| ᠡᠮᠡᠭᠡᠯ | ᠰ᠊᠂ ᠮᠥᠩᠬᠡᠪᠠᠶᠠᠷ | ᠡ᠊ᠮᠡᠭᠡᠯ ᠭᠡᠵᠦ ᠡᠷᠳᠡᠨᠢ ᠶᠢᠨ ᠡᠳ᠋ᠯᠡᠯ ᠠ᠋ | ᠢᠰᠡᠭᠡᠢ ᠲᠤᠭᠤᠷᠭᠠᠲᠠᠨ ᠤ ᠮᠠᠨᠢ ᠥᠪ ᠤᠬᠠᠭᠠᠨ | ᠬᠠᠩᠭᠠᠢ ᠶᠢᠨ ᠭᠡᠭᠡ ᠶᠢ ᠪᠦᠭᠦᠷᠭᠡᠨ ᠠᠴᠠ ᠪᠠᠨ ᠮᠠᠨᠳᠤᠭᠤᠯᠳᠠᠭ | ᠬᠠᠷᠢᠬᠤ ᠶᠢᠨ ᠲᠣᠯᠣᠩ ᠢ ᠴᠦ ᠪᠦᠭᠦᠷᠭᠡᠨ ᠳᠤ ᠪᠠᠨ ᠵᠢᠷᠭᠠᠭᠠᠳᠠᠭ | ᠨᠠᠷᠠ ᠰᠠᠷ᠎ᠠ ᠡᠭᠡᠯᠵᠢᠯᠡᠨ ᠨᠣᠶᠠᠨ ᠬᠢᠷ᠎ᠠ ᠳᠤ ᠨᠢ ᠡᠮᠵᠢᠶᠡᠷᠯᠡᠳᠡᠭ | ᠨᠣᠶᠠᠨ ᠰᠠᠷᠢᠳᠠᠭ ᠠᠭᠤᠯᠠᠰ ᠮᠡᠲᠦ ᠰᠦᠷᠯᠢᠭ ᠬᠡᠭᠡᠮᠰᠦᠭ ᠨᠢ ᠭᠠᠶᠢᠬᠠᠯᠲᠠᠢ | ᠵᠢᠢᠭᠰᠡᠨ ᠲᠠᠯ᠎ᠠ ᠪᠠᠨ ᠮᠣᠷᠢ ᠭᠡᠵᠦ ᠪᠣᠳᠣᠬᠤᠯᠠᠷ | ᠵᠢᠷᠪᠡᠯᠵᠡᠬᠦ ᠤᠰᠤ ᠪᠠᠨ ᠭᠦᠶᠦᠳᠡᠯ ᠨᠢ ᠭᠡᠵᠦ ᠪᠣᠳᠣᠮᠠᠷ | ᠵᠡᠷᠭᠡᠯᠳᠡᠭᠰᠡᠨ ᠠᠭᠤᠯᠠᠰ ᠢᠶᠠᠨ ᠡᠮᠡᠭᠡᠯ ᠭᠡᠵᠦ ᠪᠣᠳᠣᠬᠤᠯᠠᠷ | ᠵᠢᠭᠦᠷ ᠳᠡᠯᠡᠭᠰᠡᠨ ᠪᠦᠷᠭᠦᠳ ᠢ ᠨᠢ ᠥᠪᠡᠷ ᠢᠶᠠᠨ ᠭᠡᠵᠦ ᠪᠣᠳᠣᠮᠠᠷ | ᠠᠭᠤᠯᠠᠰ ᠳᠥᠷᠥᠭᠡᠯᠡᠭᠰᠡᠨ ᠮᠠᠨᠤᠰ ᠯᠡ ᠳᠡᠯᠡᠬᠡᠢ ᠶᠢᠨ ᠤᠬᠠᠭᠠᠨ ᠳᠤ ᠬᠦᠷᠳᠡᠭ | ᠤᠷᠭ᠎ᠠ ᠪᠠᠨ ᠲᠤᠯᠤᠭᠰᠠᠨ ᠤᠷ᠎ᠠ ᠯᠡ ᠲᠡᠭᠷᠢ ᠶᠢᠨ ᠵᠠᠢ ᠲᠡᠯᠡᠳᠡᠭ | ᠡᠮᠡᠭᠡᠯ ᠭᠡᠵᠦ ᠡᠷᠳᠡᠨᠢ ᠶᠢᠨ ᠡᠳ᠋ᠯᠡᠯ ᠠ᠋ | ᠢᠰᠡᠭᠡᠢ ᠲᠤᠭᠤᠷᠭᠠᠲᠠᠨ ᠤ ᠮᠢᠨᠢ ᠥᠪ ᠤᠬᠠᠭᠠᠨ | ᠰᠢᠯᠢ ᠶᠢᠨ ᠰᠠᠯᠬᠢ ᠶᠢ ᠳᠥᠷᠥᠭᠡᠨ ᠳᠤ ᠪᠠᠨ ᠢᠰᠬᠢᠷᠦᠭᠦᠯᠳᠡᠭ | ᠰᠢᠯᠢᠷᠡᠬᠦ ᠵᠤᠳ ᠢ ᠴᠦ ᠳᠥᠷᠥᠭᠡᠨ ᠳᠤ ᠪᠠᠨ ᠤᠶᠠᠰᠬᠠᠳᠠᠭ | ᠵᠦᠰᠡ ᠲᠤᠨᠤᠳᠠᠰᠤ ᠡᠭᠡᠯᠳᠦᠷᠬᠢᠯᠡᠨ ᠮᠡᠷᠭᠡᠨ ᠰᠡᠨᠵᠢᠨ ᠳᠤ ᠨᠢ ᠡᠷᠬᠡᠯᠡᠳᠡᠭ | ᠵᠦᠢᠷᠡᠢ ᠯᠣᠣ ᠪᠥᠵᠢᠬᠦ ᠮᠡᠲᠦ ᠵᠦᠡᠭ ᠪᠢᠯᠢᠭ ᠨᠢ ᠱᠠᠭᠰᠢᠯᠳᠠᠢ | ᠮᠠᠩᠨᠤᠭ ᠵᠣ ᠪᠠᠨ ᠮᠣᠷᠢ ᠭᠡᠵᠦ ᠪᠣᠳᠣᠬᠤᠯᠠᠷ | ᠮᠢᠷᠠᠯᠵᠠᠭᠰᠠᠨ ᠵᠡᠷᠭᠡᠯᠭᠡᠨ ᠢ ᠨᠢ ᠭᠦᠶᠦᠳᠡᠯ ᠭᠡᠵᠦ ᠪᠣᠳᠣᠮᠠᠷ | ᠠᠯᠠᠭ ᠲᠣᠯᠣᠭᠠᠳ ᠢᠶᠠᠨ ᠡᠮᠡᠭᠡᠯ ᠭᠡᠵᠦ ᠪᠣᠳᠣᠬᠤᠯᠠᠷ | ᠣᠷᠢᠶᠠᠭᠰᠠᠨ ᠡᠭᠦᠯᠡᠰ ᠢ ᠨᠢ ᠥᠪᠡᠷ ᠢᠶᠠᠨ ᠭᠡᠵᠦ ᠪᠣᠳᠣᠮᠠᠷ | ᠤᠯᠠᠷᠢᠯ ᠰᠡᠮᠡᠷᠡᠭᠦᠯᠦᠭᠰᠡᠨ ᠮᠠᠨᠤᠰ ᠯᠡ ᠭᠠᠵᠠᠷ ᠤᠨ ᠢᠪᠡᠭᠡᠯ ᠳᠤ ᠬᠦᠷᠳᠡᠭ | ᠡᠪᠡᠰᠦ ᠴᠡᠴᠡᠭ ᠤᠨ ᠢᠨᠢᠶᠡᠮᠰᠦᠭᠯᠡᠯ ᠯᠡ ᠳᠡᠯᠡᠬᠡᠢ ᠶᠢᠨ ᠵᠢᠰᠦ ᠴᠢᠮᠡᠳᠡᠭ | ᠡᠮᠡᠭᠡᠯ ᠭᠡᠵᠦ ᠡᠷᠳᠡᠨᠢ ᠶᠢᠨ ᠡᠳ᠋ᠯᠡᠯ ᠠ᠋ | ᠢᠰᠡᠭᠡᠢ ᠲᠤᠭᠤᠷᠭᠠᠲᠠᠨ ᠤ ᠮᠠᠨᠢ ᠥᠪ ᠤᠬᠠᠭᠠᠨ | ᠥᠰᠬᠦ ᠶᠢᠨ ᠨᠠᠰᠤ ᠶᠢ ᠭᠠᠨᠵᠤᠭ᠎ᠠ ᠪᠠᠷ ᠢᠶᠠᠨ ᠲᠠᠲᠠᠳᠠᠭ | ᠥᠭᠡᠳᠡᠯᠡᠬᠦ ᠶᠢᠨ ᠥᠪ ᠢ ᠴᠦ ᠭᠠᠨᠵᠤᠭ᠎ᠠ ᠪᠠᠷ ᠢᠶᠠᠨ ᠳᠠᠷᠤᠭᠤᠯᠳᠠᠭ | ᠡᠪᠡᠷ ᠨᠦᠬᠡ ᠪᠠᠷ ᠡᠷᠴᠢᠮᠳᠡᠨ ᠡᠷ᠎ᠡ ᠶᠢᠨ ᠰᠥᠰᠥ ᠬᠠᠳᠠᠭᠠᠳᠠᠭ | ᠡᠴᠢᠭᠡ ᠶᠢᠨ ᠠᠯᠠᠭᠠᠨ ᠠᠴᠠ ᠰᠤᠪᠤᠭᠰᠠᠨ ᠠᠮᠢᠳᠤ ᠭᠡᠷᠡᠯ ᠬᠡᠮᠡᠯᠲᠡᠢ | ᠪᠤᠷᠭᠠᠰᠤᠨ ᠰᠢᠯᠪᠢᠭᠦᠷ ᠣᠨᠣᠭᠰᠠᠨ ᠢᠶᠠᠨ ᠮᠣᠷᠢ ᠭᠡᠵᠦ ᠪᠣᠳᠣᠬᠤᠯᠠᠷ | ᠪᠣᠷᠣᠬᠠᠨ ᠠᠪᠤ ᠶᠢᠨ ᠢᠶᠠᠨ ᠲᠠᠰᠢᠭᠤᠷ ᠢ ᠭᠦᠶᠦᠳᠡᠯ ᠨᠢ ᠭᠡᠵᠦ ᠪᠣᠳᠣᠮᠠᠷ | ᠪᠣᠷᠣ ᠭᠡᠷ ᠤᠨ ᠢᠶᠠᠨ ᠬᠦᠰᠡᠯ ᠢ ᠡᠮᠡᠭᠡᠯ ᠭᠡᠵᠦ ᠪᠣᠳᠣᠬᠤᠯᠠᠷ | ᠪᠤᠭᠤᠷᠤᠯ ᠡᠵᠢ ᠶᠢᠨ ᠢᠶᠠᠨ ᠵᠠᠬᠢᠶ᠎ᠠ ᠶᠢ ᠥᠪᠡᠷ ᠢᠶᠠᠨ ᠭᠡᠵᠦ ᠪᠣᠳᠣᠮᠠᠷ | ᠤᠬᠠᠭᠠᠨᠲᠤ ᠳᠡᠭᠡᠳᠦᠰ ᠤᠨ ᠰᠤᠷᠭᠠᠯ ᠯᠡ ᠮᠠᠨᠤᠰ ᠤᠨ ᠤᠬᠠᠭᠠᠨ ᠳᠤ ᠬᠦᠷᠳᠡᠭ | ᠤᠳᠤᠮ ᠵᠠᠯᠭᠠᠬᠤ ᠶᠣᠰᠣ ᠯᠡ ᠥᠪᠡᠷ ᠢ ᠮᠢᠨᠢ ᠵᠠᠰᠠᠵᠤ ᠰᠢᠨᠡᠳᠬᠡᠳᠡᠭ | ᠡᠮᠡᠭᠡᠯ ᠭᠡᠵᠦ ᠡᠷᠳᠡᠨᠢ ᠶᠢᠨ ᠡᠳ᠋ᠯᠡᠯ ᠠ᠋ | ᠢᠰᠡᠭᠡᠢ ᠲᠤᠭᠤᠷᠭᠠᠲᠠᠨ ᠤ ᠮᠠᠨᠢ ᠥᠪ ᠤᠬᠠᠭᠠᠨ | ᠨᠢᠰᠬᠦ ᠶᠢᠨ ᠬᠦᠰᠡᠯ ᠢ ᠬᠠᠪᠴᠢᠭ ᠭᠥᠯᠢᠮ ᠢᠶᠠᠷ ᠢᠶᠠᠨ ᠲᠡᠪᠢᠭᠦᠯᠳᠡᠭ | ᠨᠢᠭᠦᠯᠡᠰᠦᠩᠭᠦᠢ ᠵᠢᠷᠤᠭ ᠢ ᠴᠦ ᠬᠠᠪᠴᠢᠭ ᠭᠥᠯᠢᠮ ᠳᠤ ᠪᠠᠨ ᠤᠷᠠᠯᠠᠳᠠᠭ | ᠤᠷᠠᠨ ᠭᠠᠷ ᠤᠨ ᠮᠣᠶᠢᠨᠤᠭ ᠬᠤᠷᠤᠭᠤᠳ ᠲᠤ ᠣᠳᠣᠳ ᠤᠨ ᠲᠥᠷᠬᠦ ᠲᠣᠪᠣᠷᠤᠤᠳᠠᠳᠠᠭ | ᠡᠯᠢᠭᠡᠨ ᠨᠠᠪᠴᠢᠨ ᠬᠠᠪᠴᠢᠭ ᠭᠥᠯᠢᠮ ᠳᠤ ᠬᠠᠶᠢᠷ᠎ᠠ ᠶᠢᠨ ᠣᠭᠲᠠᠷᠭᠤᠢ | ᠠᠮᠢᠰᠬᠤᠭᠠᠯᠳᠠᠢ ᠬᠡᠷᠡᠯᠳᠦ ᠣᠳᠣ ᠪᠠᠨ ᠮᠣᠷᠢ ᠭᠡᠵᠦ ᠪᠣᠳᠣᠬᠤᠯᠠᠷ | ᠭᠡᠨᠡᠳᠲᠡ ᠰᠣᠯᠢᠷᠰᠢᠬᠤ ᠶᠢ ᠨᠢ ᠭᠦᠶᠦᠳᠡᠯ ᠨᠢ ᠭᠡᠵᠦ ᠪᠣᠳᠣᠮᠠᠷ | ᠬᠥᠬᠡ ᠮᠥᠩᠬᠡ ᠲᠡᠭᠷᠢ ᠪᠠᠨ ᠡᠮᠡᠭᠡᠯ ᠭᠡᠵᠦ ᠪᠣᠳᠣᠬᠤᠯᠠᠷ | ᠬᠥᠮᠥᠨ ᠤ ᠰᠣᠳᠣᠨ ᠪᠠᠭᠠᠲᠤᠳ ᠢᠶᠠᠨ ᠥᠪᠡᠷ ᠢᠶᠠᠨ ᠭᠡᠵᠦ ᠪᠣᠳᠣᠮᠠᠷ | ᠠᠯᠳᠠᠨ ᠳᠡᠯᠡᠬᠡᠢ ᠶᠢ ᠬᠤᠮᠢᠵᠤ ᠬᠤᠷᠢᠶᠠᠬᠤ ᠤᠷᠠᠢ ᠠᠰᠢᠳᠠ ᠮᠠᠨᠤᠰ ᠤᠨ ᠯᠡ ᠭᠡᠭᠡᠨ ᠰᠣᠨᠣᠷ ᠲᠤ ᠰᠣᠨᠣᠰᠳᠠᠳᠠᠭ | ᠠᠳᠬᠤᠵᠤ ᠲᠠᠯᠪᠢᠬᠤ ᠡᠷᠡᠮᠡᠬᠡᠢ ᠵᠣᠷᠢᠭ ᠴᠦ ᠠᠶᠤᠤᠯᠢᠬᠠᠢ ᠳᠠᠬᠢ ᠵᠢᠷᠦᠬᠡ ᠲᠠᠢ ᠠᠳᠠᠯᠢᠬᠠᠨ ᠴᠣᠬᠢᠯᠳᠠᠭ | ᠡᠮᠡᠭᠡᠯ ᠭᠡᠵᠦ ᠡᠷᠳᠡᠨᠢ ᠶᠢᠨ ᠡᠳ᠋ᠯᠡᠯ ᠠ᠋ | ᠢᠰᠡᠭᠡᠢ ᠲᠤᠭᠤᠷᠭᠠᠲᠠᠨ ᠤ ᠥᠪ ᠮᠠᠨᠢ ᠥᠪ ᠤᠬᠠᠭᠠᠨ | ᠠᠶᠠᠨ ᠤ ᠬᠤᠯᠠ ᠶᠢ ᠠᠭᠰᠢᠭᠠᠵᠤ ᠣᠯᠣᠩ ᠵᠢᠷᠢᠮ ᠳᠤ ᠪᠠᠨ ᠴᠢᠩᠭᠠᠯᠠᠳᠠᠭ | ᠠᠵᠠ ᠶᠢᠨ ᠬᠡᠶᠢᠮᠣᠷᠢ ᠶᠢ ᠪᠡᠯᠭᠡᠰᠢᠶᠡᠵᠦ ᠭᠤᠷᠬᠢᠨ ᠬᠡᠯᠡ ᠪᠠᠷ ᠢᠶᠠᠨ ᠵᠢᠷᠭᠢᠳᠡᠭ | ᠵᠢᠰᠦ ᠵᠢᠰᠦᠮ ᠤᠨ ᠬᠢᠯᠭᠠᠰᠤᠨ ᠡᠪᠯᠡᠯ ᠳᠤ ᠠᠳᠤᠭᠤᠨ ᠵᠢᠪᠠᠷ ᠥᠨᠳᠡᠶᠢᠳᠡᠭ | ᠵᠥᠪ ᠪᠤᠷᠤᠭᠤ ᠪᠠᠷ ᠡᠷᠴᠢᠮᠳᠡᠬᠦ ᠶᠢᠨ ᠤᠬᠠᠭᠠᠨ ᠳᠤ ᠪᠦᠲᠦᠬᠦ ᠶᠢᠨ ᠶᠣᠰᠣᠨ ᠡᠭᠦᠰᠦᠯᠲᠡᠢ | ᠡᠳᠦᠷ ᠤᠨ ᠭᠡᠭᠡᠨ ᠢᠶᠠᠨ ᠮᠣᠷᠢ ᠭᠡᠵᠦ ᠪᠣᠳᠣᠬᠤᠯᠠᠷ | ᠤᠯᠠᠷᠢᠯ ᠢᠶᠠᠷ ᠲᠤᠶᠢᠯᠰᠢᠷᠠᠬᠤ ᠶᠢ ᠨᠢ ᠭᠦᠶᠦᠳᠡᠯ ᠭᠡᠵᠦ ᠪᠣᠳᠣᠮᠠᠷ | ᠦᠳᠡᠰᠢ ᠶᠢᠨ ᠬᠠᠷᠠᠩᠭᠤᠢ ᠶᠢ ᠨᠢ ᠡᠮᠡᠭᠡᠯ ᠭᠡᠵᠦ ᠪᠣᠳᠣᠬᠤᠯᠠᠷ | ᠬᠠᠷᠠᠩᠭᠤᠢ ᠶᠢᠨ ᠭᠡᠭᠡᠨ ᠢ ᠨᠢ ᠥᠪᠡᠷ ᠢᠶᠠᠨ ᠭᠡᠵᠦ ᠪᠣᠳᠣᠮᠠᠷ | ᠬᠢᠶᠠᠭ ᠤᠨ ᠦᠵᠦᠭᠦᠷ ᠲᠤ ᠳᠣᠭᠳᠣᠯᠬᠤ ᠣᠰᠣᠨ ᠤ ᠭᠡᠷᠡᠯ | ᠬᠦᠯᠦᠭ ᠤᠨ ᠲᠤᠭᠤᠷᠠᠢ ᠳᠤ ᠠᠰᠠᠳᠠᠭ | ᠬᠢᠶᠠᠨ ᠣᠪᠣᠭ ᠤᠨ ᠲᠡᠭᠷᠢ ᠬᠤᠷᠮᠣᠰᠳᠠ ᠶᠢᠨ ᠲᠠᠭᠠᠰᠢᠶᠠᠯ ᠳᠤ ᠬᠦᠷᠴᠦ | ᠡᠮᠡᠭᠡᠯ ᠳᠡᠭᠡᠷ᠎ᠡ ᠠᠴᠠ ᠭᠡᠭᠡᠷᠡᠳᠡᠭ | ᠡᠮᠡᠭᠡᠯ ᠭᠡᠵᠦ ᠡᠷᠳᠡᠨᠢ ᠶᠢᠨ ᠡᠳ᠋ᠯᠡᠯ ᠠ᠋ | ᠢᠰᠡᠭᠡᠢ ᠲᠤᠭᠤᠷᠭᠠᠲᠠᠨ ᠤ ᠮᠠᠨᠢ ᠥᠪ ᠤᠬᠠᠭᠠᠨ | |