︽2025 ᠣᠨ ᠳᠤ᠂ ᠰᠢᠭᠤᠶᠢᠲᠤ ᠲᠣᠭᠤᠷᠢᠭ ᠨᠢ ᠪᠤᠭᠤᠲᠤ ᠬᠤᠲᠠ ᠶᠢᠨ ︿ᠲᠤᠯᠤᠭᠠᠨ ᠦᠷᠭᠦᠯᠵᠢᠯᠡᠨ | ᠬᠦᠴᠦᠯᠡᠬᠦ︾ ᠪᠠ ᠲᠠᠪᠤᠨ ᠵᠦᠢᠯ ᠤᠨ ᠭᠤᠤᠯᠳᠠᠯᠭ᠎ᠠ ᠪᠣᠯᠬᠤ ᠠᠵᠢᠯ ᠤᠨ ᠪᠠᠶᠢᠷᠢᠯᠠᠭᠤᠯᠤᠯᠲᠠ ᠱᠠᠭᠠᠷᠳᠠᠯᠭ᠎ᠠ ᠶᠢᠨ | ᠲᠣᠭᠤᠷᠢᠨ ᠳᠤ᠂ ᠢᠯᠠᠯᠲᠠ ᠶᠢᠨ ᠡᠷᠴᠢᠨ ᠳᠡᠭᠡᠷ᠎ᠡ ᠪᠠᠨ ᠤᠷᠤᠭᠰᠢᠯᠠᠵᠤ᠂ ᠰᠢᠨᠳᠠᠷᠠᠰᠢ ᠦᠭᠡᠢ ᠴᠢᠷᠮᠠᠶᠢᠨ ᠠᠵᠢᠯᠯᠠᠵᠤ | ᠂ ᠪᠣᠬᠢᠷᠲᠤᠯ ᠥᠬᠡᠶ ᠳᠤᠤᠷ᠎ᠠ ᠨᠡᠭᠦᠷᠡᠰᠦᠲᠥ᠋ᠷᠥᠭᠴᠢᠲᠦ ᠣᠨᠴᠠᠯᠢᠭ ᠢᠶᠠᠷ ᠢᠯᠡ ᠲᠣᠳᠣ ᠴᠢᠨᠠᠷ ᠰᠠᠶᠢᠲᠠᠶ ᠬᠡᠯᠪᠡᠷᠢ ᠪᠠᠨ | ᠬᠤᠪᠢᠷᠠᠭᠤᠯᠤᠨ ᠬᠥᠭᠵᠢᠬᠦ ᠬᠤᠰᠢᠭᠤᠴᠢ ᠣᠷᠣᠨ ᠤ ᠲᠡᠦᠬᠡᠲᠦ ᠴᠢᠨᠠᠷᠲᠠᠶ ᠳᠠᠪᠠᠯᠲᠠ ᠶᠢ ᠴᠢᠷᠮᠠᠶᠢᠨ ᠪᠡᠶᠡᠯᠡᠭᠦᠯᠵᠦ᠂ | ᠮᠠᠨ ᠤ ᠬᠤᠲᠠ ᠶᠢᠨ ᠬᠠᠭᠤᠴᠢᠨ ᠠᠵᠤ ᠦᠢᠯᠡᠳᠪᠦᠷᠢ ᠶᠢᠨ ᠰᠠᠭᠤᠷᠢᠨ ᠭᠠᠵᠠᠷ ᠤᠨ ᠰᠢᠨ᠎ᠡ ᠶᠢ ᠡᠭᠦᠳᠬᠦ | ᠬᠥᠭᠵᠢᠯᠲᠡ ᠶᠢᠨ ᠰᠢᠨ᠎ᠡ ᠵᠠᠮ ᠢᠶᠠᠷ ᠲᠦᠷᠭᠡᠨ ᠵᠠᠮᠨᠠᠬᠤ ᠳᠤ ᠰᠢᠭᠤᠶᠢᠲᠤ ᠲᠣᠭᠤᠷᠢᠭ ᠤᠨ ᠬᠦᠴᠦᠨ ᠴᠢᠳᠠᠯ ᠢᠶᠠᠨ | ᠡᠷᠭᠦᠨ᠎ᠡ︾᠃ ᠣᠶᠢᠷ᠎ᠠ ᠳᠤ᠂ ᠰᠢᠭᠤᠶᠢᠲᠤ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠭᠠᠢ ᠯᠢᠶᠠᠨ ᠢᠦᠢ | ᠰᠤᠷᠪᠤᠯᠵᠢᠯᠠᠭᠴᠢ ᠶᠢᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ᠂ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠦᠨᠡᠨ | ᠬᠦ ᠰᠢᠭᠤᠶᠢᠲᠤ ᠲᠣᠭᠤᠷᠢᠭ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠠᠮᠢᠳᠤᠯᠢᠭ ᠦᠢᠯᠡᠳᠦᠯᠭᠡ ᠪᠣᠯᠭᠠᠨ | ᠬᠤᠪᠢᠷᠠᠭᠤᠯᠤᠨ᠎ᠠ ᠭᠡᠵᠦ ᠢᠯᠡᠷᠬᠡᠶᠢᠯᠡᠪᠡ᠃ | ᠲᠣᠮᠣ ᠲᠦᠷᠦᠯ ᠵᠦᠢᠯ ᠪᠣᠯ ᠠᠵᠤ ᠠᠬᠤᠢ ᠶᠢᠨ ᠬᠥᠭᠵᠢᠯᠲᠡ ᠶᠢᠨ ᠰᠠᠭᠤᠷᠢ ᠮᠥᠨ᠂ ᠰᠢᠭᠤᠶᠢᠲᠤ | ᠲᠣᠭᠤᠷᠢᠭ ᠤᠨ ᠪᠦᠬᠦᠯᠢ ᠴᠣᠭᠴᠠ ᠶᠢᠨ ᠬᠥᠭᠵᠢᠯᠲᠡ ᠶᠢᠨ ᠶᠠᠰᠤ ᠴᠢᠨᠠᠷ ᠦᠷ᠎ᠡ ᠠᠰᠢᠭ ᠢ ᠳᠡᠭᠡᠭᠰᠢᠯᠡᠭᠦᠯᠵᠦ | ᠴᠢᠳᠠᠨ᠎ᠠ᠃ ᠭᠠᠢ ᠯᠢᠶᠠᠨ ᠢᠦᠢ᠂ ᠰᠢᠭᠤᠶᠢᠲᠤ ᠲᠣᠭᠤᠷᠢᠭ ᠨᠢ ︽ᠭᠤᠷᠪᠠᠨ ᠬᠤᠳᠠ ᠨᠢᠭᠡ ᠬᠤᠳᠠ︾ ᠶᠢ | ᠪᠠᠶᠢᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠳᠤ | ᠰᠢᠨ᠎ᠡ ᠴᠢᠨᠠᠷ ᠪᠦᠬᠦᠢ ᠦᠢᠯᠡᠳᠪᠦᠷᠢᠯᠡᠯ ᠤᠨ ᠬᠦᠴᠦᠨ ᠤ ᠬᠥᠭᠵᠢᠯᠲᠡ ᠶᠢ ᠬᠦᠳᠦᠯᠦᠨ ᠳᠠᠭᠠᠭᠤᠯᠬᠤ ᠲᠠᠯ᠎ᠠ ᠪᠠᠷ | ᠰᠢᠪᠲᠤᠯᠤᠯᠲᠠ ᠭᠠᠷᠭᠠᠬᠤ ᠪᠠᠷ ᠴᠢᠷᠮᠠᠶᠢᠨ᠎ᠠ᠃ ᠮᠢᠩ ᠶᠠᠩ ᠤᠨ ᠰᠠᠯᠬᠢᠨ ᠬᠦᠴᠦᠨ ᠤ ᠴᠠᠬᠢᠯᠭᠠᠨ ᠤ ᠲᠣᠨᠤᠭ | ᠲᠥᠬᠦᠭᠡᠷᠦᠮᠵᠢ ᠶᠢᠨ ᠠᠵᠤ ᠦᠢᠯᠡᠰ ᠤᠨ ︽ᠬᠤᠯᠪᠣᠭᠠᠲᠤ ᠴᠣᠭᠴᠠ︾ ᠶᠢ ᠪᠠᠶᠢᠭᠤᠯᠬᠤ ᠶᠢ ᠳᠡᠮᠵᠢᠵᠦ᠂ ᠨᠠᠪᠴᠢ᠂ | ᠰᠠᠯᠬᠢᠨ ᠬᠦᠴᠦᠨ ᠤ ᠴᠠᠬᠢᠯᠭᠠᠨ ᠤ ᠠᠷᠠᠭᠠᠲᠤ ᠬᠦᠷᠳᠦ ᠶᠢᠨ ᠬᠠᠶᠢᠷᠴᠠᠭ᠂ ᠰᠠᠯᠬᠢᠨ ᠬᠦᠴᠦᠨ ᠤ ᠴᠠᠬᠢᠯᠭᠠᠨ ᠤ | ᠬᠤᠯᠬᠤᠪᠴᠢ ᠵᠡᠷᠭᠡ ᠪᠥᠬᠦ ᠠᠵᠤ ᠦᠢᠯᠡᠰ ᠤᠨ ᠬᠡᠯᠬᠢᠶ᠎ᠡ ᠶᠢ ᠬᠠᠮᠤᠷᠤᠭᠰᠠᠨ ᠳᠤᠮᠳᠠ ᠵᠡᠷᠭᠡ ᠶᠢᠨ ᠲᠤᠷᠰᠢᠯᠲᠠ ᠶᠢᠨ | ᠰᠢᠯᠭᠠᠨ ᠦᠨᠡᠯᠡᠬᠦ ᠲᠠᠪᠴᠠᠩ ᠢ ᠪᠠᠶᠢᠭᠤᠯᠵᠤ᠂ ︽ᠤᠮᠠᠷᠠᠲᠤ ᠶᠢᠨ ᠭᠤᠷᠪᠠᠨ ᠣᠷᠣᠨ︾ ᠢ ᠨᠥᠯᠥᠭᠡᠯᠡᠭᠰᠡᠨ ᠰᠢᠯᠭᠠᠨ | ᠪᠠᠶᠢᠴᠠᠭᠠᠬᠤ ᠲᠥᠪ ᠢ ᠪᠠᠶᠢᠭᠤᠯᠤᠨ᠎ᠠ᠃ ᠬᠤᠭᠤᠰᠤᠨ ᠢ ᠨᠦᠬᠦᠪᠦᠷᠢᠯᠡᠬᠦ ᠬᠡᠯᠪᠡᠷᠢ ᠶᠢᠨ ᠠᠵᠤ ᠠᠬᠤᠶᠢᠯᠠᠯ᠂ | ᠨᠥᠬᠦᠪᠥᠷᠢᠯᠡᠬᠦ ᠬᠡᠯᠪᠡᠷᠢ ᠶᠢᠨ ᠲᠥᠷᠥᠯ ᠵᠦᠢᠯ ᠢ ᠨᠠᠷᠢᠯᠢᠭ ᠣᠨᠤᠪᠴᠢᠲᠠᠢ ᠣᠷᠣᠭᠤᠯᠤᠨ ᠠᠪᠴᠢᠷᠠᠵᠤ᠂ ᠰᠠᠯᠬᠢᠨ | ᠬᠦᠴᠦᠨ ᠤ ᠴᠠᠬᠢᠯᠭᠠᠨ ᠤ ᠲᠣᠨᠤᠭ ᠲᠥᠬᠦᠭᠡᠷᠦᠮᠵᠢ ᠦᠢᠯᠡᠳᠬᠦ ᠪᠥᠬᠦ ᠠᠵᠤ ᠦᠢᠯᠡᠰ ᠤᠨ ᠬᠡᠯᠬᠢᠶ᠎ᠡ ᠶᠢ | ᠨᠡᠪᠲᠡᠷᠡᠭᠦᠯᠬᠦ ᠶᠢ ᠠᠬᠢᠭᠤᠯᠤᠨ᠎ᠠ᠃ ︽3 + 5 + N︾ ᠲᠥᠭᠦᠷᠵᠢᠬᠦ ᠠᠵᠤ ᠦᠢᠯᠡᠰ ᠢ ᠰᠣᠯᠪᠢᠴᠠᠭᠤᠯᠤᠨ | ᠬᠥᠭᠵᠢᠭᠦᠯᠵᠦ᠂ ︽ᠰᠠᠯᠬᠢ ᠬᠡᠷᠡᠯ ᠤᠨ ᠢᠯᠴᠢ ᠪᠠᠷ ᠤᠰᠤᠲᠥ᠋ᠷᠥᠭᠴᠢ ᠶᠢ ᠬᠠᠳᠠᠭᠠᠯᠠᠬᠤ︾ ᠣᠲᠣ ᠦᠶ᠎ᠡ ᠶᠢᠨ | ᠡᠨᠧᠷᠭᠢ ᠶᠢᠨ ᠬᠠᠩᠭᠠᠯᠭ᠎ᠠ ᠶᠢᠨ ᠲᠣᠭᠲᠠᠯᠴᠠᠭ᠎ᠠ ᠶᠢ ᠲᠦᠷᠭᠡᠳᠬᠡᠨ ᠪᠠᠶᠢᠭᠤᠯᠵᠤ᠂ ᠨᠡᠭᠦᠷᠡᠰᠦᠨ ᠤ ᠰᠤᠳᠤᠯᠭᠠᠨ ᠤ | ᠰᠢᠨ᠎ᠡ ᠮᠠᠲ᠋ᠧᠷᠢᠶᠠᠯ ᠤᠨ ᠨᠢᠭᠡᠳᠦᠭᠡᠷ ᠬᠤᠭᠤᠴᠠᠭᠠᠨ ᠤ ᠲᠥᠷᠥᠯ ᠵᠦᠢᠯ ᠤᠨ ᠠᠰᠢᠭᠯᠠᠯᠲᠠ ᠳᠤ ᠣᠷᠤᠭᠰᠠᠨ ᠰᠠᠭᠤᠷᠢᠨ | ᠳᠡᠭᠡᠷ᠎ᠡ᠂ ᠬᠤᠶᠠᠳᠤᠭᠠᠷ ᠬᠤᠭᠤᠴᠠᠭᠠᠨ ᠤ ᠠᠽᠣᠲ ᠬᠢᠮᠢ ᠶᠢᠨ ᠪᠣᠷ ᠤᠨ ᠲᠥᠷᠥᠯ ᠵᠦᠢᠯ ᠢ ᠡᠷᠲᠡᠬᠡᠨ | ᠨᠠᠶᠢᠳᠠᠪᠤᠷᠢᠵᠢᠭᠤᠯᠤᠨ ᠪᠠᠶᠢᠭᠤᠯᠤᠨ᠎ᠠ᠃ ᠬᠤᠸᠠ ᠱᠠᠩ᠂ ᠶᠢᠩ ᠺᠧ ᠷᠦᠢ ᠵᠡᠷᠭᠡ ᠬᠤᠪᠣᠷ ᠰᠢᠷᠣᠶ ᠶᠢᠨ | ᠬᠠᠶᠢᠯᠤᠰᠢ ᠶᠢᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠃ ᠶᠠ ᠰᠢᠨ ᠥᠨᠳᠥᠷ | ᠵᠤᠤᠬ᠎ᠠ ᠶᠢᠨ ᠮᠡᠷᠭᠡᠵᠢᠯ ᠤᠨ ᠥᠭᠡᠷᠡᠴᠢᠯᠡᠯᠲᠡ ᠵᠡᠷᠭᠡ 6 ᠲᠥᠷᠥᠯ ᠵᠦᠢᠯ ᠢ ᠵᠢᠯ ᠤᠨ ᠳᠣᠲᠣᠷ᠎ᠠ ᠪᠠᠷᠢᠯᠭ᠎ᠠ | ᠳᠠᠭᠤᠰᠬᠠᠨ᠎ᠠ᠃ 2 × 66 ᠲᠦᠮᠡᠨ ᠺᠢᠯᠣᠸᠠᠲ ᠤᠨ ᠨᠡᠭᠦᠷᠡᠰᠦ ᠴᠠᠬᠢᠯᠭᠠᠨ ᠤ ᠲᠥᠷᠥᠯ ᠵᠦᠢᠯ ᠤᠨ ᠪᠥᠲᠥᠭᠡᠨ | ᠪᠠᠶᠢᠭᠤᠯᠤᠯᠲᠠ ᠶᠢ ᠴᠢᠩᠭ᠎ᠠ ᠠᠩᠬᠠᠷᠴᠤ᠂ ᠨᠡᠭᠦᠷᠡᠰᠦᠨ ᠤ ᠡᠬᠢ ᠪᠠᠶᠠᠯᠢᠭ ᠢ ᠡᠮᠬᠢᠯᠡᠨ ᠨᠡᠶᠢᠯᠡᠭᠦᠯᠬᠦ ᠪᠠ ᠪᠣᠤ ᠱᠢ | ᠲᠡᠮᠦᠷ ᠵᠠᠮ ᠤᠨ ᠲᠥᠷᠥᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠲᠦᠷᠭᠡᠳᠬᠡᠨ ᠪᠡᠶᠡᠯᠡᠭᠦᠯᠵᠦ᠂ ᠰᠠᠭᠠᠳ | ᠥᠬᠡᠶ ᠬᠤᠯᠠ᠂ ᠠᠵᠢᠯᠴᠢ ᠠᠷᠪᠢᠴᠢ ᠪᠠᠷ ᠠᠵᠢᠯᠯᠠᠬᠤ ᠵᠡᠷᠭᠡ ᠲᠥᠷᠥᠯ ᠵᠦᠢᠯ ᠤᠨ ᠠᠰᠢᠭᠯᠠᠯᠲᠠ ᠳᠤ ᠣᠷᠣᠵᠤ | ᠦᠷ᠎ᠡ ᠪᠦᠲᠦᠮᠵᠢ ᠤᠯᠬᠤ ᠶᠢ ᠠᠬᠢᠭᠤᠯᠤᠨ᠎ᠠ᠃ ᠲᠤᠭ᠎ᠠ᠂ ᠳᠣᠤᠷ᠎ᠠ ᠠᠭᠠᠷ᠂ ᠣᠲᠣ ᠦᠶ᠎ᠡ ᠶᠢᠨ ᠦᠢᠯᠡᠴᠢᠯᠡᠭᠡᠨ ᠤ | ᠦᠢᠯᠡᠰ ᠵᠡᠷᠭᠡ ᠬᠥᠬᠡ ᠲᠠᠩᠭᠢᠰ ᠤᠨ ᠰᠢᠨ᠎ᠡ ᠤᠷᠤᠯᠳᠤᠭᠠᠨ ᠤ ᠵᠠᠮ ᠢ ᠢᠳᠡᠪᠬᠢᠲᠡᠶ ᠥᠷᠭᠡᠳᠬᠡᠵᠦ᠂ ᠨᠢᠭᠡ ᠪᠦᠯᠦᠭ | ᠰᠢᠨ᠎ᠡ ᠨᠡᠮᠡᠭᠳᠡᠯ ᠤᠨ ᠬᠥᠳᠡᠯᠭᠡᠭᠦᠷ ᠢ ᠬᠦᠴᠦᠯᠡᠨ ᠪᠤᠶᠢᠵᠢᠭᠤᠯᠤᠨ᠎ᠠ᠃ | ᠰᠢᠭᠤᠶᠢᠲᠤ ᠲᠣᠭᠤᠷᠢᠭ ︽ᠡᠬᠢ ᠰᠤᠷᠪᠤᠯᠵᠢ ᠶᠢ ᠠᠮᠢᠳᠤᠯᠢᠭ ᠪᠠᠶᠢᠯᠭᠠᠬᠤ︾ ᠳᠤ ᠠᠩᠬᠠᠷᠤᠯ ᠢᠶᠠᠨ | ᠲᠥᠪᠯᠡᠷᠡᠭᠦᠯᠵᠦ᠂ ︽ᠬᠤᠶᠠᠷ ᠰᠢᠨ᠎ᠡ︾ ᠶᠢᠨ ᠤᠳᠤᠷᠢᠳᠤᠮᠵᠢ ᠳᠤ ᠰᠢᠨ᠎ᠡ ᠨᠡᠮᠡᠭᠳᠡᠯ ᠤᠨ ᠬᠡᠮᠵᠢᠶ᠎ᠡ ᠶᠢ ᠪᠣᠳᠠᠲᠠᠶ | ᠠᠳᠬᠤᠵᠤ ᠰᠢᠨ᠎ᠡ ᠨᠡᠮᠡᠭᠳᠡᠯ ᠤᠨ ᠴᠡᠭ ᠢ ᠪᠤᠶᠢᠵᠢᠭᠤᠯᠬᠤ ᠲᠠᠯ᠎ᠠ ᠪᠠᠷ ᠰᠢᠪᠲᠤᠯᠤᠯᠲᠠ ᠭᠠᠷᠭᠠᠬᠤ ᠪᠠᠷ ᠴᠢᠷᠮᠠᠶᠢᠨ᠎ᠠ᠃ | ︽ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠶᠠᠰᠤ ᠴᠢᠨᠠᠷ ᠦᠷ᠎ᠡ ᠠᠰᠢᠭ ᠢ ᠳᠡᠭᠡᠭᠰᠢᠯᠡᠭᠦᠯᠬᠦ ᠣᠨ︾ ᠤ | ᠠᠵᠢᠯᠯᠠᠭ᠎ᠠ ᠶᠢ ᠥᠷᠨᠢᠭᠦᠯᠵᠦ᠂ ᠪᠦᠬᠦ ᠵᠢᠯ ᠳᠤ 50 ᠲᠥᠷᠥᠯ ᠵᠦᠢᠯ ᠳᠤ ᠭᠡᠷ᠎ᠡ ᠲᠣᠭᠲᠠᠬᠤ ᠪᠠᠷ ᠴᠢᠷᠮᠠᠶᠢᠨ᠎ᠠ᠃ ︽ | ᠭᠤᠷᠪᠠ ᠠᠴᠠ ᠬᠤᠶᠠᠷ ᠢ ᠡᠷᠢᠬᠦ︾ ᠶᠢ ᠪᠣᠳᠠᠲᠠᠶ ᠪᠥᠭᠡᠳ ᠨᠠᠷᠢᠯᠢᠭ ᠬᠢᠵᠦ᠂ ᠠᠵᠤ ᠠᠬᠤᠶᠢᠯᠠᠯ ᠢ ᠬᠠᠪᠰᠤᠷᠤᠨ | ᠵᠠᠬᠢᠶᠠᠯᠠᠭ᠎ᠠ ᠶᠢᠨ ᠬᠠᠭᠤᠳᠠᠰᠤ᠂ ᠠᠵᠢᠯᠴᠢᠨ ᠬᠡᠷᠡᠭᠯᠡᠬᠦ᠂ ᠪᠠᠯᠠ ᠲᠣᠬᠢᠷᠠᠭᠤᠯᠭ᠎ᠠ᠂ ᠡᠵᠡᠩᠨᠡᠯᠲᠡ ᠵᠡᠷᠭᠡ ᠲᠠᠯ᠎ᠠ ᠶᠢᠨ | ᠬᠦᠴᠢᠷᠳᠡᠯ ᠢ ᠨᠢ ᠰᠢᠢᠳᠪᠦᠷᠢᠯᠡᠵᠦ᠂ ᠣᠨ ᠤ ᠬᠡᠷᠡᠭᠵᠢᠭᠦᠯᠦᠯᠲᠡ ᠶᠢᠨ 28 ᠴᠢᠬᠤᠯᠠ ᠶᠡᠭᠡ ᠲᠥᠷᠥᠯ ᠵᠦᠢᠯ ᠤᠨ | ᠪᠠᠷᠢᠯᠭ᠎ᠠ ᠳᠠᠭᠤᠰᠬᠠᠬᠤ ᠶᠢ 15 ᠠᠴᠠ ᠳᠤᠲᠠᠭᠤ ᠪᠠᠶᠢᠯᠭᠠᠵᠤ ᠥᠬᠡᠶ ᠶᠢ ᠪᠠᠲᠤᠯᠠᠨ᠎ᠠ᠃ ︽ᠠᠷᠪᠠᠨ ᠲᠠᠪᠤᠳᠤᠭᠠᠷ | ᠲᠠᠪᠤᠨ ᠵᠢᠯ︾ ᠤᠨ ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠶᠢ ᠪᠠᠷᠠᠯᠠᠨ᠂ ᠠᠵᠤ ᠠᠬᠤᠶ ᠶᠢᠨ | ᠨᠡᠭᠡᠭᠡᠯᠲᠡ ᠶᠢᠨ ᠣᠷᠣᠨ ᠤ ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠠᠵᠢᠯ ᠢ ᠲᠦᠷᠭᠡᠳᠬᠡᠨ ᠪᠡᠶᠡᠯᠡᠭᠦᠯᠦᠨ᠎ᠡ᠃ | ︽ᠬᠤᠶᠠᠷ ᠢ ᠰᠤᠯᠠ ᠲᠠᠯᠪᠢᠵᠤ ᠨᠢᠭᠡ ᠶᠢ ᠬᠤᠭᠤᠰᠣᠨ ᠪᠠᠶᠢᠯᠭᠠᠬᠤ︾ ᠦᠷ᠎ᠡ ᠪᠦᠲᠦᠮᠵᠢ ᠶᠢ ᠠᠮᠢᠳᠤᠯᠢᠭ ᠪᠣᠯᠭᠠᠬᠤ | ᠲᠤᠰᠬᠠᠶ ᠠᠵᠢᠯᠯᠠᠭ᠎ᠠ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠵᠢᠯ ᠤᠨ ᠳᠣᠲᠣᠷ᠎ᠠ ᠵᠦᠪᠰᠢᠶᠡᠷᠡᠭᠰᠡᠨ ᠪᠠᠶᠢᠲᠠᠯ᠎ᠠ | ᠦᠯᠦ ᠬᠠᠩᠭᠠᠭᠰᠠᠨ ᠭᠠᠵᠠᠷ ᠰᠢᠷᠣᠶ ᠶᠢ 8.51 ᠾᠧᠺᠲ᠋ᠠᠷ ᠰᠢᠩᠭᠡᠨ᠎ᠡ ᠃ | ᠰᠢᠭᠤᠶᠢᠳᠤ ᠲᠣᠭᠤᠷᠢᠭ ︽ᠭᠤᠷᠪᠠᠨ ᠥᠨᠳᠦᠷᠯᠢᠭ︾ ᠢ ᠪᠦᠲᠦᠭᠡᠨ ᠪᠠᠶᠢᠭᠤᠯᠬᠤ ᠳᠤ ᠠᠩᠬᠠᠷᠤᠯ ᠢᠶᠠᠨ | ᠲᠥᠪᠯᠡᠷᠡᠭᠦᠯᠵᠦ᠂ ᠭᠤᠷᠪᠠᠨ ᠵᠦᠢᠯ ᠤᠨ ᠠᠵᠢᠯᠯᠠᠭ᠎ᠠ ᠠᠷᠠᠳ ᠤᠨ ᠠᠮᠢᠳᠤᠷᠠᠯ ᠤᠨ ᠠᠵᠠ ᠵᠢᠷᠭᠠᠯ ᠢ ᠦᠷᠭᠦᠯᠵᠢᠯᠡᠨ | ᠨᠡᠮᠡᠭᠳᠡᠭᠦᠯᠬᠦ ᠶᠢ ᠠᠬᠢᠭᠤᠯᠬᠤ ᠲᠠᠯ᠎ᠠ ᠪᠠᠷ ᠰᠢᠪᠲᠤᠯᠤᠯᠲᠠ ᠭᠠᠷᠭᠠᠬᠤ ᠪᠠᠷ ᠴᠢᠷᠮᠠᠶᠢᠨ᠎ᠠ᠃ ᠪᠣᠭᠤᠲᠤ ᠶᠢᠨ ᠠᠷᠪᠠᠨ | ᠲᠠᠪᠤᠳᠤᠭᠠᠷ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠶᠢᠨ ᠪᠠᠷᠢᠮᠵᠢᠶᠠᠵᠢᠭᠤᠯᠬᠤ ᠪᠦᠲᠦᠭᠡᠨ ᠪᠠᠶᠢᠭᠤᠯᠤᠯᠲᠠ ᠶᠢᠨ | ᠬᠤᠶᠠᠳᠤᠭᠠᠷ ᠬᠤᠭᠤᠴᠠᠭᠠᠨ ᠤ ᠲᠥᠷᠥᠯ ᠵᠦᠢᠯ ᠢ ᠦᠷᠭᠦᠯᠵᠢᠯᠡᠨ ᠬᠡᠷᠡᠭᠵᠢᠭᠦᠯᠵᠦ᠂ ᠲᠡᠮᠦᠷ ᠵᠠᠮ ᠤᠨ ᠠᠵᠢᠯ | ᠮᠡᠷᠭᠡᠵᠢᠯ ᠤᠨ ᠰᠤᠷᠭᠠᠭᠤᠯᠢ ᠶᠢ ᠠᠰᠢᠭᠯᠠᠯᠲᠠ ᠳᠤ ᠣᠷᠣᠭᠤᠯᠬᠤ ᠶᠢᠨ ᠬᠠᠮᠲᠤ ᠳᠠᠬᠢᠨ ᠠᠳᠠᠭ ᠲᠠᠭᠠᠨ 1 ᠠᠵᠢᠯ | ᠮᠡᠷᠭᠡᠵᠢᠯ ᠤᠨ ᠳᠡᠭᠡᠳᠦ ᠰᠤᠷᠭᠠᠭᠤᠯᠢ ᠶᠢ ᠣᠷᠤᠭᠤᠯᠤᠨ᠎ᠠ᠃ ︽ᠡᠮᠴᠢᠯᠡᠭᠡᠨ ᠤ ᠰᠢᠪᠲᠤᠯᠤᠯᠲᠠ︾ ᠶᠢᠨ | ᠠᠵᠢᠯᠯᠠᠭ᠎ᠠ ᠶᠢ ᠭᠦᠨᠵᠡᠭᠡᠶᠢᠷᠡᠭᠦᠯᠵᠦ᠂ ᠪᠥᠬᠦ ᠬᠤᠲᠠ ᠶᠢᠨ ᠵᠡᠮᠳᠡᠭᠴᠦᠳ ᠤᠨ ᠡᠷᠡᠭᠦᠯᠵᠢᠯ ᠤᠨ ᠶᠡᠷᠦᠩᠬᠡᠶᠢᠯᠡᠭᠰᠡᠨ | ᠦᠢᠯᠡᠴᠢᠯᠡᠭᠡᠨ ᠤ ᠲᠥᠪ ᠢ ᠥᠨᠳᠥᠷ ᠪᠠᠷᠢᠮᠵᠢᠶ᠎ᠠ ᠪᠠᠷ ᠪᠥᠲᠥᠭᠡᠨ ᠪᠠᠶᠢᠭᠤᠯᠵᠤ᠂ ᠪᠥᠬᠦ ᠬᠤᠲᠠ ᠶᠢᠨ ᠬᠡᠪᠴᠢᠶᠡᠨ ᠳᠤ | ᠬᠢᠲᠠᠳ ᠡᠮᠨᠡᠯᠭᠡ ᠶᠢᠨ ᠡᠷᠡᠭᠦᠯᠵᠢᠯ ᠤᠨ ᠣᠨᠴᠠᠯᠢᠭᠲᠤ ᠲᠤᠰᠬᠠᠶ ᠮᠡᠷᠭᠡᠵᠢᠯ ᠤᠨ ᠨᠠᠷᠠᠲᠤ ᠲᠡᠮᠳᠡᠭᠲᠦ ᠶᠢ | ᠳᠠᠭᠤᠷᠢᠰᠤᠭᠤᠯᠤᠨ᠎ᠠ᠃ ᠰᠣᠶᠣᠯ ᠵᠢᠭᠤᠯᠴᠢᠯᠠᠯ ᠤᠨ ᠳᠠᠪᠠᠯᠲᠠ ᠶᠢᠨ ᠠᠵᠢᠯᠯᠠᠭ᠎ᠠ ᠶᠢ ᠭᠦᠨᠵᠡᠭᠡᠶ ᠠᠬᠢᠭᠤᠯᠵᠤ᠂ | ᠰᠣᠳᠣᠨ ᠵᠢᠭᠤᠯᠴᠢᠯᠠᠯ ᠤᠨ ᠵᠠᠮ ᠱᠤᠭᠤᠮ ᠢ ᠲᠣᠭᠲᠠᠭᠠᠨ᠂ ᠣᠨᠴᠠᠯᠢᠭᠲᠤ ᠰᠣᠶᠣᠯ ᠤᠨ ᠡᠭᠦᠳᠦᠯᠲᠡ ᠶᠢᠨ | ᠪᠦᠲᠦᠭᠡᠭᠳᠡᠬᠦᠨ ᠢ ᠨᠡᠭᠡᠭᠡᠨ ᠬᠥᠭᠵᠢᠭᠦᠯᠵᠦ᠂ ︽ᠳ᠋ᠠ ᠹᠠ 1913︾ ᠣᠨᠴᠠᠯᠢᠭᠲᠤ ᠲᠡᠦᠬᠡ ᠰᠣᠶᠣᠯ ᠤᠨ ᠵᠡᠭᠡᠯᠢ | ᠲᠣᠭᠤᠷᠢᠭ ᠵᠡᠷᠭᠡ ᠵᠠᠩᠭᠢᠯᠠᠭ᠎ᠠ ᠶᠢᠨ ᠴᠡᠭ ᠤᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠃ | ︽ᠪᠢ ᠣᠯᠠᠨ ᠲᠦᠮᠡᠨ ᠳᠤ ᠠᠵᠢᠯ ᠡᠷᠢᠵᠦ ᠥᠭᠬᠦ︾᠂ ︽ᠪᠢ ᠠᠵᠤ ᠠᠬᠤᠶᠢᠯᠠᠯ ᠳᠤ ᠠᠵᠢᠯᠴᠢᠨ ᠡᠯᠰᠡᠬᠦ︾ ᠶᠢ | ᠬᠠᠮᠵᠢᠯᠴᠠᠨ ᠠᠬᠢᠭᠤᠯᠵᠤ᠂ ︽ᠵᠠᠬᠢᠶᠠᠯᠠᠭ᠎ᠠ ᠶᠢᠨ ᠠᠩᠭᠢ︾ ︽ᠨᠠᠶᠢᠳᠠᠨ ᠬᠥᠮᠦᠵᠢᠭᠦᠯᠬᠦ ᠠᠩᠭᠢ︾ ᠶᠢᠨ ᠪᠣᠯᠪᠠᠰᠤᠷᠠᠯ | ᠤᠨ ᠵᠠᠭᠪᠤᠷ ᠢ ᠬᠠᠶᠢᠨ ᠰᠦᠪᠡᠭᠴᠢᠯᠡᠵᠦ᠂ ᠨᠠᠩ ᠣᠯᠠᠨ ᠣᠯᠠᠨ ᠲᠦᠮᠡᠨ ᠢ ︽ᠬᠡᠷ ᠤᠨ ᠡᠭᠦᠳᠡ︾ ᠳᠤ ᠪᠠᠨ ᠠᠵᠢᠯ | ᠣᠯᠭᠤᠯᠲᠠ ᠶᠢ ᠪᠡᠶᠡᠯᠡᠭᠦᠯᠦᠨ᠎ᠡ᠃ ︽ᠬᠤᠲᠠ ᠪᠠᠷ ᠬᠦᠳᠡᠭᠡ ᠶᠢ ᠳᠠᠶᠢᠴᠢᠯᠠᠬᠤ᠂ ᠠᠵᠤ ᠦᠢᠯᠡᠳᠪᠦᠷᠢ ᠪᠠᠷ | ᠲᠠᠷᠢᠶᠠᠯᠠᠩ ᠢ ᠨᠦᠬᠦᠪᠦᠷᠢᠯᠡᠬᠦ︾ ᠶᠢ ᠪᠠᠷᠢᠮᠲᠠᠯᠠᠵᠤ᠂ ᠬᠤᠲᠠ ᠬᠥᠳᠡᠭᠡ ᠶᠢ ᠠᠭᠤᠰᠤᠯᠴᠠᠭᠤᠯᠤᠨ ᠬᠠᠮᠲᠤᠪᠠᠷ | ᠪᠠᠶᠢᠭᠤᠯᠵᠤ ᠬᠠᠮᠲᠤᠪᠠᠷ ᠡᠳ᠋ᠯᠡᠬᠦ ᠠᠵᠢᠯᠯᠠᠭ᠎ᠠ ᠶᠢ ᠶᠡᠬᠡᠪᠡᠷ ᠬᠡᠷᠡᠭᠵᠢᠭᠦᠯᠵᠦ᠂ ︽ᠨᠢᠭᠡ ᠲᠥᠪ ᠭᠤᠷᠪᠠᠨ ᠴᠡᠭ︾ ᠤᠨ | ᠰᠢᠨ᠎ᠡ ᠪᠠᠶᠢᠷᠢᠰᠢᠯ ᠢ ᠪᠤᠢ ᠪᠣᠯᠭᠠᠨ᠎ᠠ᠃ ᠨᠡᠩ ᠤᠯᠠᠨ ᠤᠯᠤᠰ ᠤᠨ ᠴᠢᠬᠤᠯᠠ ᠶᠡᠭᠡ ᠠᠮᠢ ᠠᠬᠤᠢ ᠶᠢᠨ | ᠢᠨᠵᠧᠨᠧᠷᠢᠩ ᠤᠨ ᠲᠦᠷᠦᠯ ᠵᠦᠢᠯ ᠢ ᠨᠠᠶᠢᠳᠠᠪᠤᠷᠢᠵᠢᠭᠤᠯᠬᠤ ᠪᠠᠷ ᠴᠢᠷᠮᠠᠶᠢᠵᠤ᠂ ᠭᠤᠷᠪᠠᠨ ᠶᠡᠭᠡ ᠬᠠᠮᠠᠭᠠᠯᠠᠯᠲᠠ ᠶᠢᠨ | ᠳᠠᠶᠢᠯᠠᠯᠳᠤᠭᠠᠨ ᠢ ᠡᠷᠡᠰ ᠰᠠᠶᠢᠲᠤᠷ ᠬᠢᠨ᠎ᠡ᠃ | ᠡᠭᠦᠨ ᠠᠴᠠ ᠭᠠᠳᠠᠨ᠎ᠠ᠂ ᠭᠠᠢ ᠯᠢᠶᠠᠨ ᠢᠦᠢ ᠶᠢᠨ ᠦᠵᠡᠬᠦ ᠪᠠᠷ᠂ ᠠᠤᠭ᠎ᠠ ᠵᠢᠷᠤᠭ ᠲᠥᠯᠥᠪᠯᠡᠭᠡ ᠶᠢ | ᠪᠣᠳᠠᠲᠤ ᠠᠬᠤᠢ ᠪᠣᠯᠭᠠᠨ ᠬᠤᠪᠢᠷᠠᠭᠤᠯᠬᠤ ᠳᠤ ᠺᠠᠳ᠋ᠷᠴᠤᠳ ᠤᠨ ᠴᠤᠭ ᠰᠦᠯᠳᠡ ᠶᠢ ᠤᠯᠠᠮ ᠨᠢᠭᠡ ᠠᠯᠬᠤᠮ | ᠬᠥᠭᠵᠢᠭᠡᠬᠦ ᠴᠢᠬᠤᠯᠠᠲᠠᠢ᠂ ︽ᠪᠤᠢ ᠪᠣᠯᠭᠠᠬᠤ ᠳᠡᠭᠡᠭᠰᠢᠯᠡᠭᠦᠯᠬᠦ ᠴᠢᠷᠮᠠᠶᠢᠬᠤ︾ ᠶᠢ ᠪᠠᠶᠢᠩᠭᠤᠵᠢᠭᠤᠯᠬᠤ ᠬᠡᠷᠡᠭᠲᠡᠢ᠃ | ᠥᠭᠡᠷᠡᠴᠢᠯᠡᠯᠲᠡ ᠶᠢᠨ ᠵᠣᠷᠢᠭ ᠰᠠᠨᠠᠭ᠎ᠠ ᠪᠠ ᠴᠢᠩᠭ᠎ᠠ ᠪᠠᠷᠢᠮᠵᠢᠶ᠎ᠠ ᠪᠠᠷ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ | ᠠᠬᠢᠭᠤᠯᠬᠤ ᠶᠢ ᠪᠠᠷᠢᠮᠲᠠᠯᠠᠵᠤ᠂ ᠺᠠᠳ᠋ᠷ ᠤᠨ ᠡᠩᠨᠡᠭᠡᠨ ᠤ ︽ᠤᠳᠠᠭᠠᠨ᠂ ᠪᠦᠳᠦᠭᠦᠯᠢᠭ᠂ ᠬᠠᠭᠤᠷᠮᠠᠭ︾ ᠪᠠ ︽ | ᠲᠠᠪᠤᠨ ᠵᠠᠷᠴᠢᠮ︾ ᠤᠨ ᠠᠰᠠᠭᠤᠳᠠᠯ ᠢ ᠬᠦᠴᠦᠯᠡᠨ ᠰᠢᠢᠳᠪᠦᠷᠢᠯᠡᠬᠦ ᠬᠡᠷᠡᠭᠲᠡᠢ᠃ ᠭᠤᠣᠯᠳᠠᠯᠭ᠎ᠠ ᠲᠠᠢ | ᠥᠭᠡᠷᠡᠴᠢᠯᠡᠯᠲᠡ ᠶᠢᠨ ᠡᠭᠦᠷᠭᠡ ᠶᠢᠨ ︽ᠳᠥᠷᠪᠡᠨ ᠲᠠᠩᠰᠠ︾ ᠶᠢ ᠬᠡᠷᠡᠭᠵᠢᠭᠦᠯᠬᠦ ᠶᠢ ᠦᠷᠭᠦᠯᠵᠢᠯᠡᠨ ᠠᠬᠢᠭᠤᠯᠵᠤ᠂ ︽ | ᠬᠠᠮᠢᠶᠠᠷᠤᠯᠲᠠ ᠶᠢᠨ ᠵᠥᠪᠯᠡᠯ ᠤᠨ ᠺᠣᠮᠫᠠᠨᠢ︾᠂ ᠤᠯᠤᠰ ᠤᠨ ᠥᠮᠴᠢᠯᠡᠯ ᠤᠨ ᠠᠵᠤ ᠠᠬᠤᠶᠢᠯᠠᠯ ᠤᠨ | ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ ᠳᠡᠭᠡᠭᠰᠢᠯᠡᠭᠦᠯᠬᠦ ᠵᠡᠷᠭᠡ ᠨᠢᠭᠡ ᠪᠦᠯᠦᠭ ᠪᠡᠯᠭᠡ ᠲᠡᠮᠳᠡᠭ ᠤᠨ ᠴᠢᠨᠠᠷᠲᠠᠶ | ᠥᠭᠡᠷᠡᠴᠢᠯᠡᠯᠲᠡ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠤᠯᠬᠤ ᠶᠢ ᠠᠬᠢᠭᠤᠯᠤᠨ᠎ᠠ᠃ ︽ | ᠨᠢᠭᠡ ᠬᠥᠲᠥᠯᠪᠦᠷᠢ N ᠵᠦᠢᠯ︾ ᠤᠨ ᠳᠠᠭᠠᠭᠠᠴᠢᠯᠠᠨ ᠬᠤᠯᠪᠣᠭᠠᠯᠠᠬᠤ ᠬᠠᠷᠢᠭᠤᠴᠠᠯᠭ᠎ᠠ ᠶᠢᠨ ᠲᠣᠭᠲᠠᠯᠴᠠᠭ᠎ᠠ ᠶᠢ | ᠰᠢᠯᠢᠳᠡᠭᠵᠢᠭᠦᠯᠦᠨ ᠲᠡᠭᠦᠯᠳᠡᠷᠵᠢᠭᠦᠯᠵᠦ᠂ ᠡᠯᠭᠦᠭᠡ ᠬᠡᠷᠡᠮ ᠳᠤ ᠭᠠᠷᠬᠤ᠂ ᠡᠳᠦᠷ ᠰᠠᠷ᠎ᠠ ᠶᠢ ᠢᠯᠭᠠᠷᠠᠭᠤᠯᠤᠨ ᠳ᠋ᠦᠩᠨᠡᠬᠦ | ᠵᠡᠷᠭᠡ ᠠᠵᠢᠯ ᠤᠨ ᠠᠷᠭ᠎ᠠ ᠶᠢ ᠶᠡᠬᠡᠪᠡᠷ ᠬᠡᠷᠡᠭᠵᠢᠭᠦᠯᠵᠦ᠂ ᠰᠢᠢᠳᠪᠦᠷᠢᠲᠦ ᠪᠤᠳᠤᠯᠭ᠎ᠠ ᠲᠠᠢ᠂ ᠪᠠᠶᠢᠷᠢᠯᠠᠭᠤᠯᠤᠯᠲᠠ ᠲᠠᠢ᠂ | ᠪᠠᠶᠢᠴᠠᠭᠠᠯᠲᠠ ᠲᠠᠢ᠂ ᠨᠠᠶᠢᠳᠠᠪᠤᠷᠢᠵᠢᠭᠤᠯᠤᠯᠲᠠ ᠲᠠᠢ᠂ ᠬᠠᠷᠢᠭᠤ ᠲᠤᠰᠬᠠᠯ ᠲᠠᠢ ᠪᠢᠲᠡᠭᠦᠦ ᠴᠠᠭᠠᠷᠢᠭ ᠤᠨ | ᠬᠠᠮᠢᠶᠠᠷᠤᠯᠲᠠ ᠶᠢᠨ ᠠᠵᠢᠯᠯᠠᠭᠠᠨ ᠤ ᠲᠣᠭᠲᠠᠯᠴᠠᠭ᠎ᠠ ᠶᠢ ᠪᠦᠷᠢᠨᠰᠢᠬᠦᠯᠦᠨ ᠲᠡᠭᠦᠯᠳᠡᠷᠵᠢᠭᠦᠯᠵᠦ᠂ ᠡᠯ᠎ᠡ ᠵᠦᠢᠯ ᠤᠨ | ᠠᠵᠢᠯ ᠢ ︽ᠡᠴᠦᠰ ᠲᠤᠨᠢ ᠲᠤᠯᠲᠠᠯ᠎ᠠ ᠬᠢᠬᠦ︾ ᠶᠢ ᠠᠬᠢᠭᠤᠯᠬᠤ ᠬᠡᠷᠡᠭᠲᠡᠢ᠃ | ︽ᠵᠣᠷᠢᠭᠲᠠᠶ ᠪᠠᠷ ᠬᠠᠷᠢᠭᠤᠴᠠᠯᠭ᠎ᠠ ᠡᠭᠦᠷᠭᠡᠯᠡᠨ ᠴᠢᠳᠠᠮᠠᠭᠠᠶ ᠪᠠᠷ ᠵᠢᠳᠬᠦᠯ ᠴᠢᠷᠮᠠᠶᠢᠯᠭ᠎ᠠ ᠭᠠᠷᠭᠠᠵᠤ᠂ | ᠠᠵᠢᠯ ᠤᠨ ᠪᠣᠳᠠᠲᠤ ᠠᠮᠵᠢᠯᠲᠠ ᠪᠦᠲᠦᠮᠵᠢ ᠪᠠᠷ ᠲᠣᠪᠤᠶᠢᠮ᠎ᠠ ᠺᠠᠳ᠋ᠷ ᠢ ᠰᠣᠩᠭᠤᠨ ᠬᠡᠷᠡᠭᠯᠡᠵᠦ᠂ ᠬᠦᠴᠢᠷ ᠢ ᠲᠤᠭᠤᠯᠤᠨ | ᠪᠡᠷᠬᠡ ᠶᠢ ᠳᠠᠪᠠᠭ᠋ᠤ ᠵᠣᠷᠢᠭ ᠰᠠᠨᠠᠭ᠎ᠠ ᠶᠢ ᠤᠯᠠᠮ ᠨᠢᠭᠡ ᠠᠯᠬᠤᠮ ᠪᠣᠶ ᠪᠣᠯᠭᠠᠵᠤ᠂ ᠲᠡᠷᠢᠭᠦᠨ ᠤ ᠬᠢ ᠶᠢ ᠡᠭᠦᠳᠬᠦ ᠪᠠᠷ | ᠴᠢᠷᠮᠠᠶᠢᠬᠤ ᠵᠣᠷᠢᠭ ᠰᠠᠨᠠᠭ᠎ᠠ ᠶᠢ ᠪᠣᠶ ᠪᠣᠯᠭᠠᠵᠤ᠂ ᠪᠣᠳᠠᠲᠠᠶ ᠠᠵᠢᠯᠯᠠᠬᠤ ᠶᠢ ᠠᠳᠬᠤᠬᠤ ᠤᠳᠤᠷᠢᠳᠤᠮᠵᠢ ᠶᠢ ᠪᠣᠶ | ᠪᠣᠯᠭᠠᠵᠤ᠂ ᠠᠵᠢᠯ ᠢᠶᠠᠨ ᠬᠢᠵᠦ ᠪᠦᠲᠦᠭᠡᠬᠦ᠂ ᠠᠮᠵᠢᠯᠲᠠ ᠪᠦᠲᠦᠮᠵᠢ ᠠᠳᠠᠯᠢᠳᠬᠠᠬᠤ᠂ ᠬᠤᠪᠢ ᠨᠡᠮᠡᠷᠢ ᠦᠵᠡᠭᠦᠯᠬᠦ | ᠰᠠᠶᠢᠨ ᠰᠠᠶᠢᠬᠠᠨ ᠤᠯᠤᠰ ᠲᠥᠷᠥ ᠶᠢᠨ ᠠᠮᠢ ᠠᠬᠤᠶ ᠶᠢ ᠬᠦᠴᠦᠯᠡᠨ ᠪᠣᠶ ᠪᠣᠯᠭᠠᠵᠤ᠂ ᠴᠢᠨᠠᠷ ᠰᠠᠶᠢᠲᠠᠶ ᠬᠡᠯᠪᠡᠷᠢ ᠪᠠᠨ | ᠬᠤᠪᠢᠷᠠᠭᠤᠯᠤᠨ ᠬᠥᠭᠵᠢᠭᠦᠯᠬᠦ ᠬᠤᠰᠢᠭᠤᠴᠢ ᠣᠷᠣᠨ ᠤ ᠪᠥᠲᠥᠭᠡᠨ ᠪᠠᠶᠢᠭᠤᠯᠤᠯᠲᠠ ᠶᠢᠨ ᠰᠢᠨ᠎ᠡ ᠪᠠᠶᠢᠳᠠᠯ ᠢ | ᠲᠠᠰᠤᠷᠠᠯᠲᠠ ᠥᠬᠡᠶ ᠡᠭᠦᠳᠴᠦ᠂ ᠪᠤᠭᠤᠲᠤ ᠶᠢᠨ ᠪᠥᠬᠦ ᠤᠯᠤᠰ ᠤᠨ ᠵᠠᠭᠤᠨ ᠬᠦᠴᠦᠷᠬᠡᠭ ᠬᠤᠲᠠ ᠶᠢᠨ ᠳᠤᠮᠳᠠ | ᠲᠦᠪᠰᠢᠨ ᠳᠤ ᠳᠠᠪᠰᠢᠬᠤ ᠳᠤ ᠬᠦᠴᠦᠨ ᠴᠢᠳᠠᠯ ᠢᠶᠠᠨ ᠡᠷᠭᠦᠨ᠎ᠡ︾ ᠭᠡᠵᠦ ᠭᠠᠢ ᠯᠢᠶᠠᠨ ᠢᠤᠢ ᠬᠡᠯᠡᠪᠡ᠃ | |