ᠎ᠡ ᠤᠯᠠᠨ ᠲᠦᠮᠡᠨ ᠤ ᠪᠦᠯᠬᠦᠮ ᠤᠨ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ | ᠤᠳᠬ᠎ᠠ ᠤᠷᠠᠯᠢᠭ ᠤᠨ ᠬᠢᠨ ᠤ ᠬᠤᠯᠪᠣᠭᠠᠲᠤ ᠬᠤᠷᠠᠯ ᠤᠨ ᠳᠥᠷᠪᠡᠳᠦᠭᠡᠷ ᠤᠳᠠᠭᠠᠨ ᠤ ᠲᠥᠯᠥᠭᠡᠯᠡᠭᠴᠢᠳ ᠤᠨ ᠶᠡᠭᠡ | ᠬᠤᠷᠠᠯ ᠤᠨ ᠲᠥᠯᠥᠭᠡᠯᠡᠭᠴᠢ᠂ ᠤᠳᠬ᠎ᠠ ᠤᠷᠠᠯᠢᠭ ᠰᠣᠶᠣᠯ ᠤᠨ ᠡᠲᠡᠭᠡᠳ ᠤᠨ ᠣᠨᠴᠠ ᠤᠷᠢᠭᠰᠠᠨ ᠬᠦᠨᠳᠦᠲᠦ | ᠵᠣᠴᠢᠨ ᠬᠤᠷᠠᠯ ᠳᠤ ᠣᠷᠣᠯᠴᠠᠪᠠ᠃ | ᠲᠣᠭᠤᠷᠢᠭ ᠤᠨ ᠨᠠᠮ ᠤᠨ ᠬᠤᠷᠢᠶᠠᠨ ᠤ ᠱᠦᠵᠢ ᠭᠠᠢ ᠯᠢᠶᠠᠨ ᠢᠦᠢ ᠪᠠᠶᠠᠷ ᠤᠨ ᠵᠠᠬᠢᠳᠠᠯ ᠢᠯᠡᠭᠡᠵᠦ᠂ | ᠲᠣᠭᠤᠷᠢᠭ ᠤᠨ ᠳᠦᠷᠪᠡᠨ ᠤᠳᠤᠷᠢᠳᠬᠤ ᠪᠠᠭ ᠢ ᠲᠥᠯᠥᠭᠡᠯᠡᠨ ᠶᠡᠭᠡ ᠬᠤᠷᠠᠯ ᠳᠤ ᠬᠠᠮᠤᠭ ᠤᠨ ᠬᠠᠯᠠᠭᠤᠨ ᠪᠠᠶᠠᠷ | ᠬᠦᠷᠭᠡᠵᠦ᠂ ᠶᠡᠭᠡ ᠬᠤᠷᠠᠯ ᠳᠤ ᠣᠷᠣᠯᠴᠠᠭᠰᠠᠨ ᠲᠥᠯᠥᠭᠡᠯᠡᠭᠴᠢᠳ ᠵᠢᠴᠢ ᠪᠦᠬᠦ ᠲᠣᠭᠤᠷᠢᠭ ᠤᠨ ᠥᠷᠭᠡᠨ ᠤᠯᠠᠨ | ᠤᠳᠭ᠋᠎ᠠ ᠤᠷᠠᠯᠢᠭ ᠤᠨ ᠠᠵᠢᠯᠲᠠᠳ ᠲᠤ ᠡᠷᠬᠢᠮ ᠳᠡᠭᠡᠳᠦ ᠬᠦᠨᠳᠦᠳᠬᠡᠯ ᠪᠠ ᠴᠢᠩ ᠰᠡᠳᠬᠢᠯ ᠤᠨ ᠮᠡᠨᠳᠦᠴᠢᠯᠡᠯ | ᠳᠡᠪᠰᠢᠭᠦᠯᠪᠡ᠃ ᠰᠢᠨ᠎ᠡ ᠨᠢᠭᠡ ᠬᠤᠭᠤᠴᠠᠭᠠᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ ᠨᠢ ᠶᠣᠰᠣ | ᠰᠤᠷᠲᠠᠬᠤᠨ ᠢ ᠳᠡᠭᠡᠳᠦᠯᠡᠵᠦ᠂ ᠦᠨᠳᠦᠰᠦ ᠰᠠᠭᠤᠷᠢ ᠪᠠᠨ ᠪᠠᠬᠢᠵᠢᠭᠦᠯᠵᠦ᠂ ᠠᠮᠢᠳᠤᠷᠠᠯ ᠤᠨ ᠦᠢᠯᠡᠳᠦᠯᠭᠡ | ᠳᠤᠮᠳᠠ ᠠᠴᠠ ᠪᠣᠷᠣ ᠮᠠᠲ᠋ᠧᠷᠢᠶᠠᠯ ᠢ ᠠᠭᠤᠳᠠᠯᠤᠨ᠂ ᠰᠡᠳᠦᠪ ᠢ ᠢᠯᠡᠷᠡᠭᠦᠯᠵᠦ᠂ ᠰᠢᠭᠤᠶᠢᠲᠤ ᠲᠣᠭᠤᠷᠢᠭ ᠤᠨ | ᠠᠭᠤᠯᠤᠭᠳᠠᠬᠤᠨ ᠪᠠ ᠴᠠᠭ ᠦᠶ᠎ᠡ ᠶᠢᠨ ᠦᠨ᠎ᠡ ᠦᠷᠳᠡᠭ ᠢ ᠢᠯᠡᠷᠡᠭᠦᠯᠵᠦ᠂ ᠦᠨᠡᠨ ᠰᠠᠶᠢᠨ ᠰᠠᠶᠢᠬᠠᠨ ᠢ | ᠪᠠᠳᠠᠷᠠᠭᠤᠯᠵᠤ᠂ ᠢᠳᠡᠪᠬᠢ ᠬᠦᠴᠦᠨ ᠢ ᠤᠯᠠᠮᠵᠢᠯᠠᠬᠤ ᠶᠢ ᠭᠦᠰᠡᠪᠡ ᠃ ᠲᠤᠰ ᠭᠠᠵᠠᠷ ᠣᠷᠣᠨ ᠳᠤ ᠪᠠᠨ ᠰᠠᠭᠤᠷᠢᠯᠠᠨ ᠂ | ᠪᠣᠳᠠᠲᠤ ᠪᠠᠶᠢᠳᠠᠯ ᠢ ᠭᠦᠨᠵᠡᠭᠡᠢ ᠢᠯᠡᠷᠡᠭᠦᠯᠵᠦ᠂ ᠰᠢᠭᠤᠶᠢᠲᠤ ᠲᠣᠭᠤᠷᠢᠭ ᠤᠨ ᠰᠣᠶᠣᠯ ᠤᠨ ᠴᠥᠮ᠎ᠡ ᠶᠢ ᠭᠦᠨ | ᠠᠭᠤᠳᠠᠯᠵᠤ᠂ ᠰᠢᠭᠤᠶᠢᠲᠤ ᠲᠣᠭᠤᠷᠢᠭ ᠤᠨ ᠦᠯᠢᠭᠡᠷ ᠢ ᠰᠠᠶᠢᠲᠤᠷ ᠶᠠᠷᠢᠵᠤ᠂ ᠮᠠᠨ ᠤ ᠬᠤᠳᠠ ᠶᠢᠨ ︽ᠰᠣᠶᠣᠯ ᠤᠨ | ᠥᠨᠳᠦᠷᠯᠢᠭ︾ ᠢ ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠬᠦ ᠬᠡᠷᠡᠭᠲᠡᠢ᠃ ᠤᠯᠠᠮᠵᠢᠯᠠᠯ ᠢᠶᠠᠨ ᠦᠷᠭᠦᠯᠵᠢᠯᠡᠨ | ᠵᠠᠯᠭᠠᠮᠵᠢᠯᠠᠵᠤ᠂ ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠶᠢ ᠳᠡᠭᠡᠭᠰᠢᠯᠡᠭᠦᠯᠬᠦ ᠠᠵᠢᠯᠯᠠᠭ᠎ᠠ ᠶᠢ ᠭᠦᠨᠵᠡᠭᠡᠢ | ᠥᠷᠨᠢᠭᠦᠯᠵᠦ᠂ ᠲᠤᠰ ᠭᠠᠵᠠᠷ ᠣᠷᠣᠨ ᠤ ᠪᠠᠨ ᠵᠣᠬᠢᠶᠠᠯᠴᠢ᠂ ᠤᠷᠠᠯᠢᠭᠴᠢᠨ ᠢ ᠠᠭᠤᠳᠠᠯᠵᠤ᠂ ᠤᠯᠤᠰ ᠲᠦᠷᠦ ᠶᠢᠨ | ᠵᠣᠭᠰᠣᠯᠲᠠ ᠪᠠᠲᠤ᠂ ᠮᠣᠷᠠᠯ ᠤᠷᠠᠯᠢᠭ ᠬᠤᠤᠰᠯᠠᠭᠰᠠᠨ ᠤᠳᠬ᠎ᠠ ᠤᠷᠠᠯᠢᠭ ᠤᠨ ᠴᠢᠳᠠᠪᠤᠷᠢᠲᠠᠨ ᠤ ᠡᠩᠨᠡᠭᠡ ᠶᠢ | ᠪᠠᠶᠢᠭᠤᠯᠬᠤ ᠬᠡᠷᠡᠭᠲᠡᠢ ᠭᠡᠵᠡᠢ ᠃ | | | | | ᠵᠠᠩ ᠶᠠ ᠨᠢ ᠪᠤᠭᠤᠲᠤ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢ ᠲᠥᠯᠥᠭᠡᠯᠡᠨ ᠶᠡᠭᠡ | ᠬᠤᠷᠠᠯ ᠤᠨ ᠬᠤᠷᠠᠯᠳᠤᠭᠠᠨ ᠳᠤ ᠪᠠᠶᠠᠷ ᠬᠦᠷᠭᠡᠵᠦ᠂ ᠰᠢᠭᠤᠶᠢᠲᠤ ᠲᠣᠭᠤᠷᠢᠭ ᠤᠨ ᠥᠩᠭᠡᠷᠡᠭᠰᠡᠨ ᠲᠠᠪᠤᠨ ᠵᠢᠯ ᠤᠨ | ᠠᠵᠢᠯ ᠤᠨ ᠠᠮᠵᠢᠯᠲᠠ ᠪᠦᠲᠦᠮᠵᠢ ᠶᠢ ᠭᠦᠢᠴᠡᠳ ᠨᠤᠲᠠᠯᠠᠬᠤ ᠶᠢᠨ ᠬᠠᠮᠲᠤ᠂ ᠳᠠᠷᠠᠭᠠᠴᠢ ᠶᠢᠨ ᠠᠯᠬᠤᠮ ᠤᠨ | ᠠᠵᠢᠯ ᠳᠤ ᠲᠣᠳᠣᠷᠬᠠᠢ ᠱᠠᠭᠠᠷᠳᠠᠯᠭ᠎ᠠ ᠳᠤᠷᠠᠳᠪᠠ ᠄ ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ ᠪᠠᠷ | ᠦᠨᠳᠦᠰᠦ ᠰᠠᠭᠤᠷᠢ ᠪᠠᠨ ᠪᠠᠬᠢᠵᠢᠭᠦᠯᠬᠦ ᠶᠢ ᠭᠤᠶᠢᠪᠢᠰᠢ ᠦᠭᠡᠢ ᠪᠠᠷᠢᠮᠲᠠᠯᠠᠬᠤ ᠬᠡᠷᠡᠭᠲᠡᠢ᠃ ᠭᠤᠣᠯ ᠠᠵᠢᠯ ᠤᠨ | ᠲᠣᠭᠤᠷᠢᠨ ᠳᠤ ᠪᠦᠬᠦ ᠲᠠᠯ᠎ᠠ ᠳᠤ ᠦᠢᠯᠡᠴᠢᠯᠡᠬᠦ ᠶᠢ ᠪᠠᠷᠢᠮᠲᠠᠯᠠᠬᠤ ᠬᠡᠷᠡᠭᠲᠡᠢ᠃ ᠠᠷᠠᠳ ᠲᠦᠮᠡᠨ ᠢᠶᠠᠷ ᠭᠤᠣᠯ | ᠪᠣᠯᠭᠠᠭᠰᠠᠨ ᠵᠣᠬᠢᠶᠠᠨ ᠪᠦᠲᠦᠭᠡᠬᠦ ᠤᠳᠤᠷᠢᠳᠤᠮᠵᠢ ᠶᠢ ᠪᠠᠷᠢᠮᠲᠠᠯᠠᠬᠤ ᠬᠡᠷᠡᠭᠲᠡᠢ᠃ ᠲᠥᠪ ᠶᠣᠰᠣ ᠶᠢ ᠪᠠᠳᠠᠷᠠᠭᠤᠯᠬᠤ ᠶᠢ | ᠪᠠᠷᠢᠮᠲᠠᠯᠠᠵᠤ᠂ ᠰᠤᠷᠲᠠᠯ ᠴᠢᠬᠡᠴᠢ ᠣᠪᠣᠷ ᠲᠥᠪ ᠤᠳᠬ᠎ᠠ ᠤᠷᠠᠯᠢᠭ ᠤᠨ ᠠᠮᠢ ᠠᠬᠤᠢ ᠶᠢ ᠴᠢᠷᠮᠠᠶᠢᠨ ᠪᠤᠢ ᠪᠣᠯᠭᠠᠬᠤ | ᠬᠡᠷᠡᠭᠲᠡᠢ᠃ | ᠰᠦᠩ ᠵᠤᠤ ᠬᠤᠸᠠ ᠬᠤᠷᠠᠯ ᠳᠡᠭᠡᠷ᠎ᠡ᠂ ᠲᠤᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ | ᠪᠣᠯᠤᠨ ᠥᠷᠭᠡᠨ ᠤᠯᠠᠨ ᠤᠳᠭ᠋᠎ᠠ ᠤᠷᠠᠯᠢᠭ ᠤᠨ ᠠᠵᠢᠯᠲᠠᠳ ᠶᠡᠷᠦᠩᠬᠡᠢ ᠱᠦᠵᠢ ᠰᠢ ᠶᠢᠨ ᠫᠢᠩ ᠤᠨ ᠬᠠᠶᠢᠷ᠎ᠠ | ᠬᠠᠯᠠᠮᠵᠢ ᠶᠢ ᠭᠦᠨᠵᠡᠭᠡᠢ ᠤᠢᠢᠯᠠᠭᠠᠨ ᠡᠵᠡᠮᠰᠢᠵᠦ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠴᠠᠭ ᠦᠶ᠎ᠡ ᠶᠢᠨ | ᠭᠤᠣᠯ ᠰᠡᠳᠦᠪ ᠢ ᠭᠦᠨᠵᠡᠭᠡᠢ ᠡᠵᠡᠮᠳᠡᠵᠦ᠂ ᠠᠷᠠᠳ ᠤᠯᠠᠨ ᠤ ᠦᠵᠡᠵᠦ ᠰᠣᠨᠣᠰᠬᠤ ᠳᠤᠷᠠᠲᠠᠢ ᠠᠯᠢ ᠤᠯᠠᠨ | ᠰᠢᠯᠢᠳᠡᠭ ᠤᠳᠬ᠎ᠠ ᠤᠷᠠᠯᠢᠭ ᠤᠨ ᠪᠦᠲᠦᠭᠡᠯ ᠢ ᠵᠣᠬᠢᠶᠠᠨ ᠪᠦᠲᠦᠭᠡᠵᠦ᠂ ᠪᠦᠲᠦᠭᠡᠯ ᠤᠨ ᠵᠣᠷᠢᠭ ᠰᠠᠨᠠᠭᠠᠨ ᠤ | ᠦᠨᠳᠦᠷᠴᠡ᠂ ᠰᠣᠶᠣᠯ ᠤᠨ ᠠᠭᠤᠯᠤᠭᠳᠠᠬᠤᠨ᠂ ᠤᠷᠠᠯᠢᠭ ᠤᠨ ᠦᠨ᠎ᠡ ᠦᠷᠳᠡᠭ ᠢ ᠲᠠᠰᠤᠷᠠᠯᠲᠠ ᠦᠭᠡᠢ | ᠳᠡᠭᠡᠭᠰᠢᠯᠡᠭᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠤᠶᠤᠨ ᠰᠠᠨᠠᠭᠠᠨ ᠤ ᠭᠡᠷ ᠣᠷᠣᠨ ᠢ ᠬᠠᠮᠲᠤ ᠪᠠᠷ | ᠪᠠᠶᠢᠭᠤᠯᠬᠤ ᠬᠡᠷᠡᠭᠲᠡᠢ ᠭᠡᠵᠦ ᠢᠯᠡᠳᠬᠡᠪᠡ᠃ | ᠰᠢᠭᠤᠶᠢᠲᠤ ᠲᠣᠭᠤᠷᠢᠭ ᠤᠨ ᠠᠵᠢᠯᠴᠢᠨ ᠤ ᠶᠡᠷᠦᠩᠬᠡᠢ ᠡᠪᠯᠡᠯ ᠤᠨ ᠬᠠᠷᠢᠭᠤᠴᠠᠯᠭᠠᠲᠠᠨ ᠪᠦᠬᠦ | ᠲᠣᠭᠤᠷᠢᠭ ᠤᠨ ᠣᠯᠠᠨ ᠲᠦᠮᠡᠨ ᠤ ᠪᠦᠯᠬᠦᠮ ᠤᠨ ᠵᠣᠬᠢᠶᠠᠨ ᠪᠠᠶᠢᠭᠤᠯᠤᠯᠲᠠ ᠶᠢ ᠲᠥᠯᠥᠭᠡᠯᠡᠨ ᠶᠡᠭᠡ ᠬᠤᠷᠠᠯ ᠳᠤ | ᠪᠠᠶᠠᠷ ᠤᠨ ᠦᠭᠡ ᠬᠡᠯᠡᠪᠡ᠃ ᠡᠯ᠎ᠡ ᠠᠬ᠎ᠠ ᠳᠡᠭᠦᠦ ᠬᠤᠰᠢᠭᠤ ᠰᠢᠶᠠᠨ ᠲᠣᠭᠤᠷᠢᠭ ᠰᠢᠭᠤᠶᠢᠲᠤ ᠲᠣᠭᠤᠷᠢᠭ ᠤᠨ | ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠤᠨ ᠳᠥᠷᠪᠡᠳᠦᠭᠡᠷ ᠤᠳᠠᠭᠠᠨ ᠤ ᠲᠥᠯᠥᠭᠡᠯᠡᠭᠴᠢᠳ ᠤᠨ ᠶᠡᠭᠡ | ᠬᠤᠷᠠᠯ ᠤᠨ ᠬᠤᠷᠠᠯᠳᠤᠭᠰᠠᠨ ᠳᠤ ᠪᠠᠶᠠᠷ ᠤᠨ ᠵᠠᠬᠢᠳᠠᠯ ᠳᠡᠪᠰᠢᠭᠦᠯᠪᠡ᠃ | ᠬᠤᠷᠠᠯ ᠳᠡᠭᠡᠷ᠎ᠡ᠂ ᠲᠤᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠲᠡᠷᠢᠭᠦᠯᠡᠭᠴᠢ ᠸᠠᠩ | ᠾᠦᠢ ︽ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠳᠤ ᠠᠩᠬᠠᠷᠤᠯ ᠢᠶᠠᠨ ᠲᠥᠪᠯᠡᠷᠡᠭᠦᠯᠦᠨ ᠰᠢᠨ᠎ᠡ ᠴᠠᠭ | ᠦᠶ᠎ᠡ ᠶᠢᠨ ᠰᠣᠶᠣᠯ ᠤᠨ ᠥᠨᠳᠦᠷᠯᠢᠭ ᠢ ᠪᠦᠬᠦ ᠬᠦᠴᠦᠨ ᠢᠶᠠᠷ ᠢᠶᠠᠨ ᠴᠣᠭᠴᠠᠯᠠᠶ᠎ᠠ︾ ᠭᠡᠬᠦ ᠰᠡᠳᠦᠪ ᠢᠶᠠᠷ ᠰᠢᠭᠤᠶᠢᠲᠤ | ᠲᠣᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠭᠤᠷᠪᠠᠳᠤᠭᠠᠷ ᠬᠤᠭᠤᠴᠠᠭᠠᠨ ᠤ ᠵᠥᠪᠯᠡᠯ ᠢ | ᠲᠥᠯᠥᠭᠡᠯᠡᠨ ᠶᠡᠭᠡ ᠬᠤᠷᠠᠯ ᠳᠤ ᠢᠯᠡᠳᠬᠡᠯ ᠬᠢᠪᠡ᠃ | ᠶᠡᠭᠡ ᠬᠤᠷᠠᠯ ᠠᠴᠠ ᠰᠢᠭᠤᠶᠢᠲᠤ ᠲᠣᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ | ᠭᠤᠷᠪᠠᠳᠤᠭᠠᠷ ᠬᠤᠭᠤᠴᠠᠭᠠᠨ ᠤ ᠵᠥᠪᠯᠡᠯ ᠤᠨ ᠠᠵᠢᠯ ᠤᠨ ᠮᠡᠳᠡᠭᠦᠯᠦᠯᠲᠡ ᠪᠣᠯᠤᠨ ︽ᠰᠢᠭᠤᠶᠢᠲᠤ ᠲᠣᠭᠤᠷᠢᠭ ᠤᠨ | ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠲᠦᠷᠢᠮ︾᠂ ︽ᠰᠢᠭᠤᠶᠢᠲᠤ ᠲᠣᠭᠤᠷᠢᠭ ᠤᠨ ᠤᠳᠬ᠎ᠠ | ᠤᠷᠠᠯᠢᠭ ᠤᠨ ᠬᠢᠨ ᠤ ᠬᠤᠯᠪᠣᠭ᠎ᠠ ᠶᠢᠨ ᠳᠥᠷᠪᠡᠳᠦᠭᠡᠷ ᠬᠤᠭᠤᠴᠠᠭᠠᠨ ᠤ ᠵᠥᠪᠯᠡᠯ ᠤᠨ ᠭᠡᠰᠢᠭᠦᠨ ᠢ ᠰᠣᠩᠭᠤᠬᠤ | ᠠᠷᠭ᠎ᠠ︾ ᠶᠢ ᠬᠢᠨᠠᠨ ᠵᠥᠪᠯᠡᠵᠦ ᠪᠠᠲᠤᠯᠠᠪᠠ᠃ | ᠶᠡᠭᠡ ᠬᠤᠷᠠᠯ ᠤᠨ ᠰᠣᠩᠭᠤᠭᠤᠯᠢ ᠪᠠᠷ ᠳᠠᠮᠵᠢᠨ᠂ ᠸᠠᠩ ᠾᠦᠢ ᠪᠦᠷᠢᠨ ᠪᠢᠯᠧᠲ ᠢᠶᠠᠷ ᠰᠢᠭᠤᠶᠢᠲᠤ | ᠲᠣᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠳᠥᠷᠪᠡᠳᠦᠭᠡᠷ ᠬᠤᠭᠤᠴᠠᠭᠠᠨ ᠤ ᠵᠥᠪᠯᠡᠯ ᠤᠨ | ᠲᠡᠷᠢᠭᠦᠯᠡᠭᠴᠢ ᠪᠠᠷ ᠰᠣᠩᠭᠤᠭᠳᠠᠪᠠ᠃ ᠸᠠᠩ ᡁᠢ ᠰᠢᠶᠠᠩ᠂ ᠸᠠᠩ ᠷᠦ᠂ ᠯᠢᠦ ᠪᠦᠦ ᠯᠢ᠂ ᠬᠠᠨ ᠵᠢᠶᠦ᠋ᠨ ᠸᠧᠢ᠂ | ᠭᠤᠤ ᠵᠢᠶᠠᠨ ᠵᠢᠶᠦ᠋ᠨ᠂ ᠸᠧᠢ ᠨᠠ ᠰᠢᠭᠤᠶᠢᠲᠤ ᠲᠣᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ | ᠳᠥᠷᠪᠡᠳᠦᠭᠡᠷ ᠬᠤᠭᠤᠴᠠᠭᠠᠨ ᠤ ᠵᠥᠪᠯᠡᠯ ᠤᠨ ᠳᠡᠳ᠋ ᠲᠡᠷᠢᠭᠦᠯᠡᠭᠴᠢ ᠪᠠᠷ ᠰᠣᠩᠭᠤᠭᠳᠠᠪᠠ᠃ ᠸᠧᠢ ᠨᠠ ᠶᠢ ᠨᠠᠷᠢᠨ | ᠪᠢᠴᠢᠭ ᠤᠨ ᠳᠠᠷᠤᠭ᠎ᠠ ᠪᠠᠷ ᠤᠷᠢᠨ ᠲᠣᠮᠢᠯᠠᠵᠠᠢ᠃ | ᠶᠡᠭᠡ ᠬᠤᠷᠠᠯ ᠠᠴᠠ ᠾᠧ ᠱᠤᠤ ᠬᠤᠸᠠ ᠵᠡᠷᠭᠡ 10 ᠬᠥᠮᠦᠨ ᠢ ᠰᠢᠭᠤᠶᠢᠲᠤ ᠲᠣᠭᠤᠷᠢᠭ ᠤᠨ ᠤᠳᠬ᠎ᠠ | ᠤᠷᠠᠯᠢᠭ ᠤᠨ ᠬᠢᠨ ᠤ ᠬᠤᠯᠪᠣᠭ᠎ᠠ ᠶᠢᠨ ᠳᠥᠷᠪᠡᠳᠦᠭᠡᠷ ᠬᠤᠭᠤᠴᠠᠭᠠᠨ ᠤ ᠵᠥᠪᠯᠡᠯ ᠤᠨ ᠨᠡᠷ᠎ᠡ ᠬᠦᠨᠳᠦᠲᠦ | ᠲᠡᠷᠢᠭᠦᠯᠡᠭᠴᠢ᠂ ᠨᠡᠷ᠎ᠡ ᠬᠦᠨᠳᠦᠲᠦ ᠳᠡᠳ᠋ ᠲᠡᠷᠢᠭᠦᠯᠡᠭᠴᠢ ᠪᠠᠷ ᠤᠷᠢᠭᠰᠠᠨ ᠪᠥᠭᠡᠳ ᠤᠷᠢᠯᠭ᠎ᠠ ᠶᠢᠨ ᠪᠢᠴᠢᠭ | ᠭᠠᠷᠳᠠᠭᠤᠯᠵᠠᠢ᠃ | ᠲᠤᠰ ᠡᠳᠦᠷ ᠤᠨ ᠦᠳᠡ ᠶᠢᠨ ᠡᠮᠦᠨ᠎ᠡ᠂ ᠶᠡᠭᠡ ᠬᠤᠷᠠᠯ ᠡᠯ᠎ᠡ ᠵᠦᠢᠯ ᠤᠨ ᠵᠥᠪᠯᠡᠬᠦ ᠵᠦᠢᠯ ᠢᠶᠠᠨ ᠲᠡᠭᠦᠰ | ᠠᠮᠵᠢᠯᠲᠠ ᠲᠠᠢ ᠪᠡᠶᠡᠯᠡᠭᠦᠯᠵᠦ᠂ ᠠᠮᠵᠢᠯᠲᠠ ᠲᠠᠢ ᠲᠡᠭᠦᠰᠪᠡ᠃ | | ᠲᠤᠰ ᠤᠳᠠᠭᠠᠨ ᠤ ᠰᠢᠭᠤᠶᠢᠲᠤ ᠲᠣᠭᠤᠷᠢᠭ ᠤᠨ ᠤᠳᠬ᠎ᠠ ᠤᠷᠠᠯᠢᠭ ᠤᠨ ᠬᠢᠨ ᠤ ᠬᠤᠯᠪᠣᠭᠠᠲᠤ ᠬᠤᠷᠠᠯ ᠤᠨ | ᠳᠥᠷᠪᠡᠳᠦᠭᠡᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ ᠠᠮᠵᠢᠯᠲᠠ ᠲᠠᠢ ᠬᠤᠷᠠᠯᠳᠤᠭᠰᠠᠨ ᠨᠢ ᠰᠢᠭᠤᠶᠢᠲᠤ | ᠲᠣᠭᠤᠷᠢᠭ ᠤᠨ ᠤᠳᠬ᠎ᠠ ᠤᠷᠠᠯᠢᠭ ᠤᠨ ᠦᠢᠯᠡᠰ ᠤᠨ ᠬᠥᠭᠵᠢᠯᠲᠡ ᠳᠤ ᠰᠢᠨ᠎ᠡ ᠠᠮᠢᠵᠢᠷᠠᠯ ᠤᠨ ᠬᠦᠴᠦᠨ ᠣᠯᠭᠤᠵᠠᠢ᠃ | ᠰᠢᠨ᠎ᠡ ᠭᠠᠷᠤᠭ᠎ᠠ ᠳᠡᠭᠡᠷ᠎ᠡ᠂ ᠰᠢᠭᠤᠶᠢᠲᠤ ᠲᠣᠭᠤᠷᠢᠭ ᠤᠨ ᠤᠳᠬ᠎ᠠ ᠤᠷᠠᠯᠢᠭ ᠤᠨ ᠡᠲᠡᠭᠡᠳ ᠤᠨ ᠬᠢᠨ ᠨᠠᠩ | ᠣᠷᠭᠢᠯᠤᠮ᠎ᠠ ᠬᠠᠯᠠᠭᠤᠨ ᠰᠡᠳᠬᠢᠯᠭᠡ᠂ ᠨᠠᠩ ᠴᠤᠭ ᠪᠠᠳᠠᠷᠠᠩᠭᠤᠶ ᠲᠡᠮᠡᠴᠡᠯ ᠤᠨ ᠵᠣᠷᠢᠭ ᠢᠶᠠᠷ ᠤᠳᠬ᠎ᠠ ᠤᠷᠠᠯᠢᠭ ᠤᠨ | ᠦᠢᠯᠡᠰ ᠤᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠵᠦ᠂ ᠰᠢᠭᠤᠶᠢᠲᠤ ᠲᠣᠭᠤᠷᠢᠭ ᠤᠨ ᠰᠣᠶᠣᠯ ᠤᠨ | ᠴᠡᠴᠡᠭᠯᠡᠯᠲᠡ ᠪᠠ ᠨᠡᠶᠢᠭᠡᠮ ᠤᠨ ᠳᠠᠪᠰᠢᠯᠲᠠ ᠳᠤ ᠨᠠᠩ ᠶᠡᠭᠡ ᠬᠤᠪᠢ ᠨᠡᠮᠡᠷᠢ ᠦᠵᠡᠭᠦᠯᠬᠦ ᠪᠣᠯᠤᠨ᠎ᠠ᠃ | |