ᠣᠶᠢᠷ᠎ᠠ ᠳᠤ᠂ ᠰᠢᠭᠤᠶᠢᠲᠤ ᠵᠡᠭᠡᠯᠢ ᠭᠤᠳᠤᠮᠵᠢ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠬᠠᠯᠠᠮᠰᠢᠯ ᠤᠲᠠᠰᠤ ᠪᠠᠷ ᠳᠠᠮᠵᠢᠭᠤᠯᠤᠨ᠂ ᠰᠠᠭᠤᠭᠠᠯᠢ ᠠᠷᠠᠳ ᠤᠨ ᠬᠦᠰᠡᠯ ᠱᠠᠭᠠᠷᠳᠠᠯᠭ᠎ᠠ ᠶᠢ ᠴᠠᠭ ᠲᠤᠬᠠᠶ ᠳᠤᠨᠢ | ᠳᠠᠭᠠᠵᠤ᠂ ᠰᠠᠭᠤᠭᠠᠯᠢ ᠠᠷᠠᠳ ᠢ ᠵᠣᠪᠠᠭᠠᠵᠤ ᠪᠠᠶᠢᠭ᠎ᠠ ᠬᠤᠶᠠᠷ ᠬᠦᠴᠢᠷ ᠠᠰᠠᠭᠤᠳᠠᠯ ᠢ ᠥᠨᠳᠥᠷ ᠪᠦᠲᠦᠮᠵᠢᠲᠡᠶ ᠪᠠᠷ | ᠰᠢᠢᠳᠪᠦᠷᠢᠯᠡᠵᠦ᠂ ᠪᠣᠳᠠᠲᠤ ᠠᠵᠢᠯᠯᠠᠭ᠎ᠠ ᠪᠠᠷ ᠢᠶᠠᠨ ︽ᠠᠷᠠᠳ ᠲᠦᠮᠡᠨ ᠬᠦᠰᠡᠯ ᠱᠠᠭᠠᠷᠳᠠᠯᠭ᠎ᠠ ᠲᠠᠢ ᠪᠣᠯ ᠪᠢᠳᠡ | ᠬᠠᠷᠢᠭᠤ ᠲᠤᠰᠬᠠᠯ ᠲᠠᠢ︾ ᠪᠠᠶᠢᠬᠤ ᠦᠢᠯᠡᠴᠢᠯᠡᠭᠡᠨ ᠤ ᠣᠶᠢᠯᠠᠭᠠᠭᠳᠠᠬᠤᠨ ᠢ ᠲᠠᠶᠢᠯᠪᠤᠷᠢᠯᠠᠵᠤ᠂ ᠰᠠᠭᠤᠭᠠᠯᠢ | ᠠᠷᠠᠳ ᠤᠨ ᠨᠢᠭᠡᠳᠦᠯᠲᠡᠶ ᠰᠠᠶᠢᠨ ᠦᠨᠡᠯᠡᠯᠲᠡ ᠶᠢ ᠣᠯᠤᠭᠰᠠᠨ ᠪᠠᠶᠢᠨ᠎ᠠ᠃ | ᠵᠢᠱᠢᠶ᠎ᠡ ᠨᠢᠭᠡ᠄ ᠤᠰᠤ ᠵᠠᠯᠠᠬᠤ ᠬᠤᠭᠤᠯᠠᠶ ᠶᠢ ᠪᠠᠴᠢᠮ ᠨᠡᠪᠲᠡᠷᠡᠭᠦᠯᠵᠦ᠂ ᠰᠠᠭᠤᠭᠠᠯᠢ ᠠᠷᠠᠳ ᠤᠨ | ᠠᠮᠢᠳᠤᠷᠠᠯ ᠤᠨ ︽ᠰᠠᠨᠠᠭ᠎ᠠ ᠠᠮᠤᠷ ᠱᠤᠭᠤᠮ︾ ᠢ ᠰᠠᠬᠢᠨ ᠬᠠᠮᠠᠭᠠᠯᠠᠪᠠ | ᠰᠢᠭᠤᠶᠢᠲᠤ ᠵᠡᠭᠡᠯᠢ ᠭᠤᠳᠤᠮᠵᠢ ᠶᠢᠨ ᠰᠢᠨ ᠸᠠᠩ ᠨᠡᠶᠢᠭᠡᠮ ᠲᠣᠭᠤᠷᠢᠭ ᠤᠨ 8 ᠳ᠋ᠤᠭᠠᠷ ᠠᠰᠠᠷ ᠤᠨ | ᠰᠠᠭᠤᠭᠠᠯᠢ ᠠᠷᠠᠳ 12345 ᠬᠠᠯᠠᠮᠰᠢᠯ ᠤᠲᠠᠰᠤ ᠪᠠᠷ ᠳᠠᠮᠵᠢᠨ᠂ ᠲᠤᠰ ᠭᠠᠵᠠᠷ ᠤᠨ ᠭᠠᠵᠠᠷ ᠳᠣᠣᠷᠠᠬᠢ ᠤᠰᠤᠨ | ᠬᠤᠳᠳᠤᠭ ᠪᠥᠭᠯᠡᠷᠡᠵᠦ᠂ ᠪᠣᠬᠢᠷ ᠤᠰᠤ ᠭᠠᠵᠠᠷ ᠳᠣᠣᠷᠠᠬᠢ ᠥᠷᠥᠭᠡᠨ ᠳᠤ ᠭᠤᠭᠤᠵᠢᠵᠤ᠂ ᠰᠠᠭᠤᠭᠠᠯᠢ ᠠᠷᠠᠳ ᠤᠨ | ᠠᠮᠢᠳᠤᠷᠠᠯ ᠢ ᠨᠦᠯᠦᠭᠡᠯᠡᠭᠰᠡᠨ ᠢᠶᠠᠷ ᠪᠠᠷᠠᠬᠤ ᠦᠭᠡᠢ ᠪᠠᠰᠠ ᠠᠮᠤᠷ ᠲᠦᠪᠰᠢᠨ ᠤ ᠳᠠᠯᠳᠠ ᠭᠡᠮ ᠣᠷᠣᠰᠢᠵᠤ | ᠪᠠᠶᠢᠬᠤ ᠶᠢ ᠳᠤᠰᠬᠠᠪᠠ ᠃ ᠰᠠᠭᠤᠭᠠᠯᠢ ᠠᠷᠠᠳ ᠤᠨ ᠲᠤᠰᠬᠠᠯ ᠢ ᠣᠯᠤᠭᠰᠠᠨ ᠤ ᠳᠠᠷᠠᠭ᠎ᠠ᠂ ᠵᠡᠭᠡᠯᠢ ᠭᠤᠳᠤᠮᠵᠢ | ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠳᠠᠷᠦ᠋ᠢᠬᠠᠨ ᠠᠵᠢᠯᠲᠠᠨ ᠢᠶᠠᠨ ᠳᠣᠭᠢᠷᠠᠭᠤᠯᠤᠨ ᠲᠤᠬᠠᠶ ᠶᠢᠨ | ᠲᠠᠯᠠᠪᠤᠷ ᠲᠤ ᠬᠦᠷᠴᠦ ᠪᠠᠶᠢᠳᠠᠯ ᠢ ᠪᠠᠶᠢᠴᠠᠭᠠᠨ ᠦᠵᠡᠬᠦ ᠶᠢᠨ ᠬᠠᠮᠲᠤ ᠭᠤᠸᠠᠩ ᠶᠤᠸᠠᠨ ᠺᠣᠮᠫᠠᠨᠢ ᠲᠠᠢ ᠬᠠᠷᠢᠯᠴᠠᠵᠤ | ᠱᠠᠯᠠᠪᠳᠠᠨ ᠵᠠᠰᠠᠪᠠ᠃ ᠵᠡᠭᠡᠯᠢ ᠭᠤᠳᠤᠮᠵᠢ ᠶᠢᠨ ᠢᠳᠡᠪᠬᠢᠲᠡᠢ ᠵᠣᠬᠢᠴᠠᠭᠤᠯᠬᠤ ᠪᠠ ᠭᠤᠸᠠᠩ ᠶᠤᠸᠠᠨ ᠺᠣᠮᠫᠠᠨᠢ ᠶᠢᠨ | ᠪᠦᠬᠦ ᠬᠦᠴᠦᠨ ᠢᠶᠠᠷ ᠢᠶᠠᠨ ᠬᠠᠮᠵᠢᠯᠴᠠᠬᠤ ᠪᠠᠷ ᠳᠠᠮᠵᠢᠨ᠂ ᠭᠠᠵᠠᠷ ᠳᠣᠣᠷᠠᠬᠢ ᠤᠰᠤ ᠨᠡᠪᠴᠢᠬᠦ ᠠᠰᠠᠭᠤᠳᠠᠯ ᠢ | ᠲᠦᠢᠯᠪᠤᠷᠢᠲᠠᠢ ᠰᠢᠢᠳᠪᠦᠷᠢᠯᠡᠵᠦ᠂ ᠰᠠᠭᠤᠭᠠᠯᠢ ᠠᠷᠠᠳ ᠤᠨ ᠬᠡᠪ ᠤᠨ ᠠᠮᠢᠳᠤᠷᠠᠯ ᠪᠠ ᠶᠠᠪᠤᠵᠤ ᠰᠠᠭᠤᠬᠤ ᠠᠮᠤᠷ | ᠲᠦᠪᠰᠢᠨ ᠢ ᠪᠠᠲᠤᠯᠠᠪᠠ᠃ | | ᠵᠢᠱᠢᠶ᠎ᠡ ᠬᠤᠶᠠᠷ ᠄ ᠮᠣᠷᠤᠶᠢᠵᠤ ᠬᠡᠯᠪᠡᠶᠢᠭᠰᠡᠨ ᠵᠠᠷ ᠮᠡᠳᠡᠭᠡᠨ ᠤ ᠫᠠᠶᠢᠰᠠ ᠶᠢ ᠨᠤᠷᠠᠭᠠᠨ ᠠᠪᠴᠤ ᠠᠮᠤᠷ | ᠲᠦᠪᠰᠢᠨ ᠤ ᠳᠠᠯᠳᠠ ᠭᠡᠮ ᠢ ᠠᠷᠢᠯᠭᠠᠪᠠ | ᠰᠠᠭᠤᠭᠠᠯᠢ ᠠᠷᠠᠳ 12345 ᠬᠠᠯᠠᠮᠰᠢᠯ ᠤᠲᠠᠰᠤ ᠪᠠᠷ ᠳᠠᠮᠵᠢᠨ᠂ ᠰᠢᠭᠤᠶᠢᠲᠤ ᠲᠣᠭᠤᠷᠢᠭ ᠤᠨ | ᠬᠠᠭᠤᠴᠢᠨ ᠲᠣᠭᠤᠷᠢᠭ ᠤᠨ ᠬᠤᠶᠢᠲᠤ ᠵᠡᠭᠡᠯᠢ ᠶᠢᠨ ᠠᠷᠪᠠᠨ ᠲᠠᠪᠤᠳᠤᠭᠠᠷ ᠳᠤᠮᠳᠠᠳᠤ ᠰᠤᠷᠭᠠᠭᠤᠯᠢ ᠶᠢᠨ ᠬᠠᠭᠤᠴᠢᠨ | ᠪᠠᠭᠤᠷᠢ ᠶᠢᠨ ᠡᠰᠡᠷᠭᠦ ᠲᠠᠯ᠎ᠠ ᠳᠤ ᠨᠢᠭᠡ ᠲᠣᠮᠣ ᠵᠠᠷ ᠮᠡᠳᠡᠭᠡᠨ ᠤ ᠫᠠᠶᠢᠰᠠ ᠪᠣᠰᠬᠠᠵᠠᠢ ᠂ ᠲᠤᠰ ᠭᠠᠵᠠᠷ ᠲᠤ ᠡᠮᠦᠨ᠎ᠡ ᠨᠢ | ᠺᠢᠨᠣ᠋ ᠰᠡᠭᠦᠳᠡᠷᠯᠡᠵᠦ ᠪᠠᠶᠢᠵᠠᠢ ᠂ ᠵᠦᠴᠦᠭᠡ ᠶᠢᠨ ᠳᠣᠭᠤᠶᠢᠯᠠᠩ ᠶᠠᠪᠤᠭᠰᠠᠨ ᠤ ᠳᠠᠷᠠᠭ᠎ᠠ ᠵᠠᠷ ᠤᠨ ᠫᠠᠶᠢᠰᠠ ᠶᠢ ᠠᠪᠴᠤ | ᠬᠠᠶᠠᠭᠰᠠᠨ ᠦᠭᠡᠢ᠂ ᠣᠳᠣ ᠲᠤᠰ ᠫᠠᠶᠢᠰᠠ ᠨᠢᠭᠡᠨᠲᠡ ᠰᠤᠯᠠᠳᠴᠤ᠂ ᠠᠮᠤᠷ ᠲᠦᠪᠰᠢᠨ ᠤ ᠳᠠᠯᠳᠠ ᠭᠡᠮ | ᠣᠷᠤᠰᠢᠵᠤ ᠪᠠᠶᠢᠬᠤ ᠶᠢ ᠳᠤᠰᠬᠠᠪᠠ᠃ ᠲᠤᠰᠬᠠᠯ ᠢ ᠣᠯᠤᠭᠰᠠᠨ ᠤ ᠳᠠᠷᠠᠭ᠎ᠠ᠂ ᠵᠡᠭᠡᠯᠢ ᠭᠤᠳᠤᠮᠵᠢ ᠲᠡᠷᠡ ᠳᠠᠷᠤᠶ ᠳᠤᠨᠢ | ᠠᠵᠢᠯᠲᠠᠨ ᠢᠶᠠᠨ ᠵᠣᠬᠢᠶᠠᠨ ᠪᠠᠶᠢᠭᠤᠯᠤᠨ ᠲᠤᠬᠠᠶ ᠶᠢᠨ ᠲᠠᠯᠠᠪᠤᠷ ᠲᠤ ᠬᠦᠷᠴᠦ ᠬᠠᠷᠭᠤᠭᠤᠯᠤᠨ ᠪᠠᠶᠢᠴᠠᠭᠠᠵᠤ᠂ | ᠪᠠᠶᠢᠳᠠᠯ ᠤᠨ ᠦᠨᠡᠨ ᠪᠣᠳᠠᠲᠠᠶ ᠶᠢ ᠨᠤᠲᠠᠯᠠᠭᠰᠠᠨ ᠤ ᠳᠠᠷᠠᠭ᠎ᠠ᠂ ᠲᠡᠷᠡ ᠳᠠᠷᠤᠶ ᠳᠤᠨᠢ ᠲᠤᠰᠬᠠᠶ ᠬᠥᠮᠦᠨ | ᠲᠣᠬᠢᠷᠠᠭᠤᠯᠤᠨ ᠲᠣᠰ ᠵᠠᠷ ᠤᠨ ᠫᠠᠶᠢᠰᠠ ᠶᠢ ᠨᠤᠷᠠᠭᠠᠵᠤ᠂ ᠠᠮᠤᠷ ᠲᠦᠪᠰᠢᠨ ᠤ ᠳᠠᠯᠳᠠ ᠬᠡᠮ ᠢ ᠴᠠᠭ ᠲᠤᠬᠠᠶ ᠳᠤᠨᠢ | ᠠᠷᠢᠯᠭᠠᠵᠤ᠂ ᠨᠠᠭᠠᠰᠢ ᠴᠠᠭᠠᠰᠢ ᠥᠩᠭᠡᠷᠡᠬᠦ ᠬᠥᠮᠦᠨ ᠪᠠ ᠲᠡᠷᠭᠡ ᠬᠥᠰᠬᠡ ᠶᠢᠨ ᠠᠮᠤᠷ ᠲᠦᠪᠰᠢᠨ ᠢ ᠪᠠᠲᠤᠯᠠᠭᠰᠠᠨ | ᠪᠠᠶᠢᠨ᠎ᠠ᠃ | | | ᠡᠨᠡ ᠬᠤᠶᠠᠷ ᠡᠭᠡᠯ ᠵᠢᠷ ᠤᠨ ᠪᠣᠯᠪᠠᠴᠤ ᠰᠠᠭᠤᠭᠠᠯᠢ ᠠᠷᠠᠳ ᠤᠨ ᠠᠮᠢ ᠪᠡᠶ᠎ᠡ ᠶᠢᠨ ᠠᠰᠢᠭ ᠲᠤᠰᠠ ᠲᠠᠢ | ᠬᠤᠯᠪᠣᠭᠳᠠᠵᠤ ᠪᠠᠶᠢᠭ᠎ᠠ ᠶᠠᠪᠤᠳᠠᠯ ᠨᠢ ᠂ ᠶᠠᠭ ᠰᠠᠶᠢᠬᠠᠨ ᠰᠢᠭᠤᠶᠢᠲᠤ ᠵᠡᠭᠡᠯᠢ ᠭᠤᠳᠤᠮᠵᠢ ᠶᠢᠨ 12345 ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠬᠠᠯᠠᠮᠰᠢᠯ ᠤᠲᠠᠰᠤ ᠪᠠᠷ ᠳᠠᠮᠵᠢᠭᠤᠯᠤᠨ ᠰᠠᠭᠤᠭᠠᠯᠢ ᠠᠷᠠᠳ ᠲᠤ ᠪᠣᠳᠠᠲᠠᠢ ᠶᠠᠪᠤᠳᠠᠯ | ᠬᠢᠵᠦ ᠥᠭᠬᠦ᠂ ᠬᠦᠴᠢᠷ ᠠᠰᠠᠭᠤᠳᠠᠯ ᠢ ᠰᠢᠢᠳᠪᠦᠷᠢᠯᠡᠬᠦ ᠠᠮᠢᠳᠤᠯᠢᠭ ᠬᠤᠷᠢᠶᠠᠩᠭᠤᠢ ᠳᠦᠷᠰᠦ ᠪᠣᠯᠣᠨ᠎ᠠ᠃ 12345 | ᠬᠠᠯᠠᠮᠰᠢᠯ ᠤᠲᠠᠰᠤ ᠪᠣᠯ ᠳᠥᠭᠦᠮ ᠲᠤᠭ᠎ᠠ ᠲᠡᠳᠦᠢ ᠪᠢᠰᠢ ᠂ ᠨᠠᠩ ᠴᠤ ᠵᠡᠭᠡᠯᠢ ᠭᠤᠳᠤᠮᠵᠢ ᠪᠣᠯᠤᠨ ᠰᠠᠭᠤᠭᠠᠯᠢ | ᠠᠷᠠᠳ ᠤᠨ ᠬᠤᠭᠤᠷᠣᠨᠳᠣᠬᠢ ︽ᠰᠡᠳᠬᠢᠯ ᠤᠨ ᠬᠥᠭᠦᠷᠭᠡ︾ ᠪᠣᠯᠤᠨ᠎ᠠ᠂ ᠨᠢᠭᠡ ᠲᠠᠯ᠎ᠠ ᠨᠢ ᠰᠠᠭᠤᠭᠠᠯᠢ ᠠᠷᠠᠳ ᠤᠨ | ᠬᠦᠰᠡᠯ ᠱᠠᠭᠠᠷᠳᠠᠯᠭ᠎ᠠ ᠪᠠ ᠬᠦᠰᠡᠯ ᠡᠷᠡᠮᠡᠯᠵᠡᠯ ᠢ ᠬᠤᠯᠪᠣᠵᠤ᠂ ᠨᠥᠭᠦᠭᠡ ᠲᠠᠯ᠎ᠠ ᠨᠢ ᠵᠡᠭᠡᠯᠢ ᠭᠤᠳᠤᠮᠵᠢ ᠶᠢᠨ | ᠬᠠᠷᠢᠭᠤᠴᠠᠯᠭ᠎ᠠ ᠪᠠ ᠡᠭᠦᠷᠭᠡᠯᠡᠯ ᠢ ᠬᠤᠯᠪᠤᠨ᠎ᠠ ᠃ ᠬᠤᠶᠢᠰᠢᠳᠠ ᠶᠢᠨ ᠠᠵᠢᠯ ᠤᠨ ᠳᠤᠮᠳᠠ᠂ ᠰᠢᠭᠤᠶᠢᠳᠤ ᠵᠡᠭᠡᠯᠢ | ᠭᠤᠳᠤᠮᠵᠢ ᠦᠷᠭᠦᠯᠵᠢᠯᠡᠨ 12345 ᠬᠠᠯᠠᠮᠰᠢᠯ ᠤᠲᠠᠰᠤᠨ ᠳᠤ ᠲᠦᠰᠢᠭᠯᠡᠨ᠂ ᠦᠢᠯᠡᠴᠢᠯᠡᠭᠡᠨ ᠤ ᠶᠠᠰᠤ ᠴᠢᠨᠠᠷ ᠪᠠ | ᠠᠵᠢᠯ ᠤᠨ ᠦᠷ᠎ᠡ ᠪᠦᠲᠦᠮᠵᠢ ᠪᠠᠨ ᠲᠠᠰᠤᠷᠠᠯᠲᠠ ᠥᠬᠡᠶ ᠳᠡᠭᠡᠭᠰᠢᠯᠡᠭᠦᠯᠵᠦ᠂ ᠰᠠᠭᠤᠭᠠᠯᠢ ᠠᠷᠠᠳ ᠤᠨ ᠠᠮᠢᠳᠤᠷᠠᠯ | ᠳᠤᠮᠳᠠᠬᠢ ︽ᠪᠠᠭ᠎ᠠ ᠶᠠᠪᠤᠳᠠᠯ︾ ᠨᠢᠭᠡᠪᠦᠷᠢ ᠶᠢ ᠰᠡᠳᠬᠢᠯ ᠳᠡᠯᠪᠢᠨ ᠬᠦᠴᠦ ᠣᠷᠣᠭᠤᠯᠤᠨ ᠰᠠᠶᠢᠲᠤᠷ ᠰᠢᠢᠳᠪᠦᠷᠢᠯᠡᠵᠦ᠂ | ᠰᠠᠭᠤᠭᠠᠯᠢ ᠠᠷᠠᠳ ᠤᠨ ᠬᠦᠷᠲᠡᠮᠵᠢ ᠶᠢᠨ ᠲᠥᠷᠥᠭᠳᠡᠯ᠂ ᠵᠣᠯ ᠵᠢᠷᠭᠠᠯ ᠤᠨ ᠲᠥᠷᠥᠭᠳᠡᠯ ᠪᠠ ᠠᠮᠤᠷ ᠲᠦᠪᠰᠢᠨ ᠤ | ᠲᠥᠷᠥᠭᠳᠡᠯ ᠢ ᠨᠠᠩ ᠲᠡᠭᠦᠯᠳᠡᠷ᠂ ᠨᠠᠩ ᠪᠠᠲᠤᠯᠠᠭ᠎ᠠ ᠲᠠᠢ ᠪᠣᠯᠭᠠᠨ᠎ᠠ᠃ | |